ᠪᠤᠭᠤᠷᠤᠯ ᠨᠤᠲᠤᠭ -ᠰᠢᠯᠤᠭᠤᠨБуурал нутаг-Шулуун
ᠪᠤᠭᠤᠷᠤᠯ ᠨᠤᠲᠤᠭ
ᠦᠭᠡ᠄ ᠠ᠊ ᠫᠦᠷᠪᠤᠱ
ᠠᠶ᠎ᠠ᠄ ᠰᠦᠷᠯᠢᠭ
ᠳᠠᠭᠤᠴᠢᠨ᠄ ᠰᠢᠯᠤᠭᠤᠨ
ᠪᠣᠭᠳᠠ ᠬᠠᠢᠷᠬᠠᠨ ᠠᠭᠤᠯᠠᠨ ᠳ᠋ᠤ᠌ ᠨᠢ ᠠ᠋
ᠪᠤᠯᠠᠭ ᠱᠠᠩᠳᠠ ᠨᠢ ᠮᠡᠯᠮᠡᠷᠡᠭᠡ ᠤᠤ ᠳᠠ
ᠪᠣᠷᠣᠬᠠᠨ ᠵᠢᠷᠦᠬᠡᠨ ᠳ᠋ᠦ᠍ ᠮᠢᠨᠢ ᠰᠠᠨᠠᠭᠳᠠᠭᠠᠳ ᠪᠠᠢᠳᠠᠭ
ᠪᠤᠭᠤᠷᠤᠯ ᠨᠤᠲᠤᠭ ᠤ᠋ᠨ ᠬᠠᠪᠤᠷᠵᠢᠶ᠎ᠠ ᠤᠤ ᠳᠠ
ᠥᠷᠭᠡᠨ ᠬᠠᠩᠭᠠᠢ ᠶ᠋ᠢᠨ ᠡᠯᠢᠭᠡᠨ ᠳ᠋ᠦ᠍ ᠨᠢ
ᠥᠩᠭᠡ ᠴᠡᠴᠡᠭ ᠤᠷᠭᠤᠭ᠎ᠠ ᠤᠤ ᠳᠠ
ᠥᠷᠥᠴᠡ ᠴᠡᠭᠡᠵᠢᠨ ᠳ᠋ᠦ᠍ ᠮᠢᠨᠢ ᠳᠡᠯᠭᠡᠷᠡᠭᠡᠳ ᠪᠠᠢᠳᠠᠭ
ᠦᠷᠨᠢᠯᠳᠤ ᠨᠤᠲᠤᠭ ᠤ᠋ᠨ ᠮᠢᠨᠢ ᠵᠤᠰᠠᠯᠠᠩ ᠤᠤ ᠳᠠ
ᠥᠷᠥᠴᠡ ᠴᠡᠭᠡᠵᠢᠨ ᠳ᠋ᠦ᠍ ᠮᠢᠨᠢ ᠳᠡᠯᠭᠡᠷᠡᠭᠡᠳ ᠪᠠᠢᠳᠠᠭ
ᠦᠷᠨᠢᠯᠳᠤ ᠨᠤᠲᠤᠭ ᠤ᠋ᠨ ᠮᠢᠨᠢ ᠵᠤᠰᠠᠯᠠᠩ ᠤᠤ ᠳᠠ
ᠠᠷᠤ ᠰᠢᠯᠢ ᠶ᠋ᠢᠨ ᠳᠡᠨᠵᠢᠨ ᠳ᠋ᠦ᠍ ᠨᠢ
ᠠᠳᠤᠭᠤ ᠮᠠᠯ ᠨᠢ ᠠᠯᠠᠭᠯᠠᠭᠠ ᠤᠤ ᠳᠠ
ᠠᠮᠠᠷᠠᠭ ᠰᠡᠳᠬᠢᠯ ᠳ᠋ᠦ᠍ ᠮᠢᠨᠢ ᠪᠣᠳᠣᠭᠳᠠᠭᠠᠳ ᠪᠠᠢᠳᠠᠭ
ᠠᠯᠲᠠᠨ ᠨᠤᠲᠤᠭ ᠤ᠋ᠨ ᠨᠠᠮᠤᠷᠵᠢᠶ᠎ᠠ ᠤᠤ ᠳᠠ
ᠨᠠᠷᠠᠪᠴᠢᠠ ᠥᠨᠳᠥᠷ ᠣᠷᠭᠢᠯ ᠳ᠋ᠤ᠌ ᠨᠢ ᠠ᠋
ᠴᠠᠰᠤᠨ ᠯᠢᠩᠬᠤ᠎ᠠ ᠨᠥᠮᠥᠷᠢᠯᠡᠭᠡ ᠤᠤ ᠳᠠ
ᠴᠡᠪᠡᠷ ᠰᠡᠳᠬᠢᠯ ᠳ᠋ᠦ᠍ ᠮᠢᠨᠢ ᠠᠷᠢᠭᠤᠰᠤᠭᠠᠳ ᠪᠠᠢᠳᠠᠭ
ᠴᠡᠩᠭᠡᠯᠲᠦ ᠨᠤᠲᠤᠭ ᠤ᠋ᠨ ᠡᠪᠦᠯᠵᠢᠶ᠎ᠡ ᠤᠤ ᠳᠠ
ᠴᠡᠪᠡᠷ ᠰᠡᠳᠬᠢᠯ ᠳ᠋ᠦ᠍ ᠮᠢᠨᠢ ᠠᠷᠢᠭᠤᠰᠤᠭᠠᠳ ᠪᠠᠢᠳᠠᠭ
ᠴᠡᠩᠭᠡᠯᠲᠦ ᠨᠤᠲᠤᠭ ᠤ᠋ᠨ ᠡᠪᠦᠯᠵᠢᠶ᠎ᠡ ᠤᠤ ᠳᠠ
ᠴᠡᠩᠭᠡᠯᠲᠦ ᠨᠤᠲᠤᠭ ᠤ᠋ᠨ ᠡᠪᠦᠯᠵᠢᠶ᠎ᠡ ᠤᠤ ᠳᠠ
ᠦᠰᠦᠭ ᠠᠮᠢᠯᠠᠭᠤᠯᠤᠭᠴᠢ᠄ ᠴᠣᠭ᠍ᠪᠢᠯᠢᠭ᠌
ᠦᠰᠦᠭ ᠬᠠᠳᠠᠭᠴᠢ᠄ ᠴᠣᠭᠵᠢᠷᠭᠠᠯ
ᠦᠰᠦᠭ ᠬᠢᠨᠠᠭᠴᠢ᠄ ᠢᠷᠡᠭᠡᠳᠦᠢ
