ᠢᠲᠡᠭᠡᠯ ᠳᠡᠭᠡᠵᠢᠯᠡᠬᠦ ᠬᠠᠢᠷ᠎ᠠ - ᠪᠠᠶᠠᠨᠮᠡᠨᠳᠦ Итгэл дээжлэх хайр-Баянманд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯ ᠳᠡᠭᠡᠵᠢᠯᠡᠬᠦ ᠬᠠᠢᠷ᠎ᠠ - ᠪᠠᠶᠠᠨᠮᠡᠨᠳᠦ Итгэл дээжлэх хайр-Баянманд

ᠢᠲᠡᠭᠡᠯ ᠳᠡᠭᠡᠵᠢᠯᠡᠬᠦ ᠬᠠᠢᠷ᠎ᠠ - ᠪᠠᠶᠠᠨᠮᠡᠨᠳᠦ Итгэл дээжлэх хайр-Баянманд

ᠠᠩᠭᠢᠯᠠᠯ:ᠳᠠᠭᠤᠤ ᠬᠥᠭᠵᠢᠮ
2024-06-27

1357

ᠢᠲᠡᠭᠡᠯ ᠳᠡᠭᠡᠵᠢᠯᠡᠬᠦ ᠬᠠᠢᠷ᠎ᠠ

   ᠦᠭᠡ᠄ ᠷᠠᠰᠢ ᠶ᠋ᠢᠨ ᠴᠢᠯᠠᠭᠤ 
   ᠠᠶ᠎ᠠ᠄ ᠡᠷᠳᠡᠨᠢᠪᠣᠶᠠᠨ 
   ᠳᠠᠭᠤᠴᠢᠨ᠄ ᠪᠠᠶᠠᠨᠮᠡᠨᠳᠦ 
ᠬᠠᠷᠠᠴᠠ ᠬᠠᠷᠠᠴᠠᠨ ᠤ᠋ ᠪᠠᠨ ᠭᠡᠭᠡᠨ ᠳ᠋ᠦ᠍ ᠳᠣᠭᠳᠣᠯᠤᠭᠰᠠᠨ 
ᠬᠣᠶᠠᠷ ᠰᠡᠳᠬᠢᠯ ᠢ᠋ᠶ᠋ᠡᠨ ᠨᠢᠭᠡᠳᠬᠡᠬᠦ ᠰᠠᠨ ᠴᠢᠮ᠎ᠠ ᠲᠠᠢ ᠪᠠᠨ 
ᠪᠡᠶ᠎ᠡ ᠪᠡᠶ᠎ᠡ ᠪᠡᠨ ᠬᠥᠭᠯᠡᠨ ᠵᠢᠷᠭᠠᠬᠤ 
ᠬᠠᠢᠷ᠎ᠠ ᠶ᠋ᠢᠨ ᠲᠩᠷᠢ ᠳ᠋ᠡᠭᠡᠨ ᠰᠦᠰᠦᠭᠯᠡᠵᠦ ᠯᠡ ᠶᠠᠪᠤᠶ᠎ᠠ 
ᠬᠠᠯᠠᠭᠤᠬᠠᠨ ᠰᠡᠳᠬᠢᠯ ᠦ᠋ᠨ ᠭᠠᠯ ᠢ᠋ ᠠᠰᠠᠭᠠᠬᠤ 
ᠢᠲᠡᠭᠡᠯ ᠳᠡᠭᠡᠵᠢᠯᠡᠭᠰᠡᠨ ᠬᠠᠢᠷ᠎ᠠ ᠶᠤᠮ 
ᠠᠮᠢᠳᠤᠷᠠᠯ ᠲᠡᠳᠬᠦᠵᠦ ᠤᠴᠢᠷᠯᠠᠬᠤ 
ᠠᠮᠠᠷᠠᠭ ᠤ᠋ᠨ ᠲᠠᠪᠢᠯᠠᠩ ᠮᠢᠨᠢ 
ᠵᠦᠩ ᠰᠣᠪᠢᠩ ᠤ᠋ᠨ ᠠᠶᠠᠯᠭᠤᠨ ᠳ᠋ᠤ᠌ ᠳᠣᠭᠳᠣᠯᠤᠭᠰᠠᠨ
ᠵᠢᠷᠦᠬᠡᠨ ᠦ᠌ ᠦᠭᠡ ᠪᠡᠨ ᠬᠡᠯᠡᠭᠰᠡᠨ ᠴᠢᠮ᠎ᠠ ᠳ᠋ᠠᠭᠠᠨ
ᠲᠣᠷᠭᠠᠨ ᠵᠡᠭᠦᠳᠦᠨ ᠦ᠌ ᠤᠴᠠᠷᠠᠯ ᠪᠡᠶᠡᠯᠡᠬᠦ
ᠲᠩᠷᠢᠯᠢᠭ ᠵᠠᠶᠠᠭ᠎ᠠ ᠪᠠᠨ ᠳᠡᠭᠡᠳᠦᠯᠡᠵᠦ ᠶᠠᠪᠤᠶ᠎ᠠ
ᠬᠠᠯᠠᠭᠤᠬᠠᠨ ᠰᠡᠳᠬᠢᠯ ᠦ᠋ᠨ ᠭᠠᠯ ᠢ᠋ ᠠᠰᠠᠭᠠᠬᠤ
ᠢᠲᠡᠭᠡᠯ ᠳᠡᠭᠡᠵᠢᠯᠡᠭᠰᠡᠨ ᠬᠠᠢᠷ᠎ᠠ ᠶᠤᠮ
ᠠᠮᠢᠳᠤᠷᠠᠯ ᠲᠡᠳᠬᠦᠵᠦ ᠤᠴᠢᠷᠯᠠᠬᠤ
ᠠᠮᠠᠷᠠᠭ ᠤ᠋ᠨ ᠲᠠᠪᠢᠯᠠᠩ ᠮᠢᠨᠢ

ᠬᠤᠪᠢ ᠵᠠᠶᠠᠭᠠᠨ ᠤ᠋ ᠭᠡᠷᠡᠯ ᠳ᠋ᠦ᠍ ᠴᠢᠨᠢ ᠠᠭᠤᠰᠤᠨ᠎ᠠ
ᠬᠤᠪᠢᠷᠠᠰᠢ ᠦᠭᠡᠢ ᠦᠭᠡ ᠪᠡᠨ ᠬᠡᠯᠡᠭᠰᠡᠨ ᠴᠢᠮ᠎ᠠ ᠳ᠋ᠠᠭᠠᠨ
ᠵᠥᠩᠳᠡᠭᠡᠨ ᠬᠠᠮᠲᠤ ᠳ᠋ᠠᠭᠠᠨ ᠵᠢᠷᠭᠠᠬᠤ ᠰᠠᠨ ᠭᠡᠵᠦ
ᠵᠥᠩᠨᠡᠵᠦ ᠳᠠᠭᠠᠳᠬᠠᠯ᠎ᠠ ᠬᠠᠢᠷ᠎ᠠ ᠶ᠋ᠢᠨ ᠪᠤᠷᠬᠠᠨ ᠳ᠋ᠠᠭᠠᠨ
ᠬᠠᠯᠠᠭᠤᠬᠠᠨ ᠰᠡᠳᠬᠢᠯ ᠦ᠋ᠨ ᠭᠠᠯ ᠢ᠋ ᠠᠰᠠᠭᠠᠬᠤ
ᠢᠲᠡᠭᠡᠯ ᠳᠡᠭᠡᠵᠢᠯᠡᠭᠰᠡᠨ ᠬᠠᠢᠷ᠎ᠠ ᠶᠤᠮ
ᠠᠮᠢᠳᠤᠷᠠᠯ ᠲᠡᠳᠬᠦᠵᠦ ᠤᠴᠢᠷᠯᠠᠬᠤ
ᠠᠮᠠᠷᠠᠭ ᠤ᠋ᠨ ᠲᠠᠪᠢᠯᠠᠩ ᠮᠢᠨᠢ
ᠬᠠᠯᠠᠭᠤᠬᠠᠨ ᠰᠡᠳᠬᠢᠯ ᠦ᠋ᠨ ᠭᠠᠯ ᠢ᠋ ᠠᠰᠠᠭᠠᠬᠤ
ᠢᠲᠡᠭᠡᠯ ᠳᠡᠭᠡᠵᠢᠯᠡᠭᠰᠡᠨ ᠬᠠᠢᠷ᠎ᠠ ᠶᠤᠮ
ᠠᠮᠢᠳᠤᠷᠠᠯ ᠲᠡᠳᠬᠦᠵᠦ ᠤᠴᠢᠷᠯᠠᠬᠤ
ᠠᠮᠠᠷᠠᠭ ᠤ᠋ᠨ ᠲᠠᠪᠢᠯᠠᠩ ᠮᠢᠨᠢ
ᠠᠮᠢᠳᠤᠷᠠᠯ ᠲᠡᠳᠬᠦᠵᠦ ᠤᠴᠢᠷᠯᠠᠬᠤ
ᠠᠮᠠᠷᠠᠭ ᠤ᠋ᠨ ᠲᠠᠪᠢᠯᠠᠩ ᠮᠢᠨᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠳᠠᠭᠴᠢ᠄ ᠰᠣᠳᠣ
   ᠰᠢᠩᠭᠡᠬᠡᠨ ᠦᠢᠯᠡᠳᠦᠭᠴᠢ᠄ ᠰᠣᠳᠣ