ᠡᠬᠡ ᠣᠷᠣᠨ ᠳᠤ ᠪᠠᠨ-ᠪ᠂ ᠶᠠᠪᠤᠭᠤᠬᠤᠯᠠᠨЭх орондоо-Б.Явуухулан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠣᠷᠣᠨ ᠳᠤ ᠪᠠᠨ-ᠪ᠂ ᠶᠠᠪᠤᠭᠤᠬᠤᠯᠠᠨЭх орондоо-Б.Явуухулан

ᠡᠬᠡ ᠣᠷᠣᠨ ᠳᠤ ᠪᠠᠨ-ᠪ᠂ ᠶᠠᠪᠤᠭᠤᠬᠤᠯᠠᠨЭх орондоо-Б.Явуухулан

ᠠᠩᠭᠢᠯᠠᠯ:ᠳᠠᠭᠤᠤ ᠬᠥᠭᠵᠢᠮ
2024-06-25

817

ᠡᠬᠡ ᠣᠷᠣᠨ ᠳᠤ ᠪᠠᠨ

    ᠰᠢᠯᠦᠭ᠄ ᠪ᠂ ᠶᠠᠪᠤᠭᠤᠬᠤᠯᠠᠨ 
    ᠠᠶ᠎ᠠ᠄ ᠼ ∙ ᠴᠢᠯᠠᠭᠤᠨᠪᠠᠲᠤ 
ᠠᠯᠲᠠᠨ ᠳᠡᠯᠡᠬᠡᠢ ᠳ᠋ᠦ᠍ ᠠᠩᠬ᠎ᠠ ᠢᠷᠡᠭᠡᠳ 
ᠠᠯᠠᠭ᠎ᠠ ᠶ᠋ᠢᠨ ᠴᠢᠨᠡᠭᠡ ᠥᠯᠥᠭᠡᠢ ᠳ᠋ᠦ᠍ ᠪᠠᠭᠲᠠᠭᠠᠳ  
ᠠᠪᠤ ᠨᠡᠷ᠎ᠡ ᠶ᠋ᠢ ᠮᠢᠨᠢ ᠥᠭᠭᠦᠭᠡ ᠦᠭᠡᠢ ᠪᠠᠢᠬᠤ ᠳ᠋ᠤ᠌ 
ᠠᠢᠯᠠᠳᠤᠭ᠎ᠠ ᠳᠠᠭᠤ ᠮᠢᠨᠢ ᠬᠦᠷᠦᠭᠡ ᠦᠭᠡᠢ ᠪᠠᠢᠬᠤ ᠳ᠋ᠤ᠌ 
ᠰᠡᠪᠡᠯᠭᠡ ᠬᠠᠷᠠᠬᠠᠨ ᠰᠢᠩᠭᠡᠨ ᠳᠠᠭᠠᠬᠢ ᠶ᠋ᠢ ᠮᠢᠨᠢ 
ᠰᠡᠪᠡᠯᠵᠡᠬᠦ ᠰᠠᠯᠬᠢ ᠪᠠᠷ ᠢ᠋ᠶ᠋ᠠᠨ ᠬᠠᠲᠠᠭᠠᠵᠤ ᠥᠭᠭᠦᠭᠰᠡᠨ 
ᠥᠯᠥᠭᠡᠢ ᠨᠤᠲᠤᠭ᠂ ᠡᠬᠡ ᠣᠷᠣᠨ ᠴᠢᠮ᠎ᠠ ᠳ᠋ᠤ᠌ ᠪᠠᠨ 
ᠦᠷᠦ ᠵᠢᠷᠦᠬᠡ᠂ ᠦᠨᠡᠨ ᠭᠣᠣᠯ ᠠ᠋ᠴᠠ ᠪᠠᠨ ᠪᠢ ᠬᠠᠢᠷᠠᠲᠠᠢ᠃ 

ᠥᠰᠬᠦ ᠪᠡᠶ᠎ᠡ ᠡᠷ᠎ᠡ ᠶ᠋ᠢᠨ ᠴᠡᠭᠡᠨ ᠳ᠋ᠦ᠍ ᠬᠦᠷᠦᠭᠡᠳ
ᠡᠷᠦᠬᠡ ᠭᠡᠷ ᠦ᠋ᠨ ᠠᠮᠢᠳᠤᠷᠠᠯ ᠲᠣᠯᠣᠭᠠᠢᠯᠠᠭᠠᠳ
ᠥᠷᠥᠭᠡ ᠥᠰᠬᠡᠬᠦ ᠭᠡᠵᠦ ᠮᠡᠷᠡᠢᠵᠦ ᠪᠠᠢᠬᠤ ᠳ᠋ᠤ᠌
ᠦᠢᠯᠡᠰ ᠢ᠋ᠶ᠋ᠡᠨ ᠳᠡᠪᠵᠢᠭᠡᠬᠦ ᠭᠡᠵᠦ ᠴᠢᠷᠮᠠᠢᠵᠤ ᠶᠠᠪᠤᠬᠤ ᠳ᠋ᠤ᠌
ᠮᠠᠩᠨᠠᠢ ᠬᠠᠭᠠᠷᠠᠲᠠᠯ᠎ᠠ ᠪᠠᠨ ᠲᠠᠩᠳᠠ ᠪᠠᠶᠠᠷᠯᠠᠭᠤᠯᠵᠤ
ᠲᠠᠩᠨᠠᠢ ᠥᠭᠡᠬᠦᠯᠡᠲᠡᠯ᠎ᠡ ᠵᠢᠷᠭᠠᠯ ᠡᠳ᠋ᠯᠡᠭᠦᠯᠦᠭᠰᠡᠨ
ᠥᠯᠥᠭᠡᠢ ᠨᠤᠲᠤᠭ᠂ ᠡᠬᠡ ᠣᠷᠣᠨ ᠴᠢᠮ᠎ᠠ ᠳ᠋ᠤ᠌ ᠪᠠᠨ
ᠦᠷᠦ ᠵᠢᠷᠦᠬᠡ᠂ ᠦᠨᠡᠨ ᠭᠣᠣᠯ ᠠ᠋ᠴᠠ ᠪᠠᠨ ᠪᠢ ᠬᠠᠢᠷᠠᠲᠠᠢ᠃

ᠴᠠᠰᠤᠲᠤ ᠠᠭᠤᠯᠠ ᠰᠢᠭ᠋ ᠲᠡᠷᠢᠭᠦᠨ ᠮᠢᠨᠢ ᠴᠠᠢᠭᠠᠳ
ᠴᠠᠭ ᠤ᠋ᠨ ᠡᠷᠭᠢᠯᠲᠡᠨ ᠳ᠋ᠦ᠍ ᠲᠡᠩᠬᠡᠯ ᠮᠢᠨᠢ ᠰᠤᠯᠠᠳᠠᠭᠠᠳ  
ᠡᠭᠡᠯᠵᠢᠲᠦ ᠬᠣᠷᠸ᠎ᠠ ᠶ᠋ᠢᠨ ᠵᠢᠮ᠎ᠡ ᠢᠷᠡᠬᠦ ᠳ᠋ᠦ᠍
ᠡᠬᠢᠯᠡᠭᠰᠡᠨ ᠳᠠᠭᠤᠤ  ᠪᠠᠨ ᠳᠠᠭᠤᠰᠬᠠᠯ ᠦᠭᠡᠢ ᠣᠷᠬᠢᠬᠤ ᠳ᠋ᠤ᠌
ᠠᠯᠲᠠ ᠪᠡᠶ᠎ᠡ ᠶ᠋ᠢ ᠮᠢᠨᠢ ᠬᠦᠷᠦᠭᠰᠡᠨ ᠭᠡᠯ ᠦᠭᠡᠢ
ᠠᠯᠲᠠᠨ ᠬᠡᠪᠡᠯᠢ ᠳ᠋ᠦ᠍ ᠪᠡᠨ ᠰᠢᠩᠭᠡᠭᠡᠨ ᠠᠪᠬᠤ
ᠥᠯᠥᠭᠡᠢ ᠨᠤᠲᠤᠭ ᠡᠬᠡ ᠣᠷᠣᠨ ᠴᠢᠮ᠎ᠠ ᠳ᠋ᠤ᠌ ᠪᠠᠨ
ᠦᠷᠦ ᠵᠢᠷᠦᠬᠡ᠂ ᠦᠨᠡᠨ ᠭᠣᠣᠯ ᠠ᠋ᠴᠠ ᠪᠠᠨ ᠪᠢ ᠬᠠᠢᠷᠠᠲᠠᠢ᠃
Эх орондоо
    Шүлэг: Б.Явуухулан
    Ая: Ц.Чулуунбат
Алтан дэлхийд анх ирээд
Алгын чинээ өлгийд багтаад
Аав нэрийг минь өгөөгүй байхад
Айлдаа дуу минь хүрээгүй байхад
Сэвлэг хархан шингэн даахийг минь
Сэвэлзэх салхиараа хатааж өгсөн
Өлгий нутаг, эх орон чамдаа
Өр зүрх, үнэн голоосоо би хайртай.

Өсөх бие эрийн цээнд хүрээд
Өрх гэрийн амьдрал толгойлоод
Үрээ өсгөх гэж мэрийж байхад
Үйлсээ дэвжээх гэж чармайж явахад
Магнай хагартлаа дандаа баярлуулж
Тагнай өөхөлтөл жаргал эдлүүлсэн
Өлгий нутаг, эх орон чамдаа
Өр зүрх, үнэн голоосоо би хайртай.

Цаст уул шиг тэргүүн минь цайгаад
Цагийн эргэлтэнд тэнхэл минь сульдаад
Ээлжит хорвоогийн жам ирэхэд
Эхэлсэн дуугаа дуусгалгүй орхиход
Алд биеийг минь хөрсөн гэлгүй
Алтан хэвлийдээ шингээн авах
Өлгий нутаг эх орон чамдаа
Өр зүрх, үнэн голоосоо би хайртай.

https://aygatsai.com/category/mn-culture/


    ᠦᠰᠦᠭ ᠬᠥᠷᠪᠡᠭᠦᠯᠦᠭᠴᠢ᠄ ᠨᠤᠮᠤᠴᠢᠨ ᠪᠢᠯᠢᠭ 
    ᠬᠢᠨᠠᠭᠴᠢ᠄ ᠭᠠᠷᠮ᠎ᠠ