ᠤᠶᠠᠩᠭ᠎ᠠ ᠶ᠋ᠢᠨ ᠴᠡᠩᠬᠡᠷ ᠡᠬᠡᠰᠢᠭ-ᠡᠭᠦᠯᠡᠩᠬᠤᠸᠠᠷ᠂ ᠪᠠᠶᠠᠨᠪᠤᠯᠠᠭУянгын цэнхэр эгшиг-Үүлнхувр,Баянбулаг
ᠤᠶᠠᠩᠭ᠎ᠠ ᠶ᠋ᠢᠨ ᠴᠡᠩᠬᠡᠷ ᠡᠬᠡᠰᠢᠭ
ᠦᠭᠡ᠄ ᠷᠡ᠊᠂ ᠴᠢᠯᠠᠭᠤ
ᠠᠶ᠎ᠠ᠄ ᠯ᠂ ᠵᠣᠷᠢᠬᠪᠠᠭᠠᠲᠤᠷ
ᠳᠠᠭᠤᠴᠢᠨ᠄ ᠡᠭᠦᠯᠡᠩᠬᠤᠸᠠᠷ᠂ ᠪᠠᠶᠠᠨᠪᠤᠯᠠᠭ
ᠤᠶᠠᠩᠭ᠎ᠠ ᠶ᠋ᠢᠨ ᠴᠡᠩᠬᠡᠷ ᠡᠬᠡᠰᠢᠭ ᠲᠦ᠍
ᠤᠢᠳᠬᠠᠷ ᠭᠤᠨᠢᠭ ᠰᠡᠮᠡᠷᠡᠨ᠎ᠡ ᠳᠡ ᠬᠦ
ᠤᠰᠤᠨ ᠤ᠋ ᠮᠥᠯᠢᠬᠡᠷ ᠳᠣᠯᠭᠢᠶᠠᠨ ᠳ᠋ᠤ᠌ ᠬᠦ
ᠤᠨᠢᠶᠠᠷ ᠪᠤᠳᠠᠩ ᠲᠠᠲᠠᠨ᠎ᠠ ᠳᠠ ᠬᠦ
ᠠᠢ ᠳᠠ ᠬᠥᠭᠡᠷᠦᠬᠦᠢ
ᠰᠠᠢᠬᠠᠨ ᠬᠣᠩᠭᠣᠷ ᠴᠢᠮ᠎ᠠ ᠶ᠋ᠢ ᠪᠡᠨ
ᠰᠠᠨᠠᠨ ᠰᠠᠨᠠᠨ ᠳᠤᠷᠠᠰᠤᠨ᠎ᠠ ᠰᠢᠦ ᠳᠡ
ᠬᠥᠬᠡᠮᠳᠦᠭ ᠠᠭᠤᠯᠠᠨ ᠤ᠋ ᠣᠷᠣᠢ ᠪᠠᠷ
ᠬᠥᠪᠥᠩ ᠡᠭᠦᠯᠡᠰ ᠡᠪᠬᠡᠷᠡᠨᠡ ᠳᠡ ᠬᠦ
ᠬᠥᠮᠦᠨ ᠦ᠌ ᠨᠤᠲᠤᠭ ᠤ᠋ᠨ ᠬᠢᠵᠠᠭᠠᠷ ᠠ᠋ᠴᠠ
ᠬᠦᠰᠡᠯ ᠦ᠋ᠨ ᠬᠦᠯᠦᠭ ᠮᠢᠨᠢ ᠲᠡᠮᠡᠦᠯᠦᠨ᠎ᠡ ᠳᠡ ᠬᠦ
ᠠᠢ ᠳᠠ ᠬᠥᠭᠡᠷᠦᠬᠦᠢ ᠰᠠᠢᠬᠠᠨ ᠬᠣᠩᠭᠣᠷ ᠴᠢᠮ᠎ᠠ ᠶ᠋ᠢ ᠪᠡᠨ
ᠰᠠᠨᠠᠨ ᠰᠠᠨᠠᠨ ᠪᠠᠷᠠᠯᠠᠨ᠎ᠠ ᠰᠢᠦ ᠳᠡ
ᠰᠡᠪᠡᠯᠭᠡ ᠢᠯᠪᠢᠨ ᠦᠨᠦᠰᠬᠦ ᠴᠢᠨᠢ
ᠰᠡᠪᠡᠯᠵᠡᠬᠦ ᠰᠠᠯᠬᠢᠨ ᠨᠢ ᠤᠶᠠᠷᠠᠭᠤᠬᠠᠨ ᠳᠠ ᠬᠦ
ᠰᠡᠳᠬᠢᠯ ᠡᠮᠵᠡᠭᠯᠡᠨ ᠬᠣᠨᠣᠭᠰᠢᠬᠤ ᠴᠢᠨᠢ
ᠰᠡᠷᠭᠦᠯᠡᠩ ᠠᠮᠠᠷᠠᠭ ᠮᠢᠨᠢ ᠬᠠᠯᠠᠭᠤᠬᠠᠨ ᠳᠠ ᠬᠦ
ᠠᠢ ᠳᠠ ᠬᠥᠭᠡᠷᠦᠬᠦᠢ
ᠰᠠᠢᠬᠠᠨ ᠬᠣᠩᠭᠣᠷ ᠴᠢᠮ᠎ᠠ ᠶ᠋ᠢ ᠪᠡᠨ
ᠰᠠᠨᠠᠨ ᠰᠠᠨᠠᠨ ᠮᠥᠷᠥᠭᠡᠳᠦᠨ᠎ᠡ ᠰᠢᠦ ᠳᠡ
ᠠᠢ ᠳᠠ ᠬᠥᠭᠡᠷᠦᠬᠦᠢ
ᠰᠠᠢᠬᠠᠨ ᠬᠣᠩᠭᠣᠷ ᠴᠢᠮ᠎ᠠ ᠶ᠋ᠢ ᠪᠡᠨ
ᠰᠠᠨᠠᠨ ᠰᠠᠨᠠᠨ ᠳᠤᠷᠠᠰᠤᠨ᠎ᠠ ᠰᠢᠦ ᠳᠡ
ᠰᠠᠨᠠᠨ ᠰᠠᠨᠠᠨ ᠳᠤᠷᠠᠰᠤᠨ᠎ᠠ ᠰᠢᠦ ᠳᠡ
ᠦᠰᠦᠭ ᠠᠮᠢᠯᠠᠭᠤᠯᠤᠭᠰᠠᠨ ᠨᠢ᠄ ᠰᠣᠳᠣ
ᠦᠰᠦᠭ ᠬᠠᠲᠠᠭᠰᠠᠨ ᠨᠢ᠄ ᠰᠣᠳᠣ
ᠬᠢᠨᠠᠭᠴᠢ᠄ ᠣᠳᠬᠠᠨᠰᠸ᠎ᠠ
