ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠬᠣᠶᠠᠷ) Сэрүүхэн тал нутаг – <свис> Вальтер Босгард ( Walter Bosshard)- Нэгдүгээр бүлэг・Анхны аялал (2)
ᠨᠢᠭᠡᠳᠦᠭᠡᠷ ᠪᠦᠯᠦᠭ᠂ᠠᠩᠬᠠᠨ ᠤ ᠠᠶᠠᠯᠠᠯ
ᠬᠣᠶᠠᠷ᠂ ᠴᠢᠭᠤᠯᠤᠯᠲᠤ ᠬᠠᠭᠠᠯᠭ᠎ᠠ – ᠰᠥᠨᠥᠵᠦ ᠪᠠᠢᠭ᠎ᠠ ᠲᠡᠮᠡᠭᠡᠨ ᠵᠢᠩ ᠦᠨ ᠬᠣᠲᠠ
— ᠴᠠᠭ ᠮᠠᠭᠤᠳᠠᠵᠠᠢ ! ᠭᠡᠵᠦ ᠬᠢᠵᠢᠶᠡᠯ ᠨᠠᠰᠤᠨ ᠤ᠋ ᠨᠢᠭᠡ ᠬᠢᠲᠠᠳ ᠡᠪᠦᠭᠡᠨ ᠬᠦᠷᠢᠶᠡᠨ ᠳ᠋ᠡᠭᠡᠨ ᠨᠣᠣᠰᠣᠨ ᠤᠲᠠᠰᠤ ᠡᠭᠡᠷᠡᠬᠦ ᠶ᠋ᠢᠨ ᠳᠠᠭᠠᠤ ᠵᠣᠪᠠᠯᠠᠩ ᠢ᠋ᠶ᠋ᠠᠨ ᠲᠣᠭᠠᠯᠠᠨ᠎ᠠ᠃
— ᠭᠤᠴᠢᠨ ᠵᠢᠯ ᠦ᠋ᠨ ᠡᠮᠦᠨ᠎ᠡ ᠡᠨᠳᠡ ᠡᠳᠦᠷ ᠪᠣᠯᠭᠠᠨ ᠬᠣᠶᠠᠷ ᠵᠠᠭᠤ ᠭᠠᠷᠤᠢ ᠮᠣᠷᠢ ᠲᠠᠬᠠᠯᠠᠭᠤᠯᠬᠤ ᠪᠠᠷ ᠬᠦᠯᠢᠶᠡᠵᠦ ᠪᠠᠢᠳᠠᠭ᠃ ᠭᠡᠬᠦ ᠳ᠋ᠦ᠍ ᠣᠳᠣ ? ᠭᠤᠷᠪᠠᠨ ᠵᠢᠯ ᠦ᠋ᠨ ᠲᠤᠷᠰᠢ ᠪᠠᠷᠤᠭ ᠭᠠᠭᠴᠠ ᠲᠡᠮᠡᠭᠡ᠂ ᠨᠢᠭᠡ ᠮᠣᠷᠢ ᠴᠤ᠌ ᠡᠨᠡ ᠬᠠᠭᠠᠯᠭ᠎ᠠ ᠪᠠᠷ ᠭᠠᠷᠤᠭᠰᠠᠨ ᠦᠭᠡᠢ᠃ ᠡᠷᠲᠡ ᠳ᠋ᠡᠭᠡᠨ ᠪᠣᠯ ᠪᠦᠬᠦ ᠳᠣᠲᠣᠭᠠᠳᠤ ᠠᠽᠢᠶ᠎ᠠ ᠶ᠋ᠢᠨ ᠨᠣᠣᠰᠣ ᠨᠣᠣᠯᠣᠭᠤᠷ᠂ ᠠᠷᠠᠰᠤ ᠰᠢᠷᠢ᠂ ᠭᠡᠳᠡᠰᠦ ᠳᠣᠲᠣᠷ᠂ ᠪᠤᠭᠤ ᠶ᠋ᠢᠨ ᠡᠪᠡᠷ ᠵᠡᠷᠭᠡ ᠠᠴᠢᠶ᠎ᠠ ᠶ᠋ᠢ ᠡᠪᠦᠯ ᠳ᠋ᠡᠭᠡᠨ ᠬᠦᠷᠭᠡᠨ ᠢᠷᠡᠳᠡᠭ ᠲᠡᠮᠡᠭᠡ ᠠᠳᠤᠭᠤ ᠲᠦᠮᠡ ᠶ᠋ᠢᠨ ᠲᠣᠭ᠎ᠠ ᠶ᠋ᠢ ᠳᠠᠪᠠᠳᠠᠭ ᠰᠢᠦ ! ᠠᠩᠬᠠᠨ ᠤ᠋ ᠲᠡᠮᠡᠭᠡᠨ ᠵᠢᠩ ᠵᠡᠭᠡᠯᠢ ᠪᠡᠷ ᠣᠷᠣᠵᠤ ᠢᠷᠡᠬᠦ ᠪᠣᠯ ᠶᠣᠰᠣᠲᠠᠢ ᠰᠡᠳᠬᠢᠯ ᠢ᠋ ᠬᠥᠳᠡᠯᠭᠡᠮ᠎ᠡ ᠡᠳᠦᠷ ᠪᠠᠢᠳᠠᠭ ᠰᠠᠨ᠃ ᠶᠡᠬᠡ ᠡᠷᠲᠡ ᠳ᠋ᠡᠭᠡᠨ ᠧᠦ᠋ᠷᠣᠫᠠ ᠪᠣᠯᠤᠨ ᠠᠮᠧᠷᠢᠺᠠ ᠶ᠋ᠢᠨ ᠬᠤᠳᠠᠯᠳᠤᠨ ᠠᠪᠤᠭᠴᠢᠳ ᠢᠷᠡᠳᠡᠭ ᠪᠠᠢᠭᠰᠠᠨ ᠶᠤᠮ᠃ ᠲᠡᠳᠡ ᠰᠡᠯᠡᠭᠦᠦ ᠴᠠᠭ ᠲᠠᠭᠠᠨ ᠨᠠᠭᠠᠳᠤᠨ ᠴᠡᠩᠭᠡᠵᠦ᠂ ᠠᠷᠢᠬᠢᠳᠠᠨ᠂ ᠬᠥᠯᠴᠥᠭᠦᠷᠡᠵᠦ ᠴᠠᠭ ᠢ᠋ᠶ᠋ᠠᠨ ᠨᠥᠭᠴᠢᠭᠡᠳᠡᠭ ᠪᠠᠢᠭᠰᠠᠨ ᠢ᠋ᠶ᠋ᠠᠨ ᠵᠡᠭᠡᠯᠢ ᠳᠡᠭᠡᠷ᠎ᠡ ᠲᠡᠮᠡᠭᠡᠨ ᠵᠢᠩ ᠦ᠋ᠨ ᠬᠣᠩᠬᠣ ᠳᠤᠤᠭᠠᠷᠬᠤ ᠲᠠᠢ ᠵᠡᠷᠭᠡ ᠳᠣᠣᠷ᠎ᠠ ᠪᠠᠨ ᠠᠷᠢᠬᠢᠨ ᠠ᠋ᠴᠠ ᠪᠠᠨ ᠰᠡᠷᠭᠦᠵᠦ᠂ ᠠᠵᠢᠯ ᠳ᠋ᠠᠭᠠᠨ ᠱᠠᠯᠠᠮᠠᠭᠠᠢᠯᠠᠨ ᠣᠷᠣᠵᠤ᠂ ᠬᠡᠴᠢᠨᠡᠭᠡᠨ ᠬᠣᠨᠣᠭ ᠢ᠋ᠶ᠋ᠠᠷ ᠠᠶᠠᠯᠠᠵᠤ᠂ ᠲᠡᠮᠡᠭᠡᠨ ᠵᠢᠩ ᠦ᠋ᠨ ᠠᠴᠢᠶ᠎ᠠ ᠪᠠᠨ ᠥᠨᠳᠥᠷ ᠦᠨ᠎ᠡ ᠳ᠋ᠦ᠍ ᠬᠦᠷᠭᠡᠬᠦ ᠭᠡᠵᠦ ᠢᠷᠡᠭᠰᠡᠨ ᠮᠣᠩᠭᠣᠯ ᠤ᠋ᠨ ᠠᠷᠠᠯᠵᠢᠶᠠᠴᠢᠳ ᠲᠠᠢ ᠦᠨ᠎ᠡ ᠬᠠᠶᠠᠯᠴᠠᠨ ᠠᠷᠠᠯᠵᠢᠳᠠᠭ ᠪᠠᠢᠭᠰᠠᠨ ᠳᠠ᠃
ᠲᠡᠷᠡ ᠡᠪᠦᠭᠡᠨ ᠪᠠᠬᠠᠨ ᠵᠣᠭᠰᠣᠰᠬᠢᠵᠦ᠂ ᠳᠡᠭᠡᠭᠰᠢ ᠪᠡᠨ ᠲᠡᠭᠷᠢ ᠥᠭᠡᠳᠡ ᠬᠠᠷᠠᠨ ᠭᠥᠯᠢᠷᠡᠵᠦ ᠪᠠᠢᠭᠰᠠᠨ ᠢ᠋ᠶ᠋ᠠᠨ 《ᠲᠡᠢᠮᠦ ᠰᠢᠦ !》 ᠭᠡᠳ ᠳᠠᠷᠠᠭ᠎ᠠ ᠨᠢ ᠤᠷᠲᠤ ᠰᠠᠨᠠᠭ᠎ᠠ ᠠᠯᠳᠠᠭᠠᠳ :
— ᠲᠡᠷᠡ ᠴᠦ᠍ ᠣᠨᠳᠣᠣ ᠴᠠᠭ ᠪᠠᠢᠵᠠᠢ ! ᠲᠡᠭᠦᠨ ᠦ᠌ ᠳᠣᠲᠣᠷ᠎ᠠ ᠂᠂᠂᠂ ᠭᠡᠵᠦ ᠬᠣᠭᠣᠰᠣᠨ ᠣᠩᠭᠣᠢᠭᠰᠠᠨ ᠰᠠᠩ ᠬᠥᠮᠥᠷᠭᠡ ᠶ᠋ᠢ ᠵᠢᠭᠠᠭᠠᠳ :
— ᠪᠦᠷ ᠴᠠᠢ᠂ ᠲᠣᠷᠭ᠎ᠠ ᠪᠥᠰ ᠪᠣᠯᠤᠨ ᠭᠤᠲᠤᠯ ᠵᠡᠷᠭᠡ ᠪᠠᠷᠠᠭ᠎ᠠ ᠶ᠋ᠢ ᠲᠡᠮᠡᠭᠡᠨ ᠵᠢᠩ ᠦ᠋ᠨ ᠪᠤᠴᠠᠯᠭᠠᠨ ᠳ᠋ᠤᠨᠢ ᠠᠴᠢᠶᠠᠯᠠᠬᠤ ᠪᠠᠷ ᠬᠠᠢᠷᠴᠠᠭ ᠪᠤᠶᠤ ᠰᠤᠮᠠᠯ ᠳ᠋ᠤ᠌ ᠰᠠᠪᠠᠯᠠᠨ ᠪᠡᠯᠡᠬᠡᠨ ᠣᠪᠣᠭᠠᠯᠠᠭᠰᠠᠨ ᠪᠠᠢᠳᠠᠭ᠃ ᠢᠩᠭᠢᠭᠡᠳ ᠯᠡ ᠲᠡᠮᠡᠭᠡᠨ ᠵᠢᠩ ᠡᠨᠳᠡ ᠡᠴᠡ ᠳᠠᠭᠤ ᠱᠣᠣ ᠲᠠᠢ ᠬᠥᠳᠡᠯᠦᠨ ᠬᠣᠢᠰᠢ ᠪᠠᠨ ᠳᠠᠪᠠᠭ᠎ᠠ ᠥᠭᠡᠳᠡᠯᠡᠨ ᠳᠠᠪᠠᠳᠠᠭ᠃ ᠶᠣᠰᠣᠲᠠᠢ ᠰᠠᠢᠬᠠᠨ ᠡᠳᠦᠷ ᠦ᠋ᠳ ᠪᠠᠢᠵᠢ ᠳᠠ᠃ ᠬᠣᠯᠠ ᠭᠠᠵᠠᠷ ᠠ᠋ᠴᠠ ᠠᠶᠠᠯᠠᠨ ᠢᠷᠡᠭᠰᠡᠨ ᠵᠢᠩᠴᠢᠳ ᠠᠳᠠ ᠪᠠᠢᠬᠤ ᠪᠣᠭᠣᠨᠢᠬᠠᠨ ᠬᠤᠭᠤᠴᠠᠭᠠᠨ ᠳ᠋ᠠᠭᠠᠨ ᠵᠢᠷᠭᠠᠨ ᠠᠮᠠᠷᠠᠵᠤ᠂ ᠠᠬᠢᠨ ᠠᠶᠠᠯᠠᠬᠤ ᠣᠢᠷᠠᠲᠤᠮᠠᠭᠴᠠ ᠪᠡᠶ᠎ᠡ ᠳ᠋ᠡᠬᠢ ᠬᠠᠮᠤᠭ ᠤ᠋ᠨ ᠰᠡᠭᠦᠯᠴᠢ ᠶ᠋ᠢᠨ ᠮᠥᠩᠭᠥᠨ ᠲᠥᠭᠥᠷᠢᠭ᠂ ᠠᠯᠲᠠᠨ ᠷᠦᠪᠯᠢ ᠪᠡᠨ ᠭᠠᠷᠭᠠᠨ ᠠᠶᠠᠷᠯᠠᠬᠤ ᠨᠠᠢᠷ ᠲᠠᠭᠠᠨ ᠵᠠᠷᠤᠳᠠᠭ ᠪᠢᠯᠡ ᠭᠡᠨ᠎ᠡ᠃
ᠲᠡᠷᠡ ᠡᠪᠦᠭᠡᠨ ᠥᠩᠭᠡᠷᠡᠭᠰᠡᠨ ᠢ᠋ᠶ᠋ᠡᠨ ᠡᠷᠭᠢᠴᠡᠭᠦᠯᠦᠨ ᠪᠣᠳᠣᠭᠰᠠᠭᠠᠷ ᠪᠠᠢᠪᠠ᠃
— ᠲᠡᠭᠡᠭᠡᠳ ᠭᠡᠨᠡᠳᠲᠡ ᠯᠡ ᠪᠦᠬᠦᠨ ᠢ᠋ᠶ᠋ᠡᠷ ᠢ᠋ᠶ᠋ᠡᠨ ᠬᠤᠪᠢᠷᠠᠭᠰᠠᠨ ᠶᠤᠮ ᠪᠢᠵᠡ ᠭᠡᠵᠦ ᠲᠡᠭᠦᠨ ᠦ᠌ ᠶᠠᠷᠢᠶ᠎ᠠ ᠶ᠋ᠢ ᠵᠠᠯᠭᠠᠨ ᠡᠯᠭᠦᠵᠦ ᠠᠪᠬᠤ ᠳ᠋ᠤ᠌ ᠮᠠᠨᠢ ᠲᠡᠷᠡ ᠥᠪᠡᠷ ᠦ᠋ᠨ ᠪᠣᠳᠣᠯᠭᠠᠰᠢᠷᠠᠯ ᠠ᠋ᠴᠠ ᠪᠠᠨ ᠰᠡᠷᠭᠦᠵᠦ :
— ᠭᠡᠨᠡᠳᠲᠡ ᠪᠢᠰᠢ ᠠ᠋ ! ᠲᠡᠢᠮᠦ ᠬᠤᠷᠳᠤᠨ ᠬᠤᠪᠢᠷᠠᠬᠤ ᠪᠠᠢᠭᠰᠠᠨ ᠶᠤᠮ ᠪᠣᠯ ᠪᠢᠳᠡ ᠲᠡᠰᠪᠦᠷᠢᠯᠡᠴᠢᠬᠡᠬᠦ ᠪᠠᠢᠭᠰᠠᠨ ᠮᠠᠭᠠᠳ ᠦᠭᠡᠢ᠃ ᠲᠡᠷᠡ ᠨᠢ ᠶᠠᠭᠠᠬᠢᠭᠰᠠᠨ ᠴᠤ᠌ ᠡᠢᠮᠦᠷᠬᠦᠦ ᠠᠯᠭᠤᠷᠬᠠᠨ ᠦᠬᠦᠯ ᠡᠴᠡ ᠳᠡᠭᠡᠷ᠎ᠡ ᠪᠠᠢᠬ᠎ᠠ᠃ ᠡᠬᠢᠯᠡᠭᠡᠳ ᠣᠷᠣᠰᠴᠤᠳ ᠰᠢᠪᠧᠷᠢᠶ᠎ᠡ ᠶ᠋ᠢ ᠲᠤᠭᠤᠯᠤᠭᠰᠠᠨ ᠲᠡᠮᠦᠷ ᠵᠠᠮ ᠢ᠋ ᠵᠠᠰᠠᠯ᠎ᠠ᠂ ᠪᠢᠳᠡ ᠡᠭᠦᠨ ᠢ᠋ ᠶᠣᠰᠣᠲᠠᠢ ᠶᠠᠭᠤᠮ᠎ᠠ ᠪᠣᠯᠭᠠᠵᠤ ᠬᠠᠷᠠᠭ᠎ᠠ ᠦᠭᠡᠢ᠃ ᠬᠡᠳᠦᠢᠪᠡᠷ ᠲᠡᠮᠡᠭᠡᠨ ᠵᠢᠩ ᠨᠡᠯᠢᠶᠡᠳ ᠴᠥᠭᠡᠷᠡᠭᠰᠡᠨ ᠪᠣᠯᠪᠠᠴᠤ᠂ ᠢᠷᠡᠳᠡᠭ ᠨᠢ ᠪᠠᠰᠠ ᠯᠠ ᠢᠷᠡᠭᠰᠡᠭᠡᠷ ᠪᠠᠢᠯ᠎ᠠ᠃ ᠬᠡᠳᠦᠨ ᠵᠢᠯ ᠦ᠋ᠨ ᠳᠠᠷᠠᠭ᠎ᠠ ᠪᠠᠷ ᠨᠢ ᠶᠠᠫᠣᠨᠴᠤᠳ ᠮᠠᠨᠵᠤ ᠤᠯᠤᠰ ᠢ᠋ ᠳᠠᠭᠠᠷᠢᠭᠰᠠᠨ ᠲᠡᠮᠦᠷ ᠵᠠᠮ ᠢ᠋ ᠳᠡᠪᠢᠰᠴᠦ᠂ ᠵᠡᠭᠦᠨ ᠮᠣᠩᠭᠣᠯ ᠤ᠋ᠨ ᠲᠡᠮᠡᠭᠡᠨ ᠵᠢᠩ ᠦ᠋ᠨ ᠠᠶᠠᠯᠠᠬᠤ ᠵᠠᠮ ᠨᠢ ᠣᠬᠣᠷᠳᠠᠭᠰᠠᠨ ᠠ᠋ᠴᠠ ᠪᠣᠯᠵᠤ ᠪᠠᠰᠠ ᠬᠣᠷᠢ ᠭᠤᠴᠢᠨ ᠲᠡᠮᠡᠭᠡᠨ ᠵᠢᠩ ᠢᠷᠡᠬᠦ ᠪᠡᠨ ᠪᠣᠯᠢᠭᠰᠠᠨ ᠠ᠋ᠴᠠ ᠠᠷᠠᠯᠵᠢᠶ᠎ᠠ ᠮᠠᠢᠮᠠᠢ ᠶ᠋ᠢᠨ ᠳᠣᠷᠣᠢᠲᠠᠯ ᠨᠢ ᠢᠯᠡᠳᠲᠡ ᠰᠡᠷᠡᠭᠳᠡᠵᠦ ᠡᠬᠢᠯᠡᠭᠰᠡᠨ ᠶᠦᠮ ᠭᠡᠪᠡ᠃
ᠡᠪᠦᠭᠡᠨ ᠪᠣᠰᠴᠤ ᠬᠣᠨᠢᠨ ᠤ᠋ ᠨᠣᠣᠰᠣ ᠪᠠᠨ ᠴᠢᠨᠠᠭᠰᠢ ᠪᠠᠨ ᠲᠦᠯᠬᠢᠭᠰᠡᠨ ᠢ᠋ᠶ᠋ᠡᠨ :
— ᠲᠡᠭᠡᠭᠡᠳ ᠪᠡᠭᠡᠵᠢᠩ — ᠰᠦᠢᠶᠤᠸᠠᠨ ᠤ᠋ ᠲᠡᠮᠦᠷ ᠵᠠᠮ ᠨᠡᠪᠲᠡᠷᠡᠭᠰᠡᠨ ᠡᠴᠡ ᠢᠨᠠᠭᠰᠢ ᠦᠨᠡᠲᠡᠢ ᠪᠠᠷᠠᠭ᠎ᠠ ᠠᠴᠢᠶᠠᠯᠠᠭᠰᠠᠨ ᠲᠡᠮᠡᠭᠡᠨ ᠵᠢᠩ ᠢᠷᠡᠬᠦ ᠨᠢ ᠵᠢᠯ ᠡᠴᠡ ᠵᠢᠯ ᠴᠥᠭᠡᠷᠡᠵᠡᠢ᠃ ᠴᠢᠭᠤᠯᠤᠯᠲᠤ ᠬᠠᠭᠠᠯᠭ᠎ᠠ ᠶ᠋ᠢᠨ ᠬᠤᠳᠠᠯᠳᠤᠭᠠᠨ ᠤ᠋ ᠪᠠᠢᠷᠢ ᠰᠠᠭᠤᠷᠢ ᠨᠢ ᠬᠣᠶᠠᠳᠤᠭᠠᠷ ᠪᠣᠯᠤᠨ ᠪᠠᠭᠤᠷᠠᠵᠤ᠂ ᠠᠬᠢᠭᠠᠳ ᠭᠤᠷᠪᠠᠳᠤᠭᠠᠷ᠂ ᠳᠥᠷᠪᠡᠳᠦᠭᠡᠷ ᠪᠠᠢᠷᠢᠨ ᠳ᠋ᠤ᠌ ᠬᠦᠷᠲᠡᠯ᠎ᠡ ᠳᠣᠷᠣᠭᠰᠢᠯᠠᠪᠠ᠃ ᠮᠣᠩᠭᠣᠯ ᠪᠠ ᠳᠣᠲᠣᠭᠠᠳᠤ ᠠᠽᠢᠶ᠎ᠠ ᠶ᠋ᠢᠨ ᠵᠠᠮ ᠠ᠋ᠴᠠ ᠣᠢᠷᠠᠬᠠᠨ ᠪᠠᠢᠬᠤ ᠭᠠᠵᠠᠷ ᠤ᠋ᠳ ᠲᠡᠷᠢᠭᠦᠨ ᠦ᠌ ᠪᠠᠢᠷᠢ ᠨᠤᠭᠤᠳ ᠢ᠋ ᠡᠵᠡᠯᠡᠪᠡ᠃ ᠲᠡᠮᠡᠭᠡᠨ ᠵᠢᠩ ᠦ᠋ᠳ ᠢᠯᠡᠭᠦᠦ ᠵᠠᠮ ᠬᠥᠭᠡᠭᠡᠵᠦ ᠠᠳᠠ ᠢᠷᠡᠬᠦ ᠬᠡᠷᠡᠭ ᠦᠭᠡᠢ ᠪᠣᠯᠵᠤ᠂ ᠲᠡᠮᠡᠭᠡᠳ ᠨᠢ ᠡᠨᠳᠡ ᠢᠷᠡᠭᠰᠡᠨ ᠡᠴᠡ ᠢᠯᠡᠭᠦᠦ ᠪᠡᠯᠴᠢᠭᠡᠷ ᠳᠡᠭᠡᠷ᠎ᠡ ᠪᠡᠨ ᠪᠠᠢᠬᠤ ᠪᠣᠯᠵᠠᠢ᠃ ᠲᠡᠭᠡᠬᠦ ᠳ᠋ᠦ᠍ ᠠᠷᠤ ᠮᠣᠩᠭᠣᠯ ᠤ᠋ᠨ ᠤᠯᠤᠰ ᠲᠥᠷᠥ ᠶ᠋ᠢᠨ ᠬᠤᠪᠢᠷᠠᠯᠲᠠ ᠨᠢ ᠮᠠᠨ ᠤ᠋ ᠡᠨᠡ ᠬᠦ᠌ ᠭᠣᠶᠣ ᠬᠣᠲᠠ ᠶ᠋ᠢ ᠦᠬᠦᠯ ᠳ᠋ᠦ᠍ᠨᠢ ᠬᠦᠷᠭᠡᠭᠰᠡᠨ᠃ ᠣᠳᠣ ᠲᠡᠮᠡᠭᠡᠨ ᠵᠢᠩ ᠦ᠋ᠨ ᠪᠠᠭᠤᠴᠠ ᠬᠣᠭᠣᠰᠣᠨ ᠪᠣᠯᠵᠤ ᠡᠪᠳᠡᠷᠡᠨ ᠰᠦᠢᠷᠡᠭᠡᠳ᠂ ᠲᠡᠮᠡᠭᠡᠨ ᠵᠢᠩ ᠦ᠋ᠨ ᠵᠠᠮ ᠨᠢ ᠴᠦ᠍ ᠪᠣᠢᠳᠠ ᠪᠥᠭᠯᠡᠭᠦᠦ ᠪᠣᠯᠵᠤ ᠬᠠᠶᠠᠭᠳᠠᠵᠠᠢ᠃ ᠬᠥᠮᠦᠰ ᠳᠥᠩᠭᠡᠵᠦ ᠬᠠᠶᠠ ᠨᠢᠭᠡ ᠲᠡᠮᠡᠭᠡᠨ ᠵᠢᠩ ᠦ᠋ᠨ ᠲᠣᠣᠨᠢᠯ ᠢ᠋ ᠰᠣᠨᠣᠰᠬᠤ ᠲᠡᠳᠦᠢ ᠯᠡ ᠪᠣᠯᠵᠠᠢ᠃ ᠵᠡᠭᠦᠨ ᠮᠣᠩᠭᠣᠯᠴᠤᠳ ᠡᠳ᠋ ᠪᠠᠷᠠᠭ᠎ᠠ ᠪᠠᠨ ᠮᠠᠨᠵᠤ ᠳ᠋ᠤ᠌ ᠭᠠᠷᠭᠠᠬᠤ ᠪᠣᠯᠵᠤ᠂ ᠣᠷᠣᠰᠴᠤᠳ ᠪᠠᠰᠠ ᠪᠢᠳᠡᠨ ᠦ᠌ ᠠᠷᠤ ᠮᠣᠩᠭᠣᠯ ᠯᠤᠭ᠎ᠠ ᠶ᠋ᠢᠨ ᠠᠷᠠᠯᠵᠢᠶ᠎ᠠ ᠶ᠋ᠢ ᠬᠣᠷᠢᠪᠠ᠃ ᠳᠤᠮᠳᠠᠳᠤ ᠠᠽᠢᠶ᠎ᠠ ᠶ᠋ᠢᠨ ᠠᠷᠠᠯᠵᠢᠶ᠎ᠠ ᠨᠢ ᠪᠤᠭᠤᠲᠤ ᠬᠥᠬᠡᠬᠣᠲᠠ ᠶ᠋ᠢᠨ ᠲᠡᠮᠦᠷ ᠵᠠᠮ ᠯᠤᠭ᠎ᠠ ᠵᠠᠯᠭᠠᠯᠳᠤᠵᠤ᠂ ᠴᠢᠭᠤᠯᠤᠯᠲᠤ ᠬᠠᠭᠠᠯᠭ᠎ᠠ ᠶ᠋ᠢᠨ ᠪᠠᠢᠷᠢ ᠰᠠᠭᠤᠷᠢ ᠮᠠᠨᠢ ᠳᠣᠷᠣᠭᠰᠢᠯᠠᠭᠰᠠᠭᠠᠷ ᠣᠳᠣ ᠨᠢᠭᠡᠨᠲᠡ ᠴᠢᠬᠤᠯᠠ ᠪᠤᠰᠤ ᠪᠠᠭᠠᠬᠠᠨ ᠵᠠᠬ᠎ᠠ ᠯᠠ ᠪᠣᠯᠵᠠᠢ᠃ ᠪᠢᠳᠡᠨ ᠦ᠌ ᠮᠠᠭᠤ ᠬᠤᠪᠢ ᠵᠠᠶᠠᠭᠠᠨ ᠳ᠋ᠤ᠌ ᠤᠴᠠᠷᠠᠭᠰᠠᠨ ᠨᠢ ᠪᠦᠷ ᠯᠡ ᠠᠭᠤᠷ ᠤ᠋ᠨ ᠮᠠᠰᠢᠨ ᠤ᠋ ᠤᠷᠰᠢᠭ ! ᠲᠠᠨᠤᠰ ᠲᠡᠭᠦᠨ ᠢ ᠠᠪᠴᠢᠷᠠᠭᠰᠠᠨ ᠶᠤᠮ᠂ ᠲᠠᠨᠤᠰ ! ᠭᠡᠵᠦ ᠬᠡᠨᠡᠭ ᠴᠦ᠍ ᠦᠭᠡᠢ ᠡᠮᠦᠨᠡᠰᠢ ᠪᠡᠨ ᠨᠤᠯᠮᠤᠵᠤ ᠠᠪᠤᠭᠠᠳ᠂ ᠤᠤᠯ ᠳ᠋ᠠᠭᠠᠨ ᠪᠠᠶᠠᠷᠯᠠᠨ ᠨᠠᠢᠷᠯᠠᠵᠤ᠂ ᠮᠥᠩᠭᠥ ᠬᠣᠨᠵᠢᠵᠤ ᠪᠠᠢᠭᠰᠠᠨ ᠪᠠᠢᠰᠢᠩ ᠳ᠋ᠠᠭᠠᠨ ᠣᠷᠣᠯ᠎ᠠ᠃
ᠪᠢᠳᠡ ᠠᠯᠢ ᠨᠢᠭᠡᠨ ᠥᠨᠴᠥᠭ ᠪᠤᠯᠤᠩ ᠳ᠋ᠤ᠌ ᠬᠦᠷᠦᠭᠰᠡᠨ ᠴᠦ᠍ ᠪᠦᠷ ᠯᠡ ᠵᠣᠪᠠᠯᠠᠩ ᠢ᠋ᠶ᠋ᠠᠨ ᠲᠣᠭᠠᠯᠠᠭᠰᠠᠨ ᠬᠥᠮᠦᠰ ᠪᠠᠢᠯ᠎ᠠ᠃ ᠠᠷᠠᠯᠵᠢᠶ᠎ᠠ ᠮᠠᠭᠤᠳᠠᠵᠤ᠂ ᠭᠠᠢᠯᠢ ᠲᠠᠲᠠᠪᠤᠷᠢ ᠨᠡᠮᠡᠭᠳᠡᠵᠦ᠂ ᠴᠡᠷᠢᠭ ᠦ᠋ᠳ ᠪᠠᠰᠠ ᠮᠥᠩᠭᠥ ᠲᠠᠲᠠᠪᠤᠷᠢ ᠬᠣᠷᠢᠶᠠᠨ ᠠᠪᠴᠤ᠂ ᠡᠨᠡ ᠬᠣᠲᠠ ᠡᠳᠦᠭᠡ ᠳᠥᠩᠭᠡᠵᠦ ᠯᠡ ᠠᠮᠢ ᠭᠣᠣᠯ ᠲᠠᠢ ᠦᠯᠡᠳᠡᠵᠦ ᠪᠠᠢᠨ᠎ᠠ᠃ ᠴᠢᠭᠤᠯᠤᠯᠲᠤ ᠬᠠᠭᠠᠯᠭ᠎ᠠ ᠪᠠᠷ ᠲᠥᠪ ᠢ᠋ᠶ᠋ᠡᠨ ᠪᠣᠯᠭᠠᠭᠰᠠᠨ ᠴᠠᠬᠠᠷ ᠮᠣᠵᠢ ᠨᠢ ᠰᠢᠨᠡᠬᠡᠨ ᠪᠠᠢᠭᠤᠯᠤᠭᠳᠠᠭᠰᠠᠨ ᠮᠠᠨᠵᠤ ᠤᠯᠤᠰ ᠲᠠᠢ ᠬᠢᠯᠢ ᠨᠡᠢᠯᠡᠵᠦ ᠪᠠᠢᠳᠠᠭ᠃ ᠲᠤᠯᠤᠨ ᠨᠠᠭᠤᠷ ᡁᠢᠯᠢ ᠳ᠋ᠦ᠍ ᠶᠠᠫᠣᠨ ᠤ᠋ ᠴᠡᠷᠢᠭ ᠦ᠋ᠳ ᠪᠠᠢᠷᠢᠯᠠᠵᠤ᠂ ᠣᠳᠣ ᠨᠢᠭᠡᠨᠲᠡ ᠶᠠᠫᠣᠨ ᠴᠡᠷᠢᠭ ᠪᠡᠭᠡᠵᠢᠩ᠂ ᠲᠢᠶᠠᠨᠵᠢᠨ᠂ ᠴᠢᠨᠠᠭᠰᠢᠯᠠᠪᠠᠯ ᠱᠠᠩᠬᠠᠢ ᠬᠦᠷᠲᠡᠯ᠎ᠡ ᠤᠷᠤᠭᠰᠢᠯᠠᠨ ᠬᠦᠷᠴᠡᠢ᠃
ᠵᠡᠭᠦᠨ ᠠᠽᠢᠶ᠎ᠠ ᠶ᠋ᠢᠨ ᠰᠢᠨ᠎ᠡ ᠪᠡᠷ ᠮᠠᠨᠳᠤᠭᠰᠠᠨ ᠡᠨᠡ ᠰᠢᠨ᠎ᠡ ᠬᠦᠴᠦᠷᠬᠡᠭ ᠢᠳᠡᠲᠡᠨ ᠴᠣᠬᠣᠮ ᠶᠠᠮᠠᠷ ᠲᠥᠯᠥᠪᠯᠡᠭᠡ ᠲᠡᠢ ᠪᠣᠯ ? ᠶᠠᠫᠣᠨ ᠤ᠋ ᠨᠣᠶᠠᠷᠬᠠᠯ ᠳᠣᠣᠷ᠎ᠠ ᠬᠠᠷᠢᠨ ᠠᠳᠠᠬᠢ ᠠᠵᠤ ᠠᠬᠤᠢ ᠶ᠋ᠢᠨ ᠪᠠᠢᠳᠠᠯ ᠨᠢ ᠥᠭᠡᠳᠡᠯᠡᠳᠡᠭ ᠪᠣᠯ ᠤᠤ ? ᠬᠢᠳᠡᠯ ᠢ᠋ᠶ᠋ᠡᠨ ᠠᠯᠳᠠᠭᠰᠠᠨ ᠬᠤᠳᠠᠯᠳᠤᠭᠠᠴᠢᠳ ᠡᠨᠡ ᠲᠠᠯ᠎ᠠ ᠪᠠᠷ ᠬᠢ ᠪᠣᠯᠤᠯᠴᠠᠭ᠎ᠠ ᠪᠦᠬᠦᠨ ᠦ᠌ ᠲᠤᠬᠠᠢ ᠡᠳᠦᠷᠵᠢᠨ ᠰᠡᠳᠬᠢᠯ ᠲᠠᠯᠪᠢᠨ ᠶᠠᠷᠢᠯᠴᠠᠬᠤ ᠨᠢ ᠰᠣᠨᠣᠰᠳᠠᠨ᠎ᠠ᠃ ᠭᠡᠬᠦ ᠳ᠋ᠡᠭᠡᠨ ᠶᠠᠷᠢᠯᠴᠠᠭ᠎ᠠ ᠪᠣᠯᠭᠠᠨ ᠤ᠋ ᠡᠴᠦᠰ ᠲᠦ᠍ ᠮᠥᠨ ᠯᠡ ᠨᠢᠭᠡᠨ ᠲᠣᠮᠣ ᠠᠰᠠᠭᠤᠯᠲᠠ ᠶ᠋ᠢᠨ ᠲᠡᠮᠳᠡᠭ ᠲᠠᠯᠪᠢᠭᠳᠠᠨ᠎ᠠ᠃ ᠭᠠᠭᠴᠠ ᠬᠦ᠌ ᠱᠠᠰᠢᠨ ᠰᠤᠷᠲᠠᠯᠴᠢᠯᠠᠬᠤ ᠠᠵᠢᠯ ᠯᠠ ᠡᠨᠡ ᠠᠷᠪᠢᠨ ᠳᠡᠯᠡᠬᠡᠢ ᠶ᠋ᠢᠨ ᠦᠢᠯᠡ ᠬᠡᠷᠡᠭ ᠲᠦ᠍ ᠨᠥᠯᠥᠭᠡᠯᠡᠭᠳᠡᠬᠦ ᠦᠭᠡᠢ ᠪᠡᠷ ᠶᠠᠪᠤᠭᠳᠠᠭᠰᠠᠭᠠᠷ ᠪᠠᠢᠭ᠎ᠠ ᠨᠢ ᠶᠠᠭ ᠯᠠ ᠡᠯᠡᠰᠦᠨ ᠴᠦᠯ ᠦ᠋ᠨ ᠳᠤᠮᠳᠠᠬᠢ ᠨᠣᠭᠣᠭᠠᠨ ᠪᠦᠷᠢᠳᠦ ᠮᠡᠲᠦ ᠠᠵᠢ᠃
ᠰᠦᠢᠳ᠋ᠸᠷᠪᠤᠮ ᠤ᠋ᠨ ᠭᠡᠷ ᠲᠦ᠍ ᠬᠥᠮᠦᠰ ᠮᠥᠩᠭᠥ ᠪᠣᠯᠤᠨ ᠤᠯᠤᠰ ᠲᠥᠷᠥ ᠶ᠋ᠢᠨ ᠲᠤᠬᠠᠢ ᠶᠠᠷᠢᠬᠤ ᠳᠤᠷ᠎ᠠ ᠠᠨᠠᠢ ᠪᠠᠢᠯ᠎ᠠ᠃ ᠬᠡᠷᠪᠡ ᠤᠳᠠᠭᠠᠨ ᠵᠢᠯ ᠡᠨᠳᠡ ᠠᠮᠢᠳᠤᠷᠠᠵᠤ ᠪᠠᠢᠭᠰᠠᠨ ᠡᠨᠡ ᠬᠦ᠌ ᠬᠦᠨᠳᠦᠲᠡᠢ ᠱᠠᠰᠢᠨ ᠰᠤᠷᠲᠠᠯᠴᠢᠯᠠᠭᠴᠢ ᠪᠠᠷ ᠲᠠᠢᠯᠪᠤᠷᠢᠯᠠᠭᠤᠯᠬᠤ ᠳ᠋ᠤ᠌ ᠬᠦᠷᠪᠡᠯ ᠬᠠᠷᠢᠨ ᠠᠯᠢ ᠨᠢᠭᠡᠨ ᠠᠷᠠᠯᠵᠢᠶᠠᠴᠢᠨ ᠪᠤᠶᠤ ᠲᠡᠮᠡᠭᠡᠨ ᠵᠢᠩ ᠦ᠋ᠨ ᠡᠵᠡᠨ ᠡᠴᠡ ᠬᠣᠯᠠ ᠢᠯᠡᠭᠦᠦ ᠲᠠᠢᠯᠪᠤᠷᠢᠯᠠᠵᠤ ᠳᠡᠢᠯᠬᠦ ᠪᠠᠢᠬ᠎ᠠ ! ᠭᠡᠬᠦ ᠳ᠋ᠦ᠍ ᠰᠦᠢᠳ᠋ᠸᠷᠪᠤᠮ ᠤ᠋ᠨ ᠦᠵᠡᠬᠦ ᠪᠡᠷ ᠲᠡᠭᠦᠨ ᠦ᠌ ᠠᠳᠠᠬᠢ ᠳᠥᠴᠢᠨ ᠵᠢᠯ ᠦ᠋ᠨ ᠠᠮᠢᠳᠤᠷᠠᠯ ᠤ᠋ᠨ ᠲᠤᠷᠰᠢᠯᠬᠠ ᠪᠡᠷ ᠴᠦ᠍ ᠶᠠᠮᠠᠷ ᠨᠢᠭᠡᠨ ᠦᠷ᠎ᠡ ᠳ᠋ᠦᠩ ᠭᠡᠵᠦ ᠬᠡᠯᠡᠬᠦ ᠳ᠋ᠦ᠍ ᠬᠡᠴᠡᠭᠦᠦ ᠠᠵᠢ᠃
— ᠪᠢᠳᠡ ᠴᠠᠭᠠᠨ ᠬᠡᠷᠡᠮ ᠦ᠋ᠨ ᠴᠢᠨᠠᠳᠤ ᠲᠠᠯ᠎ᠠ ᠶ᠋ᠢᠨ ᠲᠥᠯᠥᠭᠡ ᠯᠡ ᠠᠵᠢᠯᠯᠠᠳᠠᠭ᠃ ᠨᠢᠭᠡ ᠠᠮᠢ ᠨᠠᠰᠤ ᠶ᠋ᠢ ᠠᠪᠤᠷᠠᠵᠤ ᠭᠠᠷᠭᠠᠬᠤ ᠨᠢ ᠳᠡᠯᠡᠬᠡᠢ ᠳᠡᠭᠡᠷᠡᠬᠢ ᠪᠦᠬᠦᠢ ᠯᠡ ᠠᠯᠲᠠ ᠮᠥᠩᠭᠥᠨ ᠡᠴᠡ ᠦᠨᠡᠲᠡᠢ ᠰᠢᠦ ᠳᠡ! ᠭᠡᠵᠦ ᠪᠦᠰᠡᠭᠦᠢ ᠨᠢ ᠲᠠᠢᠯᠪᠤᠷᠢᠯᠠᠨ᠎ᠠ᠃ ᠭᠡᠬᠦ ᠳ᠋ᠦ᠍ ᠱᠠᠰᠢᠨ ᠰᠤᠷᠲᠠᠯᠴᠢᠯᠠᠬᠤ ᠠᠵᠢᠯ ᠴᠤ᠌ ᠤᠷᠢᠳᠤ ᠶ᠋ᠢᠨ ᠠᠳᠠᠯᠢ ᠬᠥᠭᠵᠢᠶᠡᠨᠲᠡᠢ ᠪᠢᠰᠢ ᠪᠣᠯᠵᠠᠢ᠃ ᠠᠷᠠᠯᠵᠢᠶᠠᠨ ᠤ᠋ ᠳᠣᠷᠣᠢᠲᠠᠯ ᠠ᠋ᠴᠠ ᠪᠣᠯᠵᠤ ᠠᠮᠧᠷᠢᠺᠠ ᠡᠸᠦᠷᠦ᠋ᠫᠡ ᠶ᠋ᠢᠨ ᠣᠯᠠᠨ ᠠᠷᠪᠢᠨ ᠥᠭᠯᠢᠭᠡ ᠶ᠋ᠢᠨ ᠡᠵᠡᠳ ᠦ᠋ᠨ ᠬᠠᠨᠳᠢᠪ ᠢ᠋ᠶ᠋ᠠᠷ ᠪᠠᠷᠢᠭᠰᠠᠨ ᠱᠠᠰᠢᠨ ᠤ᠋ ᠰᠤᠷᠭᠠᠭᠤᠯᠢ ᠴᠤ᠌ ᠬᠣᠭᠣᠰᠣᠷᠠᠵᠤ᠂ ᠱᠠᠰᠢᠨ ᠤ᠋ ᠡᠪᠯᠡᠯ ᠦ᠋ᠨ ᠭᠡᠰᠢᠭᠦᠳ ᠨᠢ ᠴᠦ᠍ ᠰᠦᠷᠡᠬᠡᠢ ᠬᠠᠰᠤᠭᠳᠠᠵᠠᠢ᠃ ᠭᠡᠪᠡᠴᠦ ᠡᠭᠦᠨ ᠦ᠌ ᠲᠤᠬᠠᠢ ᠪᠠᠷᠤᠭ ᠯᠠ ᠶᠠᠷᠢᠭᠰᠠᠨ ᠦᠭᠡᠢ᠃
— ᠬᠡᠴᠢᠨᠡᠭᠡᠨ ᠣᠯᠠᠨ ᠬᠥᠮᠦᠨ ᠪᠢᠳᠡᠨ ᠡᠴᠡ ᠳᠣᠣᠭᠤᠷ ᠬᠡᠮᠵᠢᠶ᠎ᠡ ᠲᠡᠢ ᠠᠮᠢᠳᠤᠷᠠᠵᠤ ᠪᠠᠢᠭ᠎ᠠ ᠪᠣᠯ ? ᠪᠢᠳᠡ ᠡᠳᠦᠷ ᠪᠣᠯᠭᠠᠨ ᠬᠤᠷᠮᠤᠰᠲᠠ ᠲᠡᠭᠷᠢ ᠶ᠋ᠢᠨ ᠪᠢᠳᠡᠨ ᠳ᠋ᠦ᠍ ᠬᠠᠢᠷᠠᠯᠠᠭᠰᠠᠨ ᠵᠢᠴᠢ ᠬᠠᠢᠷᠠᠯᠠᠬᠤ ᠭᠡᠵᠦ ᠪᠠᠢᠭ᠎ᠠ ᠵᠦᠢᠯ ᠳ᠋ᠦ᠍ ᠳᠠᠭᠠᠳᠬᠠᠨ ᠵᠠᠯᠪᠠᠷᠢᠭᠰᠠᠭᠠᠷ ᠪᠠᠢᠨ᠎ᠠ ᠭᠡᠵᠦ ᠰᠦᠢᠳ᠋ᠸᠷᠪᠤᠮ ᠶᠠᠷᠢᠪᠠ᠃ ᠲᠡᠷᠡ ᠬᠢᠲᠠᠳ ᠤ᠋ᠨ ᠠᠯᠪᠠ ᠬᠠᠭᠠᠭᠴᠢᠳ ᠪᠠ ᠠᠷᠠᠯᠵᠢᠶᠠᠴᠢᠳ ᠤ᠋ᠨ ᠳᠤᠮᠳᠠ ᠶᠡᠬᠡ ᠨᠡᠷ᠎ᠡ ᠬᠦᠨᠳᠦᠲᠡᠢ ᠪᠠᠢᠳᠠᠭ ᠶᠤᠮ ᠃
— ᠲᠡᠷᠡ ᠴᠢᠨᠢ ᠶᠡᠬᠡ ᠨᠢᠭᠤᠷ ᠲᠠᠯ᠎ᠠ ᠲᠠᠢ ᠬᠥᠮᠦᠨ ᠰᠢᠦ ! ᠤᠴᠢᠷ ᠨᠢ ᠲᠡᠷᠡ ᠬᠡᠵᠢᠶ᠎ᠡ ᠴᠦ᠍ ᠥᠪᠡᠷ ᠦ᠋ᠨ ᠢ᠋ᠶ᠋ᠡᠨ ᠲᠥᠯᠥᠭᠡ ᠪᠣᠳᠣᠳᠠᠭ ᠦᠭᠡᠢ᠂ ᠪᠤᠰᠤᠳ ᠢ᠋ ᠬᠠᠪᠰᠤᠷᠬᠤ ᠶ᠋ᠢ ᠯᠡ ᠪᠣᠳᠣᠵᠤ᠂ ᠬᠠᠪᠰᠤᠷᠤᠯᠭ᠎ᠠ ᠬᠦᠯᠢᠶᠡᠭᠰᠡᠨ ᠬᠥᠮᠦᠨ ᠡᠴᠡ ᠪᠡᠨ ᠨᠠᠭᠠᠳᠤ ᠵᠠᠬ᠎ᠠ ᠳ᠋ᠠᠭᠠᠨ ᠲᠠᠯᠠᠷᠬᠠᠯ᠎ᠠ ᠭᠡᠰᠡᠨ ᠦᠭᠡ ᠶ᠋ᠢ ᠴᠦ᠍ ᠰᠣᠨᠣᠰᠬᠤ ᠶ᠋ᠢ ᠬᠦᠰᠡᠳᠡᠭ ᠦᠭᠡᠢ ᠶᠦ᠍ᠮ ᠭᠡᠵᠦ ᠪᠦᠰᠡᠭᠦᠢ ᠨᠢ ᠶᠠᠷᠢᠵᠤ ᠪᠠᠢᠪᠠ᠃
ᠣᠷᠣᠢ ᠶ᠋ᠢᠨ ᠬᠣᠭᠣᠯᠠᠨ ᠤ᠋ ᠳᠠᠷᠠᠭ᠎ᠠ ᠪᠢᠳᠡ ᠰᠠᠭᠤᠭᠰᠠᠨ ᠭᠠᠵᠠᠷ ᠵᠦᠭ ᠢ᠋ᠶ᠋ᠡᠨ ᠠᠯᠬᠤᠯᠠᠬᠤ ᠵᠠᠭᠤᠷ᠎ᠠ ᠵᠤᠨ ᠮᠠᠷᠺᠣᠸᠨ᠋ᠲ ᠭᠡᠷ ᠦ᠋ᠨ ᠡᠵᠡᠨ ᠬᠡᠷᠪᠡ ᠰᠸᠸᠳ᠋ᠸᠨ ᠦ᠌ ᠠᠯᠢ ᠨᠢᠭᠡᠨ ᠱᠠᠰᠢᠨ ᠤ᠋ ᠡᠪᠯᠡᠯ ᠳ᠋ᠦ᠍ ᠪᠠᠢᠭᠰᠠᠨ ᠪᠣᠯ ᠲᠡᠭᠦᠨ ᠦ᠌ ᠠᠮᠢᠳᠤᠷᠠᠯ ᠴᠣᠬᠣᠮ ᠶᠠᠮᠠᠷ ᠪᠣᠯᠬᠤ ᠲᠤᠬᠠᠢ ᠵᠢᠷᠤᠭᠯᠠᠵᠤ ᠪᠠᠢᠪᠠ᠃
— ᠣᠷᠴᠢᠨ ᠲᠣᠭᠣᠷᠢᠨ ᠯᠠ ᠬᠥᠮᠦᠨ ᠢ᠋ ᠬᠥᠮᠦᠵᠢᠭᠦᠯᠳᠡᠭ᠃ ᠲᠠᠯ᠎ᠠ ᠨᠤᠲᠤᠭ ᠤ᠋ᠨ ᠬᠢᠵᠠᠭᠠᠷ ᠦᠭᠡᠢ ᠡᠷᠬᠡ ᠴᠢᠯᠥᠭᠡ ᠵᠢᠴᠢ ᠲᠤᠰᠠᠭᠠᠷ ᠴᠢᠨᠠᠷ ᠨᠢ ᠲᠡᠭᠦᠨ ᠦ᠌ ᠵᠠᠩ ᠴᠢᠨᠠᠷ ᠢ᠋ ᠨᠢ ᠪᠦᠲᠦᠭᠡᠭᠰᠡᠨ᠂ ᠡᠰᠡᠬᠦᠯ᠎ᠡ ᠲᠡᠭᠦᠨ ᠢ᠋ ᠪᠦᠷᠢᠮᠦᠰᠦᠨ ᠬᠤᠪᠢᠷᠠᠭᠤᠯᠤᠭᠰᠠᠨ᠃ ᠤᠴᠢᠷ ᠨᠢ ᠬᠡᠮᠵᠢᠶᠡᠯᠡᠰᠢ ᠦᠭᠡᠢ ᠶᠡᠬᠡ ᠵᠣᠷᠢᠭ ᠲᠡᠪᠴᠢᠶᠡᠷᠢ ᠪᠣᠯᠤᠨ ᠴᠢᠳᠠᠪᠤᠷᠢ ᠪᠠᠢᠮᠠᠨᠵᠢᠨ ᠲᠡᠷᠡ ᠰᠠᠶᠢ ᠨᠠᠰᠤᠨ ᠲᠤᠷᠰᠢ ᠳ᠋ᠠᠭᠠᠨ ᠳᠡᠯᠡᠬᠡᠢ ᠶ᠋ᠢᠨ ᠬᠣᠶᠠᠷ ᠬᠡᠰᠡᠭ ᠢ᠋ ᠬᠣᠯᠪᠣᠬᠤ ᠠᠵᠢᠯ ᠢ᠋ ᠡᠷᠬᠢᠯᠡᠵᠦ ᠳᠡᠢᠯᠬᠦ ᠶᠦᠮ ᠭᠡᠵᠦ ᠮᠠᠷᠺᠤᠸᠨ᠋ᠲ ᠲᠠᠢᠯᠪᠤᠷᠢᠯᠠᠨ ᠳ᠋ᠦᠩᠨᠡᠪᠡ᠃
