ᠴ ᠴᠢᠮᠡᠳ《ᠪᠢ ᠮᠣᠩᠭᠣᠯ ᠬᠥᠮᠦᠨ》-ᠰᠢᠯᠦᠭЧ.Чимэд Би Монгол Хүн-Шүлэг
ᠴ ᠴᠢᠮᠡᠳ《ᠪᠢ ᠮᠣᠩᠭᠣᠯ ᠬᠥᠮᠦᠨ》-ᠰᠢᠯᠦᠭ
ᠠᠷᠭᠠᠯ ᠤᠨ ᠤᠲᠤᠭ᠎ᠠ ᠪᠤᠷᠭᠢᠯᠤᠭᠰᠠᠨ
ᠮᠠᠯᠴᠢᠨ ᠤ
ᠭᠡᠷ ᠲᠦ ᠲᠦᠷᠦᠭᠰᠡᠨ ᠪᠢ
ᠠᠲᠠᠷ
ᠬᠡᠭᠡᠷ᠎ᠡ ᠨᠤᠲᠤᠭ ᠢᠶᠠᠨ
ᠥᠯᠥᠭᠡᠢ
ᠮᠢᠨᠢ ᠭᠡᠵᠦ ᠪᠣᠳᠣᠳᠠᠭ
ᠴᠡᠩᠬᠡᠷ
ᠮᠠᠨᠠᠨ ᠰᠤᠭᠤᠨᠠᠭᠯᠠᠭᠰᠠᠨ
ᠠᠯᠤᠰ ᠤᠨ
ᠪᠠᠷ᠎ᠠ ᠶᠢ ᠰᠢᠷᠲᠡᠭᠡᠳ
ᠴᠡᠯᠡᠭᠡᠷ
ᠰᠠᠢᠬᠠᠨ ᠨᠤᠲᠤᠭ ᠢᠶᠠᠨ
ᠰᠡᠳᠬᠢᠯ
ᠪᠠᠬᠠᠳᠤᠨ ᠬᠠᠷᠠᠬᠤ ᠳᠤ
ᠦᠯᠢᠶᠡᠵᠦ
ᠪᠠᠢᠭ᠎ᠠ ᠰᠠᠯᠬᠢ ᠨᠢ
ᠦᠨᠦᠰᠦᠭᠡᠳ
ᠴᠦ ᠪᠠᠢᠭ᠎ᠠ ᠶᠤᠮ ᠰᠢᠭ᠋
ᠥᠷᠥᠰᠢᠶᠡᠯᠲᠦ
ᠡᠵᠢ ᠶᠢᠨ ᠮᠢᠨᠢ ᠭᠠᠷ
ᠢᠯᠪᠢᠭᠡᠳ ᠴᠦ ᠪᠠᠢᠭ᠎ᠠ ᠶᠤᠮ ᠰᠢᠭ᠋
ᠡᠨᠡᠷᠢᠩᠭᠦᠢ
ᠰᠠᠢᠬᠠᠨ ᠰᠠᠨᠠᠭᠳᠠᠬᠤ ᠳᠤ
ᠡᠯᠢᠭᠡ
ᠵᠢᠷᠦᠬᠡ ᠮᠢᠨᠢ ᠳᠣᠭᠳᠣᠯᠵᠤ
ᠬᠣᠣᠰ ᠦᠭᠡᠢ
ᠪᠠᠶᠠᠷ ᠤᠨ ᠨᠢᠯᠪᠤᠰᠤ
ᠬᠣᠶᠠᠷ
ᠨᠢᠳᠦ ᠶᠢ ᠮᠢᠨᠢ ᠪᠦᠷᠬᠦᠳᠡᠭ᠃
ᠥᠷᠭᠡᠨ ᠰᠠᠢᠬᠠᠨ
ᠨᠤᠲᠤᠭ ᠤᠨ ᠢᠶᠠᠨ
ᠡᠪᠴᠢᠭᠦᠨ
ᠳᠡᠭᠡᠷ᠎ᠡ ᠨᠢ ᠲᠥᠷᠦᠭᠡᠳ
ᠥᠨᠢᠷ
ᠠᠭᠤᠳᠠᠮ ᠲᠠᠯ᠎ᠠ ᠶᠢᠨ ᠢᠶᠠᠨ
ᠥᠩᠭᠡᠲᠦ
ᠠᠮᠢᠳᠤᠷᠠᠯ ᠤᠨ ᠲᠥᠯᠥᠭᠡ
ᠠᠮᠢ
ᠪᠡᠶ᠎ᠡ ᠪᠡᠨ ᠵᠣᠷᠢᠭᠤᠯᠳᠠᠭ
ᠠᠷᠢᠭᠤᠨ
ᠨᠠᠨᠳᠢᠨ ᠵᠠᠩᠰᠢᠯ ᠲᠠᠢ
ᠡᠪᠦᠭᠡᠳ
ᠬᠥᠭᠰᠢᠳ ᠳᠡᠭᠡᠳᠦᠰ ᠦᠨ ᠮᠢᠨᠢ
ᠦᠷ᠎ᠡ ᠪᠡᠨ
ᠭᠡᠵᠦ ᠨᠠᠢᠳᠠᠭᠠᠳ
ᠦᠯᠡᠳᠡᠭᠡᠵᠦ
ᠨᠠᠳᠠ ᠳᠤ ᠥᠭᠭᠦᠭᠰᠡᠨ
ᠥᠨᠢᠷ
ᠮᠣᠩᠭᠣᠯ ᠣᠷᠣᠨ ᠤ
ᠨᠠᠷᠠ ᠨᠢ
ᠨᠠᠮᠠᠶ᠋ᠢ ᠭᠡᠢᠭᠦᠯᠵᠦ
ᠨᠠᠷᠢᠨ
ᠰᠠᠯᠬᠢ ᠨᠢ ᠦᠯᠢᠶᠡᠵᠦ
ᠨᠠᠢᠷᠲᠠᠢ
ᠰᠠᠢᠬᠠᠨ ᠣᠷᠣᠨ ᠮᠢᠨᠢ
ᠨᠠᠳᠠ ᠲᠠᠢ
ᠬᠤᠪᠢ ᠨᠢᠭᠡ ᠪᠠᠢᠳᠠᠭ ᠲᠤᠯᠠ
ᠤᠨᠠᠭᠰᠠᠨ
ᠡᠨᠡ ᠨᠤᠲᠤᠭ ᠢᠶᠠᠨ ᠪᠢ
ᠡᠬᠡ ᠶᠢᠨ
ᠰᠦ᠋ ᠰᠢᠭ ᠰᠠᠨᠠᠳᠠᠭ
ᠡᠨᠡ
ᠨᠤᠲᠤᠭ ᠲᠠᠭᠠᠨ ᠪᠢ ᠡᠵᠡᠨ ᠨᠢ ᠶᠤᠮ
ᠡᠩᠬᠦᠷᠡᠢᠯᠡᠯ ᠳᠤ ᠨᠢ ᠥᠰᠦᠭᠰᠡᠨ ᠬᠦᠦ ᠨᠢ ᠶᠤᠮ
ᠢᠷᠡᠭᠡᠳᠦᠢ ᠶᠢ
ᠨᠢ ᠲᠦᠮᠡᠨ ᠲᠡᠢ ᠪᠡᠨ ᠪᠣᠰᠬᠠᠯᠴᠠᠬᠤ
ᠶᠡᠬᠡ ᠡᠭᠦᠷᠭᠡ ᠶᠢ
ᠬᠦᠯᠢᠶᠡᠭᠰᠡᠨ ᠶᠤᠮ
ᠬᠡᠷᠪᠡ
ᠬᠦᠮᠦᠨ ᠡᠬᠡ ᠣᠷᠣᠨ ᠢᠶᠠᠨ
ᠬᠠᠮᠤᠭ ᠠᠴᠠ
ᠦᠨᠡᠲᠡᠢ ᠭᠡᠳᠡᠭ ᠪᠣᠯ
ᠬᠡᠭᠡᠷ᠎ᠡ
ᠲᠠᠯ᠎ᠠ ᠨᠤᠲᠤᠭ ᠢᠶᠠᠨ
ᠶᠠᠭᠤᠨ ᠠᠴᠠ ᠴᠦ ᠢᠯᠡᠭᠦᠦ ᠰᠠᠨᠠᠳᠠᠭ ᠪᠣᠯ
ᠠᠵᠢᠯᠯᠠᠬᠤ
ᠬᠥᠳᠡᠯᠬᠦ ᠪᠦᠷᠢ ᠳᠦ ᠪᠡᠨ
ᠠᠷᠠᠳ
ᠲᠦᠮᠡᠨ ᠦ ᠪᠡᠨ ᠲᠥᠯᠥᠭᠡ
ᠠᠯᠬᠤᠬᠤ
ᠭᠢᠰᠭᠢᠬᠦ ᠪᠣᠯᠭᠠᠨ ᠳᠠᠭᠠᠨ
ᠠᠤᠭ᠎ᠠ
ᠣᠷᠣᠨ ᠤ ᠪᠠᠨ ᠲᠥᠯᠥᠭᠡ ᠪᠣᠯ
ᠠᠯᠲᠠᠨ
ᠰᠢᠷᠣᠢ ᠤᠷᠤᠭᠤ ᠪᠠᠨ ᠳᠠᠭᠠᠷᠢᠭᠰᠠᠨ
ᠠᠲᠠᠭᠠᠲᠠᠨ ᠤ
ᠬᠣᠣᠷᠲᠤ ᠰᠤᠮᠤ ᠶᠢ
ᠠᠶᠤᠰᠢ ᠰᠢᠭ᠋
ᠴᠡᠭᠡᠵᠢ ᠪᠡᠷ ᠢᠶᠡᠨ ᠲᠠᠭᠯᠠᠵᠤ
ᠠᠮᠢ
ᠪᠠᠨ ᠥᠭᠬᠦ ᠡᠴᠡ ᠪᠤᠴᠠᠬᠤ ᠦᠭᠡᠢ ᠪᠣᠯ
ᠡᠨᠡ
ᠬᠦᠮᠦᠨ ᠮᠣᠩᠭᠣᠯ ᠬᠦᠮᠦᠨ
ᠡᠬᠡ
ᠣᠷᠣᠨ ᠳᠠᠭᠠᠨ ᠬᠠᠢᠷᠠᠲᠠᠢ ᠬᠦᠮᠦᠨ
ᠡᠨᠡ ᠬᠠᠢᠷ᠎ᠠ
ᠨᠢ ᠮᠣᠩᠭᠣᠯᠴᠤᠳ ᠲᠤ
ᠡᠷᠲᠡᠨ ᠡᠴᠡ
ᠬᠡᠪᠰᠢᠭᠰᠡᠨ ᠬᠠᠢᠷ᠎ᠠ ᠪᠢᠯᠡ
ᠪᠢ ᠮᠣᠩᠭᠣᠯ
ᠬᠦᠮᠦᠨ ᠪᠣᠯᠬᠣᠷ
ᠪᠢᠨᠳᠦᠷᠢᠶ᠎ᠠ
ᠨᠤᠲᠤᠭ ᠤᠨ ᠢᠶᠠᠨ ᠲᠥᠯᠥᠭᠡ
ᠪᠡᠶ᠎ᠡ
ᠠᠮᠢ ᠪᠦᠬᠦ ᠨᠠᠰᠤ ᠪᠠᠨ
ᠠᠪᠴᠤ ᠪᠠᠢᠭ᠎ᠠ
ᠠᠮᠢᠰᠬᠤᠭ᠎ᠠ ᠪᠠᠨ
ᠣᠷᠭᠢᠯᠵᠤ
ᠪᠠᠢᠭ᠎ᠠ ᠵᠣᠷᠢᠭ ᠢᠶᠠᠨ
ᠠᠯᠢ ᠵᠢ ᠨᠢ ᠴᠤ ᠬᠠᠢᠷᠠᠯᠠᠯ ᠦᠭᠡᠢ ᠵᠣᠷᠢᠭᠤᠯᠳᠠᠭ
ᠲᠥᠷᠥᠯᠬᠢ
ᠨᠤᠲᠤᠭ ᠢᠶᠠᠨ ᠭᠡᠢᠭᠦᠯᠦᠭᠰᠡᠨ
ᠨᠠᠷᠠᠨ ᠤ
ᠲᠤᠶᠠᠭᠠᠨ ᠳᠤ ᠬᠠᠢᠷᠠᠲᠠᠢ ᠪᠢ
ᠲᠥᠪᠰᠢᠨ ᠲᠠᠯ᠎ᠠ ᠳᠠᠭᠠᠨ
ᠴᠤᠤᠷᠢᠶᠠᠲᠤᠭᠰᠠᠨ
ᠡᠭᠡᠰᠢᠭᠲᠦ
ᠳᠠᠭᠤᠨ ᠳᠤ ᠳᠤᠷᠠᠲᠠᠢ ᠪᠢ
ᠬᠠᠨᠠᠭᠠᠷ
ᠴᠢᠯᠦᠭᠡᠲᠦ ᠨᠤᠲᠤᠭ ᠢᠶᠠᠨ
ᠬᠠᠷᠠᠬᠤ ᠲᠤᠰᠤᠮ ᠢᠶᠠᠨ ᠪᠠᠶᠠᠰᠴᠤ ᠪᠠᠢᠨ᠎ᠠ
ᠬᠠᠯᠠᠭᠤᠨ
ᠠᠮᠢ ᠪᠠᠨ ᠬᠠᠢᠷᠠᠯᠠᠬᠤ ᠦᠭᠡᠢ
ᠵᠢᠳᠬᠦᠬᠦ
ᠵᠣᠷᠢᠭ ᠨᠡᠮᠡᠭᠳᠡᠵᠦ ᠪᠠᠢᠨ᠎ᠠ
ᠣᠩᠭᠢᠷᠠᠵᠤ
ᠬᠥᠭᠡᠷᠦᠭᠰᠡᠨ ᠰᠡᠳᠬᠢᠯ ᠡᠴᠡ ᠪᠢᠰᠢ
ᠣᠷᠭᠢᠯᠤᠭᠰᠠᠨ
ᠪᠠᠶᠠᠷᠲᠤ ᠰᠡᠳᠬᠢᠯ ᠢᠶᠡᠨ
ᠣᠷᠴᠢᠯᠠᠩ
ᠳᠡᠯᠡᠬᠡᠢ ᠶᠢᠨ ᠡᠮᠦᠨ᠎ᠡ
ᠣᠳᠣ
ᠳᠠᠬᠢᠭᠠᠳ ᠳᠠᠪᠲᠠᠬᠤ ᠶᠤᠮ ᠪᠣᠯ
ᠪᠢ
ᠮᠣᠩᠭᠣᠯ ᠬᠦᠮᠦᠨ ᠪᠣᠯᠬᠣᠷ
ᠨᠠᠷᠠᠯᠠᠭ
ᠮᠣᠩᠭᠣᠯ ᠨᠤᠲᠤᠭ ᠤᠨ ᠢᠶᠠᠨ
ᠨᠠᠢᠳᠠᠪᠤᠷᠢᠲᠤ
ᠬᠥᠭᠵᠢᠯ ᠦᠨ ᠲᠥᠯᠥᠭᠡ
ᠨᠠᠰᠤ ᠪᠠᠨ
ᠵᠣᠷᠢᠭᠤᠯᠤᠭᠰᠠᠨ ᠤᠯᠤᠰ ᠢᠶᠠᠨ
ᠠᠨᠳᠠ
ᠨᠥᠬᠥᠳ ᠲᠡᠢ ᠪᠡᠨ
ᠠᠯᠠᠭ
ᠪᠢᠷᠠᠭᠤ ᠰᠢᠭ᠋ ᠨᠣᠮᠣᠬᠠᠨ ᠪᠠᠢᠨ᠎ᠠ ᠭᠡᠵᠦ
ᠠᠯᠠᠯᠳᠤᠬᠤ
ᠳᠠᠢᠰᠤᠨ ᠤᠴᠠᠷᠠᠪᠠᠯ
ᠠᠷᠰᠯᠠᠨ
ᠪᠠᠷᠰ ᠰᠢᠭ᠋ ᠳᠣᠭᠰᠢᠨ ᠪᠠᠢᠨ᠎ᠠ ᠭᠡᠵᠦ
ᠵᠥᠪᠬᠡᠨ
ᠦᠭᠡ ᠬᠡᠯᠡ ᠪᠡᠷ ᠢᠶᠡᠨ ᠵᠣᠭᠰᠣᠭ᠎ᠠ ᠦᠭᠡᠢ
ᠵᠢᠷᠦᠬᠡ
ᠰᠡᠳᠬᠢᠯ ᠢᠶᠡᠷ ᠢᠶᠡᠨ ᠮᠣᠩᠭᠣᠯᠵᠢᠭᠰᠠᠨ
ᠵᠦᠭ
ᠵᠦᠭ ᠦᠨ ᠢᠶᠡᠨ ᠠᠬ᠎ᠠ ᠳᠡᠭᠦᠦ ᠨᠠᠷ ᠤᠨ ᠡᠮᠦᠨ᠎ᠡ ᠡᠴᠡ
ᠵᠦᠭᠯᠡᠵᠦ
ᠬᠡᠯᠡᠬᠦ ᠳᠦ ᠪᠡᠯᠡᠨ ᠪᠠᠢᠨ᠎ᠠ
