ᠰᠥᠨᠢ ᠶᠢᠨ ᠪᠣᠷᠣᠭ᠎ᠠ- ᠳ· ᠰᠣᠰᠤᠷᠪᠠᠷᠠᠮД.Сосорбарам - Шөнийн бороо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠥᠨᠢ ᠶᠢᠨ ᠪᠣᠷᠣᠭ᠎ᠠ- ᠳ· ᠰᠣᠰᠤᠷᠪᠠᠷᠠᠮД.Сосорбарам - Шөнийн бороо

ᠰᠥᠨᠢ ᠶᠢᠨ ᠪᠣᠷᠣᠭ᠎ᠠ- ᠳ· ᠰᠣᠰᠤᠷᠪᠠᠷᠠᠮД.Сосорбарам - Шөнийн бороо

ᠠᠩᠭᠢᠯᠠᠯ:ᠳᠠᠭᠤᠤ ᠬᠥᠭᠵᠢᠮ
2024-06-08

624

   ᠦᠭᠡ᠄ ᠳ‌‌·ᠨᠠᠮᠳᠠᠭ 
   ᠠᠶ᠎ᠠ᠄ᠰ·ᠪᠦᠳᠡᠳ 
   ᠳᠠᠭᠤᠴᠢᠨ᠄ ᠰᠣᠰᠣᠷᠪᠠᠷᠠᠮ 

ᠰᠥᠨᠢᠵᠢᠨ ᠣᠷᠤᠭ᠍ᠰᠠᠨ ᠰᠢᠪᠡᠷᠡᠭᠡ ᠪᠣᠷᠣᠭ᠎ᠠ 
ᠰᠡᠷᠴᠢᠬᠢᠨᠡᠨ ᠰᠢᠪᠡᠨᠡᠪᠡ ᠴᠡᠴᠡᠭ ᠦᠨ ᠴᠢᠬᠢᠨ᠎ᠡ  
ᠰᠡᠷᠢᠭᠦᠬᠡᠨ ᠲᠤᠩᠭᠠᠯᠠᠭ ᠳᠤᠰᠤᠯ ᠢ ᠨᠢ ᠴᠢᠮᠡᠭ᠌ᠰᠡᠨ 
ᠴᠡᠴᠡᠭ ᠦᠳ ᠪᠠᠶᠠᠰᠤᠨ ᠴᠣᠮᠣᠷᠯᠢᠭ ᠢᠶᠠᠨ ᠳᠡᠯᠭᠡᠯ᠎ᠡ 
ᠴᠡᠴᠡᠭ ᠦᠳ ᠪᠠᠶᠠᠰᠤᠨ ᠴᠣᠮᠣᠷᠯᠢᠭ ᠢᠶᠠᠨ ᠳᠡᠯᠭᠡᠯ᠎ᠡ 

ᠴᠡᠴᠡᠭ ᠲᠤ ᠰᠢᠪᠡᠨᠡᠭ᠌ᠰᠡᠨ ᠰᠢᠪᠡᠷᠡᠭᠡ ᠪᠣᠷᠣᠭ᠎ᠠ 
ᠰᠡᠮᠬᠡᠨ ᠰᠢᠪᠡᠨᠡᠪᠡ ᠵᠢᠷᠦᠬᠡᠨ ᠦ ᠭᠦᠨ ᠳᠦ 
ᠰᠡᠳᠬᠢᠯ ᠳᠦ ᠰᠢᠩᠭᠡᠲᠡᠯ᠎ᠡ ᠮᠠᠭ᠍ᠲᠠᠯ᠎ᠠ ᠴᠢᠮ᠎ᠠ ᠶᠢ 
ᠰᠡᠯᠢᠨ ᠴᠣᠬᠢᠯᠠᠪᠠ ᠮᠢᠨᠤ ᠰᠤᠳᠠᠰᠤ 
ᠰᠡᠯᠢᠨ ᠴᠣᠬᠢᠯᠠᠪᠠ ᠮᠢᠨᠤ ᠰᠤᠳᠠᠰᠤ

ᠭᠦᠨ ᠬᠠᠷᠠᠩᠭᠤᠢ ᠳᠤ ᠬᠣᠯᠵᠢᠭ᠍ᠰᠠᠨ ᠨᠣᠢᠷ 
ᠬᠣᠯᠠ ᠣᠢᠷ᠎ᠠ ᠶᠢ ᠬᠡᠰᠦᠭᠦᠴᠢᠯᠡᠨ ᠳᠠᠪᠬᠢᠪᠠ
ᠬᠠᠢᠷ᠎ᠠ ᠳᠤᠷᠠᠯᠠᠯ ᠤᠨ ᠬᠠᠯᠠᠭᠤᠨ ᠢᠯᠴᠢ ᠮᠢᠨᠢ 
ᠴᠢᠨᠦ ᠮᠢᠨᠢ ᠠᠮᠢᠰᠬᠤᠯ ᠳᠤ ᠬᠥᠷᠪᠡ ᠦᠦ ᠦᠭᠡᠢ ᠦᠦ
ᠴᠢᠨᠦ ᠮᠢᠨᠢ ᠠᠮᠢᠰᠬᠤᠯ ᠳᠤ ᠬᠥᠷᠪᠡ ᠦᠦ ᠦᠭᠡᠢ ᠦᠦ

ᠢᠨᠠᠭ ᠤᠨ ᠰᠢᠨᠤᠯ ᠵᠢᠷᠦᠬᠡ ᠪᠡᠷ ᠨᠠᠭᠠᠳᠬᠤ ᠎ᠪᠠᠷ
ᠤᠯᠠᠢᠰᠤᠨ ᠪᠤᠴᠠᠯᠪᠠ ᠴᠢᠰᠤᠨ ᠤ ᠤᠷᠤᠰᠬᠠᠯ
ᠵᠢᠷᠦᠬᠡ ᠵᠡᠭᠦᠳᠦᠨ ᠳᠦ ᠴᠢᠮ᠎ᠠ ᠶᠢ ᠪᠡᠨ ᠮᠥᠷᠥᠭᠡᠳᠴᠦ
ᠵᠢᠷᠭᠠᠯ ᠵᠣᠪᠠᠯᠠᠩ ᠠᠯᠢᠨ ᠢ ᠨᠢ ᠴᠤ᠌ ᠮᠠᠷᠲᠠᠪᠠ
ᠵᠢᠷᠭᠠᠯ ᠵᠣᠪᠠᠯᠠᠩ ᠠᠯᠢᠨ ᠢ ᠨᠢ ᠴᠤ᠌ ᠮᠠᠷᠲᠠᠪᠠ

   ᠦᠰᠦᠭ ᠬᠠᠳᠠᠭ᠍ᠰᠠᠨ ᠨᠢ᠄ ᠰᠡᠷᠭᠦᠯᠡᠩ
   ᠦᠰᠦᠭ ᠠᠮᠢᠯᠠᠭᠤᠯᠤᠭ᠍ᠰᠠᠨ ᠨᠢ᠄ ᠰᠡᠷᠭᠦᠯᠡᠩ
   ᠬᠢᠨᠠᠭ᠍ᠴᠢ ᠪᠠᠭ᠍ᠰᠢ᠄ ᠮᠥᠩᠭᠦᠨᠴᠡᠴᠡᠭ