ᠬᠠᠢᠷᠠᠨ ᠬᠠᠮᠠᠷ- ᠳ· ᠨᠠᠴᠤᠭᠳᠣᠷᠵᠢХайран хамар-Д.Нацагдорж
ᠳ· ᠨᠠᠴᠤᠭᠳᠣᠷᠵᠢ
ᠬᠠᠯᠳᠠᠪᠤᠷᠢᠲᠤ ᠥᠩᠭᠡᠨ ᠦ᠌ ᠡᠪᠡᠳᠴᠢᠨ ᠦ᠌ ᠨᠢᠶᠠᠨ
ᠬᠠᠮᠠᠷ ᠤ᠋ᠨ ᠨᠣᠶᠠᠨ ᠨᠢᠷᠤᠭᠤ ᠶ᠋ᠢ ᠨᠤᠷᠠᠭᠠᠵᠤ
ᠬᠠᠷᠠᠩᠭᠤᠢ ᠨᠦᠬᠡ ᠬᠠᠭᠠᠷᠬᠠᠢ ᠰᠣᠷᠪᠢ ᠪᠣᠯᠭᠠᠨ
ᠬᠠᠷᠠᠬᠤ ᠨᠢᠳᠦᠨ ᠳ᠋ᠦ᠍ ᠭᠤᠲᠤᠮᠰᠢᠭ ᠪᠣᠯᠭᠠᠪᠠ᠃
ᠳᠤᠷᠠᠨ ᠬᠣᠶᠠᠷ ᠨᠢᠳᠦ ᠨᠢ ᠠᠯᠠᠭᠯᠠᠭᠠᠳ
ᠲᠤᠩ ᠴᠠᠭᠠᠨ ᠰᠢᠳᠦ ᠨᠢ ᠢᠷᠠᠯᠵᠠᠭᠠᠳ
ᠴᠠᠪ ᠴᠠᠭᠠᠨ ᠴᠢᠷᠠᠢ ᠨᠢ ᠭᠢᠯᠠᠯᠵᠠᠭᠠᠳ
ᠴᠠᠰᠤᠲᠤ ᠥᠨᠳᠥᠷ ᠠᠭᠤᠯᠠ ᠮᠡᠲᠦ ᠬᠠᠮᠠᠷ ᠲᠠᠢ ᠪᠠᠢᠬᠤ ᠳ᠋ᠤ᠌
ᠬᠠᠷᠠᠭᠰᠠᠨ ᠬᠥᠮᠦᠨ ᠦ᠌ ᠰᠡᠳᠬᠢᠯ ᠢ᠋ ᠬᠥᠳᠡᠯᠭᠡᠵᠦ
ᠬᠠᠪᠢᠳᠠᠭᠰᠠᠨ ᠬᠥᠮᠦᠨ ᠦ᠌ ᠵᠢᠷᠦᠬᠡ ᠶ᠋ᠢ ᠴᠢᠩᠭᠠᠭᠠᠵᠤ᠂
ᠲᠠᠩᠭᠤᠳ ᠬᠢᠲᠠᠳ ᠲᠠᠪᠤᠨ ᠬᠡᠯᠡ ᠶ᠋ᠢᠨ ᠬᠥᠮᠦᠨ ᠳ᠋ᠦ᠍
ᠳᠠᠩᠴᠢ ᠭᠡᠮ ᠦᠭᠡᠢ ᠭᠡᠭᠳᠡᠵᠦ ᠶᠠᠪᠤᠭᠰᠠᠨ ᠨᠢ
ᠬᠠᠷᠢᠨ ᠪᠦᠷ ᠴᠤ᠌ ᠪᠣᠯᠢᠵᠤ
ᠬᠠᠷᠠᠶ᠎ᠠ ᠭᠡᠪᠡᠴᠦ ᠨᠢᠳᠦ ᠮᠠᠭᠤ
ᠬᠠᠵᠠᠶ᠎ᠠ ᠭᠡᠪᠡᠴᠦ ᠰᠢᠲᠦ ᠦᠭᠡᠢ
ᠬᠠᠮᠠᠷ ᠭᠡᠪᠡᠴᠦ ᠬᠠᠷᠠᠩᠭᠤᠢ ᠨᠦᠬᠡ
ᠣᠬᠢᠯᠠᠪᠠᠴᠤ ᠲᠤᠰᠠ ᠦᠭᠡᠢ
ᠭᠠᠰᠠᠯᠪᠠᠴᠤ ᠨᠡᠮᠡᠷᠢ ᠦᠭᠡᠢ
ᠭᠠᠭᠴᠠ ᠬᠦ᠌ ᠮᠥᠷᠥᠭᠡᠳᠬᠦ ᠨᠢ
ᠬᠠᠢᠷᠠᠨ ᠬᠠᠮᠠᠷ ᠪᠣᠯᠵᠠᠢ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠭᠠᠷᠮ᠎ᠠ᠂ ᠣᠳᠬᠠᠨᠰᠣ᠎ᠠ
