ᠨᠢᠭᠤᠳᠠᠭᠠᠢНуудгай ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠤᠳᠠᠭᠠᠢНуудгай

ᠨᠢᠭᠤᠳᠠᠭᠠᠢНуудгай

2024-06-08

318

  ᠦᠶᠡᠲᠦ ᠤᠷᠭᠤᠮᠠᠯ ᠤ᠋ᠨ ᠢᠵᠠᠭᠤᠷ 
     ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠬᠡᠪᠲᠡᠭᠡ ᠪᠤᠶᠤ ᠲᠠᠰᠢᠭᠤᠯᠠᠵᠤ ᠤᠷᠭᠤᠨ᠎ᠠ᠂ ᠦᠰᠦ ᠦᠭᠡᠢ᠂ ᠭᠢᠯᠦᠭᠡᠷ᠂ 5—30cm ᠥᠨᠳᠥᠷ᠂ ᠰᠠᠯᠠᠭᠠᠯᠠᠳᠠᠭ᠃ ᠨᠠᠪᠴᠢᠨ ᠤ᠋ ᠲᠣᠭᠳᠣᠢ ᠨᠢ ᠰᠤᠯᠠᠬᠠᠨ ᠪᠥᠭᠡᠳ ᠦᠶ᠎ᠡ ᠶ᠋ᠢᠨ ᠵᠠᠢ ᠠ᠋ᠴᠠ ᠪᠠᠨ ᠣᠬᠣᠷ ; ᠨᠠᠪᠴᠢᠨ ᠤ᠋ ᠬᠡᠯᠡ ᠨᠢ ᠵᠢᠵᠢᠭ᠂ ᠣᠷᠣᠢ ᠳ᠋ᠤᠨᠢ ᠦᠰᠦ ᠲᠡᠢ ; ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠬᠠᠲᠠᠭᠤ᠂ ᠳᠣᠷᠣᠭᠰᠢ ᠬᠤᠮᠢᠷᠠᠨ᠎ᠠ᠂ ᠵᠡᠭᠦᠦ ᠮᠡᠲᠦ ᠦᠵᠦᠭᠦᠷ ᠲᠡᠢ᠂ 2—8cm ᠤᠷᠲᠤ᠂ 1.5—3mm ᠥᠷᠭᠡᠨ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠮᠠᠰᠢ ᠣᠬᠣᠷ᠂ ᠲᠣᠯᠣᠭᠠᠢ ᠬᠡᠯᠪᠡᠷᠢᠲᠦ ᠪᠤᠶᠤ ᠬᠠᠪᠲᠠᠭᠠᠢ᠂ 16mm ᠣᠷᠴᠢᠮ ᠤᠷᠲᠤ᠂ 5—13mm ᠥᠷᠭᠡᠨ᠂ ᠳᠣᠣᠭᠤᠷ ᠨᠢ ᠪᠠᠭᠯᠠᠭᠴᠢ ᠮᠡᠲᠦ ᠬᠣᠶᠠᠷ ᠨᠠᠪᠴᠢᠨ ᠤ᠋ ᠲᠣᠭᠳᠣᠢ ᠲᠣᠰᠴᠤ ᠪᠣᠢ ;  ᠵᠢᠵᠢᠭ ᠲᠦᠷᠦᠭᠦᠦ ᠨᠢ 4mm ᠬᠢᠷᠢ ᠤᠷᠲᠤ ;  ᠬᠣᠶᠠᠷ ᠬᠠᠯᠢᠰᠤ ᠨᠢ ᠢᠵᠢᠯ ᠪᠤᠰᠤ᠂ ᠨᠢᠭᠡ ᠯᠡ ᠰᠤᠳᠠᠯ ᠲᠠᠢ᠂ ᠨᠢᠭᠡᠳᠦᠭᠡᠷ ᠬᠠᠯᠢᠰᠤ ᠨᠢ ᠪᠦᠰᠡ ᠬᠡᠯᠪᠡᠷᠢ ᠲᠡᠢ᠂ 3mm ᠣᠷᠴᠢᠮ ᠤᠷᠲᠤ᠂ ᠬᠣᠶᠠᠳᠤᠭᠠᠷ ᠬᠠᠯᠢᠰᠤ ᠨᠢ ᠨᠡᠯᠢᠶᠡᠳ ᠥᠷᠭᠡᠨ᠂3.5mm ᠤᠷᠲᠤ ;  ᠭᠠᠳᠠᠷ ᠬᠡᠪᠡᠭ ᠨᠢ 4mm ᠣᠷᠴᠢᠮ ᠤᠷᠲᠤ᠂ ᠨᠢᠭᠡ ᠯᠡ ᠰᠤᠳᠠᠯ ᠲᠠᠢ ;  ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠪᠤᠶᠤ ᠪᠠᠬᠠᠨ ᠤᠷᠲᠤ ;  ᠡᠷ᠎ᠡ ᠲᠣᠭᠣᠷᠴᠣᠭ ᠨᠢ ᠬᠣᠶᠠᠷ᠂ 1.3mm ᠣᠷᠴᠢᠮ ᠤᠷᠲᠤ ᠰᠢᠷ᠎ᠠ ᠲᠣᠭᠣᠰᠣᠪᠴᠢ ᠲᠠᠢ᠃ ᠠᠮᠤ ᠵᠢᠮᠢᠰ ᠨᠢ ᠰᠢᠭᠠᠨᠲᠠᠭ ᠰᠢᠭ᠋ ᠪᠤᠶᠤ ᠤᠷᠲᠤᠯᠵᠢᠨ ᠪᠥᠭᠡᠷᠡᠩᠬᠡᠢ᠂ 2mm ᠬᠢᠷᠢ ᠤᠷᠲᠤ᠃
              ᠭᠣᠣᠯ ᠤ᠋ᠨ ᠬᠥᠪᠡᠭᠡ᠂ ᠭᠣᠣ ᠰᠤᠪᠠᠭ ᠤ᠋ᠨ ᠬᠥᠪᠡᠭᠡ᠂ ᠬᠤᠵᠢᠷᠯᠢᠭ ᠭᠠᠵᠠᠷ ᠲᠤ᠌ ᠤᠷᠭᠤᠨ᠎ᠠ᠃
         ᠮᠠᠨ ᠤ᠋ ᠤᠯᠤᠰ ᠤ᠋ᠨ ᠥᠪᠥᠷ ᠮᠣᠩᠭᠣᠯ᠂ ᠭᠠᠨᠰᠦ᠂ ᠱᠠᠨ ᠰᠢ᠂ ᠱᠠᠨᠰᠢ ᠳ᠋ᠤ᠌ ᠤᠷᠭᠤᠳᠠᠭ᠃
          ᠪᠡᠯᠴᠢᠭᠡᠷ ᠡᠪᠡᠰᠦ᠃ ᠬᠤᠵᠢᠷᠯᠢᠭ ᠬᠥᠷᠥᠰᠥ ᠶ᠋ᠢ ᠢᠯᠡᠷᠡᠭᠦᠯᠦᠭᠴᠢ ᠤᠷᠭᠤᠮᠠᠯ᠃ ᠵᠡᠭᠡᠰᠦᠯᠢᠭ ᠨᠢᠭᠤᠳᠠᠭᠠᠢ(简状隐花草  C.schoenoides   (L.)  Lam.) ᠳᠡᠭᠡᠷᠡᠬᠢ ᠤᠷᠭᠤᠮᠠᠯ ᠲᠠᠢ ᠲᠥᠰᠦᠭᠡᠲᠡᠢ᠂ ᠭᠡᠪᠡᠴᠦ ᠱᠣᠷᠣᠯᠵᠢᠨ ᠬᠡᠯᠪᠡᠷᠢᠲᠦ ᠪᠠᠭ ᠴᠡᠴᠡᠭ ᠨᠢ ᠢᠬᠴᠤ ᠲᠦᠷᠦᠭᠦᠦ ᠬᠡᠯᠪᠡᠷᠢ ᠲᠡᠢ᠂ ᠳᠣᠣᠭᠤᠷ ᠨᠢ ᠪᠠᠭᠯᠠᠭᠴᠢ ᠮᠡᠲᠦ ᠨᠢᠭᠡ ᠯᠡ ᠨᠠᠪᠴᠢᠨ ᠤ᠋ ᠲᠣᠭᠳᠣᠢ ᠲᠣᠰᠴᠤ ᠪᠣᠢ ;  ᠵᠢᠵᠢᠭ ᠲᠦᠷᠦᠭᠦᠦ ᠨᠢ 3mm ᠣᠷᠴᠢᠮ ᠤᠷᠲᠤ ;  ᠡᠷ᠎ᠡ ᠲᠣᠭᠣᠷᠴᠣᠭ ᠨᠢ ᠭᠤᠷᠪᠠ ᠪᠠᠢᠳᠠᠭ ᠠ᠋ᠴᠠ ᠢᠯᠭᠠᠭᠠᠲᠠᠢ᠃ ᠡᠯᠡᠰᠦᠷᠬᠡᠭ ᠬᠥᠷᠥᠰᠥᠨ ᠳ᠋ᠦ᠍ ᠤᠷᠭᠤᠨ᠎ᠠ᠃ ᠮᠠᠨ ᠤ᠋ ᠤᠯᠤᠰ ᠤ᠋ᠨ ᠥᠪᠥᠷ ᠮᠣᠩᠭᠣᠯ᠂ ᠰᠢᠨᠵᠢᠶᠠᠩ ᠵᠡᠷᠭᠡ ᠮᠣᠵᠢ ᠣᠷᠣᠨ ᠳ᠋ᠤ᠌ ᠤᠷᠭᠤᠳᠠᠭ᠃

      ᠬᠢᠲᠠᠳ ᠨᠡᠷ᠎ᠡ᠄隐花草
       ᠠᠩᠭ᠌ᠯᠢ ᠨᠡᠷ᠎ᠡ᠄ Crypsis aculeata (  L.  ) Ait.

              ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
               ᠬᠢᠨᠠᠭᠴᠢ᠄ ᠫᠣ· ᠴᠠᠭᠠᠨ