ᠣᠭᠲᠠᠷᠭᠤᠢ ᠶ᠋ᠢᠨ ᠥᠬᠢᠨ-ᠭ᠂ ᠡᠷᠳᠡᠨᠢᠴᠢᠮᠡᠭОгторгуйн охинErdenechimeg - Ogtorguin Ohin
ᠣᠭᠲᠠᠷᠭᠤᠢ ᠶ᠋ᠢᠨ ᠥᠬᠢᠨ
ᠭ᠂ ᠡᠷᠳᠡᠨᠢᠴᠢᠮᠡᠭ ᠳᠠᠭᠤᠯᠠᠨ᠎ᠠ
ᠠᠭᠤᠯᠠ ᠡᠭᠦᠯᠡ ᠲᠩᠷᠢ ᠶ᠋ᠢ ᠳᠠᠮᠨᠠᠭᠠᠳ
ᠤᠲᠤᠭ᠎ᠠ ᠮᠠᠨᠠᠨ ᠪᠣᠳᠣᠯ ᠳᠡᠭᠡᠭᠰᠢ ᠪᠡᠨ ᠰᠤᠭᠤᠨᠠᠭᠯᠠᠨ᠎ᠠ
ᠴᠢᠨᠠᠳᠤ ᠳ᠋ᠤ᠌ ᠰᠤᠭᠤᠨᠠᠭᠯᠠᠨ᠎ᠠ
ᠠᠷᠪᠠᠨ ᠨᠠᠢ᠍ᠮᠠᠨ ᠨᠠᠰᠤ ᠶ᠋ᠢ ᠳᠠᠪᠠᠭᠠᠳ
ᠠᠮᠠᠷᠠᠭ ᠬᠦᠦ ᠮᠢᠨᠢ ᠨᠠᠮ᠎ᠠ ᠶ᠋ᠢ ᠠᠪᠤᠭᠠᠳ ᠬᠤᠭᠤᠷᠳᠠᠨᠠ
ᠰᠠᠯᠬᠢ ᠪᠠᠷ ᠬᠤᠭᠤᠷᠳᠠᠨᠠ
ᠴᠡᠭᠡᠵᠢᠨ ᠳ᠋ᠦ᠍ ᠮᠢᠨᠢ ᠭᠦᠶᠦᠯᠳᠦᠭᠡ ᠴᠢᠨᠠᠳᠤᠬᠢ ᠰᠠᠯᠬᠢ ᠶ᠋ᠢ
ᠴᠢᠩᠨᠠᠨ ᠰᠠᠭᠤᠶ᠎ᠠ᠁
ᠤᠷᠲᠤ ᠰᠥᠨᠢ ᠶ᠋ᠢᠨ ᠵᠡᠭᠦᠳᠦ ᠪᠡᠷ ᠢ᠋ᠶ᠋ᠡᠨ
ᠤᠳᠬ᠎ᠠ ᠶᠣ᠌ ᠶ᠋ᠢ ᠰᠡᠢᠷᠡᠭᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠮᠠᠨᠳᠤᠬᠤ ᠶᠣ᠌ ᠮᠠᠷᠭᠠᠰᠢ ᠪᠠᠨ
ᠮᠠᠭᠠᠳ ᠶᠠᠭᠤᠮᠠᠰ ᠢ᠋ ᠭᠡᠲᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠣ ᠣᠷᠣ ᠦᠭᠡᠢ ᠣᠭᠲᠠᠷᠭᠤᠢ ᠶ᠋ᠢᠨ ᠥᠬᠢᠨ ᠴᠢᠩᠨᠠᠬᠤᠢ ᠳ᠋ᠤ᠌
ᠭᠡᠷ ᠦ᠋ᠨ ᠴᠢᠨᠢ ᠲᠣᠭᠣᠨᠣ ᠪᠠᠷ ᠭᠡᠷᠡᠯ ᠲᠡᠭᠡᠭᠡᠭᠰᠡᠨ ᠤᠬᠠᠭᠠᠨ ᠢ᠋ ᠴᠢ ᠮᠡᠳᠡᠷᠡᠬᠦᠢ᠁
ᠲᠠᠩᠭᠢᠰ ᠳᠠᠯᠠᠢ ᠲᠡᠭᠦᠨ ᠦ᠌ ᠵᠠᠭᠠᠭ ᠢ᠋ᠶ᠋ᠠᠷ
ᠲᠦᠮᠡᠨ ᠪᠣᠳᠣᠯ ᠲᠡᠷᠲᠡᠭᠡ ᠠᠯᠤᠰ ᠲᠤ ᠠᠭᠤᠰᠤᠨ᠎ᠠ
ᠲᠡᠷᠲᠡᠭᠡ ᠳ᠋ᠦ᠍ ᠳᠠᠭᠤᠰᠤᠨ᠎ᠠ
ᠠᠷᠪᠠᠨ ᠰᠠᠷ᠎ᠠ ᠶ᠋ᠢᠨ ᠲᠩᠷᠢ ᠳᠣᠣᠷ᠎ᠠ ᠪᠢ
ᠠᠮᠠᠷᠠᠭ ᠬᠦᠦ ᠲᠡᠢ ᠪᠡᠨ ᠬᠠᠮᠲᠤ ᠳᠡᠭᠡᠭᠰᠢ ᠪᠡᠨ ᠬᠥᠭᠡᠷᠦᠨ᠎ᠡ
ᠰᠠᠯᠬᠢ ᠪᠠᠷ ᠬᠥᠯᠭᠡᠯᠡᠨᠡ᠁
ᠬᠠᠷᠠᠴᠠᠨ ᠳ᠋ᠤ᠌ ᠮᠢᠨᠢ ᠪᠠᠭᠤᠭᠰᠠᠨ
ᠣᠭᠲᠠᠷᠭᠤᠢ ᠶ᠋ᠢᠨ ᠭᠦᠨ ᠬᠠᠷᠠᠨ ᠰᠠᠭᠤᠶ᠎ᠠ
ᠤᠷᠲᠤ ᠰᠥᠨᠢ ᠶ᠋ᠢᠨ ᠵᠡᠭᠦᠳᠦ ᠪᠡᠷ ᠢ᠋ᠶ᠋ᠡᠨ
ᠤᠳᠬ᠎ᠠ ᠶᠤ᠌ ᠶ᠋ᠢ ᠰᠡᠢᠷᠡᠭᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠮᠠᠨᠳᠤᠬᠤ ᠶᠤ᠌ ᠮᠠᠷᠭᠠᠰᠢ ᠪᠠᠨ
ᠮᠠᠭᠠᠳ ᠶᠠᠭᠤᠮᠠᠰ ᠢ᠋ ᠭᠡᠲᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠤᠷᠲᠤ ᠰᠥᠨᠢ ᠶ᠋ᠢᠨ ᠵᠡᠭᠦᠳᠦ ᠪᠡᠷ ᠢ᠋ᠶ᠋ᠡᠨ
ᠤᠳᠬ᠎ᠠ ᠶᠤ᠌ ᠶ᠋ᠢ ᠰᠡᠢᠷᠡᠭᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠮᠠᠨᠳᠤᠬᠤ ᠶᠤ᠌ ᠮᠠᠷᠭᠠᠰᠢ ᠪᠠᠨ
ᠮᠠᠭᠠᠳ ᠶᠠᠭᠤᠮᠠᠰ ᠢ᠋ ᠭᠡᠲᠦᠯᠬᠦ ᠳ᠋ᠡᠭᠡᠨ
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠣᠭᠲᠠᠷᠭᠤᠢ ᠥᠪᠡᠷ ᠢ᠋ᠶ᠋ᠡᠨ ᠮᠡᠳᠡᠨ᠎ᠡ ᠠ᠋
ᠦᠰᠦᠭ ᠬᠠᠲᠠᠭᠰᠠᠨ ᠨᠢ᠄ ᠠᠩᠴᠢᠨ
ᠦᠰᠦᠭ ᠠᠮᠢᠯᠠᠭᠤᠯᠤᠭᠰᠠᠨ ᠨᠢ᠄ ᠠᠩᠴᠢᠨ
ᠬᠢᠨᠠᠭᠴᠢ᠄ ᠢᠷᠡᠭᠡᠳᠦᠢ
