ᠡᠷᠡᠭᠦᠯ ᠦ᠋ᠨ ᠪᠠᠶᠠᠷ ᠤ᠋ᠨ ᠳᠠᠭᠤᠤ- ᠳ· ᠨᠠᠴᠤᠭᠳᠣᠷᠵᠢЭрүүлийн баярын дуу-Д.Нацагдорж
ᠳ᠂ ᠨᠠᠴᠤᠭᠳᠣᠷᠵᠢ
ᠡᠷᠡᠭᠦᠯ ᠡᠰᠡᠨ ᠭᠡᠭᠴᠢ
ᠡᠳᠦᠷ ᠪᠦᠷᠢ ᠪᠠᠶᠠᠷ
ᠨᠢᠭᠤᠷ ᠴᠢᠷᠠᠢ ᠭᠢᠯᠪᠠᠵᠤ
ᠴᠣᠭ ᠵᠠᠯᠢ ᠪᠠᠳᠠᠷᠠᠨ᠎ᠠ᠃
ᠬᠥᠳᠡᠯᠬᠦ ᠶᠠᠪᠤᠬᠤ ᠳᠤᠷ᠎ᠠ ᠪᠠᠷ
ᠬᠢᠬᠦ ᠪᠦᠲᠦᠭᠡᠬᠦ ᠰᠡᠳᠬᠢᠯ ᠢ᠋ᠶ᠋ᠡᠷ
ᠵᠣᠷᠢᠭᠰᠠᠨ ᠭᠠᠵᠠᠷ ᠢ᠋ᠶ᠋ᠠᠨ ᠬᠦᠷᠦᠨ᠎ᠡ᠃
ᠰᠠᠨᠠᠭᠰᠠᠨ ᠬᠡᠷᠡᠭ ᠢ᠋ ᠦᠢᠯᠡᠳᠦᠨ᠎ᠡ᠃
ᠬᠡᠭᠡᠷ᠎ᠡ ᠬᠥᠳᠡᠭᠡ ᠵᠤᠭᠠᠴᠠᠵᠤ
ᠪᠡᠶ᠎ᠡ ᠮᠠᠬᠠᠪᠣᠳ ᠢ᠋ ᠰᠠᠢᠵᠢᠷᠠᠭᠤᠯᠤᠨ᠎ᠠ᠃
ᠨᠠᠭᠠᠳᠤᠮ ᠴᠡᠩᠭᠡᠯ ᠢ᠋ᠶ᠋ᠡᠷ ᠪᠡᠶᠡᠰᠴᠦ
ᠰᠡᠳᠬᠢᠯ ᠰᠠᠨᠠᠭ᠎ᠠ ᠶ᠋ᠢ ᠲᠠᠢᠳᠬᠤᠷᠠᠭᠤᠯᠤᠨᠠ᠃
ᠡᠳᠦᠷ ᠪᠦᠷᠢ ᠠᠵᠢᠯᠯᠠᠵᠤ
ᠥᠪᠡᠷ ᠦ᠋ᠨ ᠪᠡᠶ᠎ᠡ ᠶ᠋ᠢ ᠲᠡᠵᠢᠭᠡᠨ᠎ᠡ᠃
ᠤᠷᠮ᠎ᠠ ᠵᠣᠷᠢᠭ ᠥᠷᠨᠢᠵᠦ
ᠤᠯᠤᠰ ᠲᠥᠷᠥ ᠳ᠋ᠡᠭᠡᠨ ᠲᠤᠰᠠᠯᠠᠨ᠎ᠠ᠃
ᠵᠠᠯᠠᠭᠤ ᠨᠠᠰᠤᠨ ᠳ᠋ᠠᠭᠠᠨ ᠴᠢᠭᠢᠷᠠᠭ
ᠨᠠᠷᠠ ᠰᠠᠷ᠎ᠠ ᠰᠢᠭ ᠲᠤᠩᠭᠠᠯᠠᠭ᠃
ᠨᠠᠰᠤ ᠠᠬᠢᠭᠰᠠᠨ ᠴᠤ᠌ ᠢᠳᠡᠷᠬᠡᠭ
ᠬᠦᠢᠲᠡᠨ ᠬᠠᠯᠠᠭᠤᠨ ᠳ᠋ᠤ᠌ ᠴᠤ᠌ ᠡᠷᠡᠯᠬᠡᠭ᠃
ᠡᠷᠡᠭᠦᠯ ᠡᠰᠡᠨ ᠪᠣᠯ
ᠡᠩᠬᠡ ᠶ᠋ᠢᠨ ᠵᠢᠷᠭᠠᠯ ᠮᠥᠨ᠃
ᠡᠩᠬᠡ ᠶ᠋ᠢᠨ ᠵᠢᠷᠭᠠᠯ ᠪᠣᠯ
ᠬᠡᠨ ᠦ᠌ ᠴᠤ᠌ ᠬᠦᠰᠡᠯ ᠮᠥᠨ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
