ᠡᠪᠡᠳᠴᠢᠲᠡᠨ ᠦ᠌ ᠶᠣᠢᠯᠠᠬᠤ ᠳᠠᠭᠤ- ᠳ· ᠨᠠᠴᠤᠭᠳᠣᠷᠵᠢӨвчтөний ёйлах дуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠡᠳᠴᠢᠲᠡᠨ ᠦ᠌ ᠶᠣᠢᠯᠠᠬᠤ ᠳᠠᠭᠤ- ᠳ· ᠨᠠᠴᠤᠭᠳᠣᠷᠵᠢӨвчтөний ёйлах дуу

ᠡᠪᠡᠳᠴᠢᠲᠡᠨ ᠦ᠌ ᠶᠣᠢᠯᠠᠬᠤ ᠳᠠᠭᠤ- ᠳ· ᠨᠠᠴᠤᠭᠳᠣᠷᠵᠢӨвчтөний ёйлах дуу

2024-06-07

256

       ᠳ· ᠨᠠᠴᠤᠭᠳᠣᠷᠵᠢ 
ᠮᠢᠨᠦ ᠨᠢᠭᠡ ᠨᠥᠬᠥᠷ 
ᠨᠠᠰᠤ ᠭᠤᠴᠢ ᠢᠯᠡᠭᠦᠦ᠃
ᠬᠠᠭᠤᠴᠢᠨ ᠡᠪᠡᠳᠴᠢᠨ ᠳ᠋ᠦ᠍ ᠨᠡᠷᠪᠡᠭᠳᠡᠭᠡᠳ 
ᠭᠡᠷ ᠦ᠋ᠨ ᠮᠤᠬᠤᠷ ᠲᠤ᠌ ᠬᠡᠪᠲᠡᠨ᠎ᠡ᠃

ᠣᠭᠲᠣ ᠲᠠᠨᠢᠭᠳᠠᠬᠤ ᠦᠭᠡᠢ ᠪᠣᠯᠤᠭᠠᠳ 
ᠣᠷᠣᠨ ᠳᠡᠭᠡᠷ᠎ᠡ ᠳᠠᠷᠤᠭᠠᠰᠤᠲᠠᠢ 
ᠣᠢᠷ᠎ᠠ ᠬᠠᠪᠢ ᠳ᠋ᠤᠨᠢ ᠬᠦᠷᠦᠮᠡᠭᠴᠡ 
ᠶᠣᠢᠯᠠᠬᠤ ᠳᠠᠭᠤ ᠭᠡᠩᠰᠢᠯᠡᠨ᠎ᠡ᠃

ᠴᠢᠬᠢᠨ ᠳ᠋ᠦ᠍ ᠰᠣᠨᠣᠰᠬᠤ ᠳ᠋ᠤ᠌ ᠵᠢᠪᠡᠭᠦᠨ
ᠰᠡᠳᠬᠢᠯ ᠳ᠋ᠦ᠍ ᠪᠣᠳᠣᠬᠤ ᠳ᠋ᠤ᠌ ᠰᠡᠵᠢᠭᠯᠡᠮᠡᠷ
ᠵᠢᠰᠦ ᠴᠢᠷᠠᠢ ᠨᠢ ᠰᠢᠷᠠᠯᠠᠭᠠᠳ
ᠠᠷᠠᠰᠤ ᠮᠢᠬ᠎ᠠ ᠨᠢ ᠬᠡᠯᠬᠢᠯᠳᠦᠵᠡᠢ᠃

ᠲᠣᠯᠣᠭᠠᠢ ᠬᠦᠵᠦᠭᠦᠦ ᠶ᠋ᠢ ᠬᠥᠳᠡᠯᠭᠡᠵᠦ ᠴᠢᠳᠠᠬᠤ ᠦᠭᠡᠢ
ᠲᠣᠳᠣ ᠦᠭᠡ ᠶ᠋ᠢ ᠥᠭᠦᠯᠡᠵᠦ ᠴᠢᠳᠠᠬᠤ ᠦᠭᠡᠢ
ᠤᠢᠳᠬᠠᠷᠲᠤ ᠣᠷᠣᠨ ᠳ᠋ᠤ᠌ ᠬᠡᠪᠲᠡᠭᠡᠳ
ᠦᠬᠦᠬᠦ ᠡᠳᠦᠷ ᠢ᠋ ᠬᠦᠯᠢᠶᠡᠨ᠎ᠡ᠃

ᠡᠮ ᠳᠠᠩ ᠢ᠋ᠶ᠋ᠠᠷ ᠬᠣᠭᠣᠯᠠ ᠬᠢᠵᠦ
ᠡᠪᠡᠳᠬᠦ ᠴᠢᠨᠦᠷᠡᠬᠦ ᠪᠡᠷ ᠵᠤᠭ᠎ᠠ ᠪᠣᠯᠭᠠᠨ᠎ᠠ᠃
ᠥᠪᠡᠷ ᠦ᠋ᠨ ᠪᠡᠶ᠎ᠡ ᠬᠠᠢᠷᠠᠨ ᠪᠣᠯᠤᠭᠠᠳ
ᠤᠯᠤᠰ ᠲᠠᠭᠠᠨ ᠪᠠᠰᠠ ᠬᠡᠷᠡᠭ ᠦᠭᠡᠢ ᠪᠣᠯᠵᠠᠢ᠃

ᠡᠩᠬᠦᠷᠡᠢᠯᠡᠵᠦ ᠶᠠᠪᠤᠭᠰᠠᠨ ᠦᠭᠡᠢ ᠶ᠋ᠢᠨ ᠬᠠᠷᠠᠭ᠎ᠠ
ᠡᠷᠲᠡ ᠡᠴᠡ ᠰᠤᠪᠢᠯᠠᠭᠰᠠᠨ ᠦᠭᠡᠢ ᠶ᠋ᠢᠨ ᠬᠣᠬᠢ
ᠡᠷᠡᠭᠦᠯ ᠢ᠋ ᠬᠠᠮᠠᠭᠠᠯᠠᠬᠤ ᠳ᠋ᠤ᠌ ᠣᠴᠢᠭᠰᠠᠨ ᠪᠣᠯ
ᠢᠩᠭᠢᠵᠦ ᠶᠠᠭᠤᠨ ᠳ᠋ᠤ᠌ ᠬᠡᠪᠲᠡᠨᠡᠮ ᠪᠢᠯᠡ᠃

        1935 ᠣᠨ

   ᠦᠰᠦᠭ ᠠᠮᠢᠯᠠᠭᠤᠯᠤᠭᠴᠢ᠄ ᠣᠶᠤᠨᠪᠠᠲᠤ
   ᠬᠢᠨᠠᠭᠴᠢ᠄ ᠰᠡᠬᠡᠭᠡᠷᠡᠯ᠂ ᠣᠳᠬᠠᠨᠰᠣ᠎ᠠ