ᠲᠥᠪᠡᠳ ᠲᠣᠪᠴᠢ (ᠬᠣᠯᠢᠮ᠎ᠠ)Төвд товч (холим) ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠪᠡᠳ ᠲᠣᠪᠴᠢ (ᠬᠣᠯᠢᠮ᠎ᠠ)Төвд товч (холим)

ᠲᠥᠪᠡᠳ ᠲᠣᠪᠴᠢ (ᠬᠣᠯᠢᠮ᠎ᠠ)Төвд товч (холим)

2024-06-07

299

ᠲᠥᠪᠡᠳ ᠲᠣᠪᠴᠢ (ᠬᠣᠯᠢᠮ᠎ᠠ)

                     ᠦᠶᠡᠲᠦ ᠤᠷᠭᠤᠮᠠᠯ ᠤ᠋ᠨ ᠢᠵᠠᠭᠤᠷ 
         ᠡᠪᠡᠰᠦᠯᠢᠭ ᠤᠷᠭᠤᠮᠠᠯ᠂ 3mm ᠣᠷᠴᠢᠮ ᠪᠦᠳᠦᠭᠦᠨ ᠰᠠᠬᠠᠯ ᠦᠨᠳᠦᠰᠦ ᠲᠡᠢ᠃ ᠰᠦᠷᠡᠯ ᠨᠢ1— 1.5m ᠥᠨᠳᠥᠷ ᠰᠢᠯᠤᠭᠤᠨ ᠤᠷᠭᠤᠨ᠎ᠠ᠂ ᠪᠠᠷᠤᠭ ᠠᠷᠪᠠᠭᠠᠳ ᠦᠶ᠎ᠡ ᠲᠡᠢ᠃ ᠨᠠᠪᠴᠢ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ 30cm ᠣᠷᠴᠢᠮ ᠤᠷᠲᠤ᠂ 1.5—3cm ᠥᠷᠭᠡᠨ᠂ ᠰᠢᠷᠦᠭᠦᠨ ᠬᠥᠪᠡᠭᠡ ᠲᠡᠢ᠂ ᠭᠣᠣᠯ ᠰᠤᠳᠠᠯ ᠨᠢ ᠪᠦᠳᠦᠭᠦᠨ ᠪᠥᠭᠡᠳ ᠠᠷᠤ ᠳ᠋ᠠᠭᠠᠨ ᠭᠦᠷᠡᠢᠵᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢᠨ ᠤ᠋ ᠥᠪᠥᠷ ᠡᠴᠡ ᠪᠠᠭᠰᠢᠷᠠᠨ ᠤᠷᠭᠤᠨ᠎ᠠ᠂ 6—10cm ᠤᠷᠲᠤ᠂ ᠶᠡᠷᠦᠩᠬᠡᠢ  ᠪᠠᠷᠢᠭᠤᠯ ᠲᠠᠢ ;  ᠵᠢᠵᠢᠭ ᠲᠦᠷᠦᠭᠦᠦ ᠨᠢ ᠭᠠᠭᠴᠠ ᠪᠡᠯᠭᠡ ᠲᠡᠢ ;  ᠡᠮ᠎ᠡ ᠵᠢᠵᠢᠭ ᠲᠦᠷᠦᠭᠦᠦ ᠨᠢ ᠪᠠᠭ ᠴᠡᠴᠡᠭ ᠦ᠋ᠨ ᠳᠣᠣᠷᠠᠲᠤ ᠬᠡᠰᠡᠭ ᠲᠦ᠍ ᠭᠤᠷᠪᠠ ᠭᠤᠷᠪᠠ ᠪᠠᠷ ᠤᠷᠭᠤᠨ᠎ᠠ᠂ 7—9mm ᠤᠷᠲᠤ᠂ ᠭᠠᠳᠠᠭᠤᠷ ᠨᠢ ᠡᠷᠢᠬᠡᠨ ᠬᠡᠯᠪᠡᠷᠢᠲᠦ ᠶᠠᠰᠤᠯᠢᠭ ᠶᠡᠷᠦᠩᠬᠡᠢ ᠪᠠᠭᠯᠠᠭᠴᠢ ᠪᠦᠷᠬᠦᠵᠦ ᠪᠣᠢ᠂ ᠨᠢᠭᠡ ᠴᠡᠴᠡᠭ ᠨᠢ ᠦᠷᠡᠯᠡᠨ᠎ᠡ ;  ᠨᠢᠭᠡᠳᠦᠭᠡᠷ ᠬᠠᠯᠢᠰᠤ ᠶ᠋ᠢᠨ ᠳᠣᠣᠷᠠᠲᠤ ᠬᠠᠭᠠᠰ ᠨᠢ ᠲᠣᠷᠭᠠᠨ ᠬᠠᠯᠢᠰᠤᠯᠢᠭ᠂ ᠳᠡᠭᠡᠳᠦ ᠬᠠᠭᠠᠰ ᠨᠢ ᠵᠤᠵᠠᠭᠠᠨ᠂ ᠮᠤᠬᠤᠷ ᠦᠵᠦᠭᠦᠷ ᠲᠡᠢ᠂ ᠬᠣᠶᠠᠳᠤᠭᠠᠷ ᠬᠠᠯᠢᠰᠤ ᠨᠢ ᠱᠣᠪᠣᠭᠣᠷ ᠦᠵᠦᠭᠦᠷ ᠲᠡᠢ ᠪᠥᠭᠡᠳ ᠨᠢᠭᠡᠳᠦᠭᠡᠷ ᠬᠠᠯᠢᠰᠤᠨ ᠳ᠋ᠤ᠌ ᠪᠠᠭᠯᠠᠭᠳᠠᠵᠤ ᠪᠣᠢ ;  ᠨᠢᠭᠡᠳᠦᠭᠡᠷ ᠴᠡᠴᠡᠭ ᠨᠢ ᠵᠥᠪᠬᠡᠨ ᠬᠠᠯᠢᠰᠤ ᠠ᠋ᠴᠠ ᠪᠠᠬᠠᠨ ᠣᠬᠣᠷ ᠭᠠᠳᠠᠷ ᠬᠡᠪᠡᠭ ᠲᠡᠢ᠃ ᠡᠮ᠎ᠡ ᠲᠣᠭᠣᠷᠴᠣᠭ ᠨᠢ ᠬᠣᠶᠠᠷ ᠠᠮᠠᠰᠠᠷᠲᠤ ᠤᠷᠲᠤ ᠴᠡᠴᠡᠭ ᠦ᠋ᠨ ᠪᠠᠭᠠᠨ᠎ᠠ ᠲᠠᠢ ;  ᠡᠷ᠎ᠡ ᠵᠢᠵᠢᠭ ᠲᠦᠷᠦᠭᠦᠦ ᠨᠢ ᠡᠷᠢᠬᠡᠨ ᠬᠡᠯᠪᠡᠷᠢᠲᠦ ᠶᠡᠷᠦᠩᠬᠡᠢ ᠪᠠᠭᠯᠠᠭᠴᠢ ᠶ᠋ᠢᠨ ᠳᠣᠲᠣᠷ᠎ᠠ ᠠ᠋ᠴᠠ ᠤᠷᠭᠤᠵᠤ ᠭᠠᠷᠤᠨ᠎ᠠ᠂ ᠪᠠᠭ ᠴᠡᠴᠡᠭ ᠦ᠋ᠨ ᠳᠡᠭᠡᠳᠦ ᠬᠡᠰᠡᠭ ᠦ᠋ᠨ ᠦᠶ᠎ᠡ ᠪᠦᠷᠢ ᠳ᠋ᠦ᠍ 2—3 ᠪᠠᠷ ᠤᠷᠭᠤᠳᠠᠭ᠂ ᠲᠡᠭᠦᠨ ᠦ᠌ ᠨᠢᠭᠡ ᠨᠢ ᠪᠠᠷᠢᠭᠤᠯ ᠦᠭᠡᠢ᠂ ᠪᠤᠰᠤᠳ ᠨᠢ ᠪᠠᠷᠢᠭᠤᠯ ᠲᠠᠢ ;  ᠪᠠᠷᠢᠭᠤᠯ ᠦᠭᠡᠢ ᠡᠷ᠎ᠡ ᠵᠢᠵᠢᠭ ᠲᠦᠷᠦᠭᠦᠦ ᠨᠢ 6—7mm ᠤᠷᠲᠤ ;  ᠭᠠᠳᠠᠷ᠂ ᠳᠣᠲᠣᠷ ᠬᠡᠪᠡᠭ ᠨᠢ ᠪᠦᠷ ᠲᠣᠷᠭᠠᠨ ᠬᠠᠯᠢᠰᠤᠯᠢᠭ ;  ᠡᠷ᠎ᠡ ᠲᠣᠭᠣᠷᠴᠣᠭ ᠨᠢ ᠭᠤᠷᠪᠠ᠂ 4—5mm ᠤᠷᠲᠤ ᠰᠢᠷ᠎ᠠ ᠬᠦᠷᠡᠩ ᠲᠣᠭᠣᠰᠣᠪᠴᠢ ᠲᠠᠢ᠃ ᠠᠮᠤ ᠵᠢᠮᠢᠰ ᠨᠢ 5mm ᠣᠷᠴᠢᠮ ᠤᠷᠲᠤ᠂ ᠪᠥᠭᠡᠷᠡᠩᠬᠡᠢ ᠬᠦᠢᠰᠦ ᠲᠡᠢ᠃
       ᠭᠣᠣᠯ᠂ ᠭᠣᠷᠣᠬ᠎ᠠ ᠶ᠋ᠢᠨ ᠬᠥᠪᠡᠭᠡ᠂ ᠠᠭᠤᠯᠠ ᠶ᠋ᠢᠨ ᠭᠣᠣ ᠵᠢᠯᠠᠭ᠎ᠠ᠂ ᠴᠢᠭᠢᠭᠲᠡᠢ ᠠᠲᠠᠷ ᠭᠠᠵᠠᠷ᠂ ᠠᠢᠯ ᠲᠣᠰᠬᠣᠨ ᠤ᠋ ᠣᠷᠴᠢᠮ ᠳ᠋ᠤ᠌ ᠪᠦᠷ ᠤᠷᠭᠤᠨ᠎ᠠ᠃
       ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠠᠷᠠᠴᠢᠯᠠᠨ ᠲᠠᠷᠢᠵᠤ ᠪᠣᠢ᠃
         ᠠᠮᠤ ᠵᠢᠮᠢᠰ ᠢ᠋ ᠨᠢ ᠢᠳᠡᠨ᠎ᠡ᠂ ᠠᠷᠢᠬᠢ ᠨᠡᠷᠡᠨ᠎ᠡ᠂ ᠡᠮ ᠳ᠋ᠦ᠍ ᠣᠷᠣᠨ᠎ᠠ᠂ ᠴᠢᠨᠠᠷ ᠰᠠᠢᠨ ᠪᠣᠷᠳᠣᠭ᠎ᠠ ᠮᠥᠨ᠃ ᠡᠰᠢ ᠨᠠᠪᠴᠢ ᠨᠢ ᠴᠠᠭᠠᠰᠤ ᠶ᠋ᠢᠨ ᠲᠦᠭᠦᠬᠡᠢ ᠡᠳ᠋᠃ ᠦᠵᠡᠮᠵᠢ ᠶ᠋ᠢᠨ ᠤᠷᠭᠤᠮᠠᠯ᠃

         ᠬᠢᠲᠠᠳ ᠨᠡᠷ᠎ᠡ᠄薏笖
         ᠠᠩᠭ᠌ᠯᠢ ᠨᠡᠷ᠎ᠡ᠄ Coix lacryma—jobi L.

               ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
               ᠬᠢᠨᠠᠭᠴᠢ᠄ ᠫᠣ· ᠴᠠᠭᠠᠨ