ᠢᠨᠵᠠᠭᠠᠨ ᠵᠦᠰᠡ2(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 2(солонгон найраглал※)Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠨᠵᠠᠭᠠᠨ ᠵᠦᠰᠡ2(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 2(солонгон найраглал※)Ёндоны Билиг - Баатар

ᠢᠨᠵᠠᠭᠠᠨ ᠵᠦᠰᠡ2(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 2(солонгон найраглал※)Ёндоны Билиг - Баатар

2024-06-06

258

ᠬᠣᠶᠠᠷ ᠬᠥᠬᠡᠴᠢᠨ


           ᠬᠣᠶᠠᠷ  ᠬᠥᠬᠡᠴᠢᠨ     

 ᠨᠠᠷᠠ ᠲᠠᠢ ᠪᠣᠷᠣᠭᠠᠨ ᠳᠣᠣᠭᠤᠷ ᠴᠢᠨᠢ ᠠ᠋  
 ᠬᠤᠷᠠᠭᠠᠨ ᠪᠡᠯᠴᠢᠭᠡᠷ ᠢ᠋ᠶ᠋ᠡᠷ 
 ᠣᠯᠠᠨ ᠴᠤ ᠥᠰᠥᠷᠬᠡᠯ᠎ᠡ ᠳᠧ ᠬᠥᠭᠡᠷᠦᠬᠦᠢ 
 ᠰᠠᠷᠠ ᠲᠠᠢ ᠰᠢᠪᠡᠷᠡᠭᠡ ᠪᠣᠷᠣᠭᠠᠨ ᠢ᠋ ᠬᠠᠷᠢᠨ 
 ᠡᠨᠡ ᠰᠥᠨᠢ ᠯᠡ ᠨᠢᠭᠡ ᠦᠵᠡᠭᠡᠳ 
 ᠨᠢᠳᠦ ᠪᠡᠨ ᠭᠠᠢᠭᠤᠢ ᠬᠤᠵᠢᠷᠯᠠᠯ᠎ᠠ ᠭᠡᠮ ᠠ᠋ 
 ᠭᠦᠨ ᠰᠥᠨᠢ ᠪᠡᠷ ᠰᠢᠪᠠᠭᠤᠳ ᠵᠢᠷᠭᠢᠬᠦ ᠶ᠋ᠢ 
 ᠬᠣᠷᠢᠨ ᠵᠢᠯ ᠦ᠋ᠨ ᠡᠮᠦᠨ᠎ᠡ ᠰᠠᠶᠢ ᠯᠠ 
 ᠰᠢᠯᠤᠭᠤᠨ ᠬᠥᠬᠡ ᠶ᠋ᠢᠨ ᠬᠥᠳᠡᠭᠡ 
 ᠴᠢᠬᠢ ᠪᠡᠨ ᠭᠠᠢᠬᠠᠲᠠᠯ᠎ᠠ ᠰᠣᠨᠣᠰᠤᠭᠰᠠᠨ ᠢ᠋ 
 ᠣᠳᠣᠳ ᠤᠶᠠᠷᠠᠩᠬᠠᠨ ᠤᠬᠢᠯᠠᠭᠰᠠᠨ 
 ᠡᠨᠡ ᠯᠡ ᠬᠠᠷᠠᠩᠭᠤᠢ ᠰᠥᠨᠢ ᠡᠷᠭᠢᠴᠡᠭᠦᠯᠦᠯ᠎ᠡ 
 ᠨᠠᠷᠠ ᠲᠠᠢ ᠪᠣᠷᠣᠭᠠᠨ ᠪᠠᠢᠵᠤ ᠪᠠᠢᠬᠤ ᠳ᠋ᠤ᠌ 
 ᠰᠠᠷᠠ ᠲᠠᠢ ᠪᠣᠷᠣᠭᠠᠨ ᠪᠠᠢᠵᠤ ᠪᠣᠯᠬᠤ ᠪᠠᠢᠯᠭᠦᠢ 
 ᠠᠯᠲᠠᠨ ᠭᠥᠯᠥᠭᠡ ᠣᠮᠪᠣᠯ ᠢ᠋ᠶ᠋ᠠᠨ ᠬᠥᠲᠥᠯᠦᠨ 
 ᠠᠯᠲᠠᠨ ᠬᠠᠭᠠᠨ ᠤ᠋ ᠨᠡᠢᠰᠯᠡᠯ ᠦ᠋ᠨ 
 ᠠᠭᠤᠳᠠᠮᠬᠠᠨ ᠵᠡᠭᠡᠯᠢ ᠶ᠋ᠢᠨ ᠬᠠᠵᠠᠭᠤ ᠪᠠᠷ 
 ᠠᠭᠤᠤ ᠨᠠᠮ ᠤ᠋ᠨ ᠰᠤᠷᠭᠠᠭᠤᠯᠢ ᠶ᠋ᠢᠨ ᠡᠮᠦᠨᠡᠭᠦᠷ 
 ᠬᠥᠬᠡᠬᠣᠲᠠ ᠶ᠋ᠢᠨ ᠮᠡᠯᠮᠡᠢ※ ᠶ᠋ᠢᠨ ᠳᠡᠷᠭᠡᠳᠡᠭᠦᠷ 
 ᠰᠠᠷᠠᠨ ᠠᠪᠠᠬᠠᠢ ᠡᠭᠦᠯᠡ ᠬᠦᠯᠦᠭ᠍ᠯᠡᠭ᠍ᠰᠡᠨ 
 ᠰᠣᠨᠢᠷᠬᠠᠯᠲᠠᠢ ᠰᠥᠨᠢ ᠶ᠋ᠢᠨ 
 ᠪᠣᠷᠣᠭᠠᠨ ᠳᠤᠮᠳᠠᠭᠤᠷ ᠴᠢᠨᠢ ᠠ᠋ 
 ᠰᠢᠯᠦᠭ ᠰᠡᠳᠬᠢᠮᠵᠢᠯᠡᠩᠬᠡᠨ 
 ᠠᠷᠠᠭᠠᠨ ᠰᠢᠯᠦᠰᠦ ᠠᠰᠬᠠᠷᠠᠮ᠎ᠠ 
 ᠰᠠᠢᠬᠠᠨ ᠰᠠᠨᠠᠭ᠎ᠠ ᠰᠠᠷᠠᠯ ᠤ᠋ᠨ ᠣᠯᠵᠠᠲᠠᠢᠬᠠᠨ 
 ᠴᠡᠯ ᠪᠤᠭᠤᠷᠤᠯ ᠦᠰᠦ ᠪᠡᠨ 
 ᠰᠠᠷᠠ ᠲᠢ ᠢᠨᠵᠠᠭᠠᠨ ᠵᠦᠰᠡ ᠪᠡᠷ ᠴᠢᠨᠢ 
 ᠰᠠᠮᠨᠠᠭᠤᠯᠤᠩᠬᠠᠨ ᠠᠮᠤᠭᠤᠯᠠᠩ ᠠᠯᠬᠤᠯᠠᠯ᠎ᠠ ᠁ 
 ᠁ ᠣᠷᠣᠬᠤ ᠣᠷᠣᠬᠤ ᠦᠭᠡᠢ ᠨᠢ ᠠ᠋ 
 ᠁  ᠪᠣᠷᠣᠭᠠᠨ ᠤ᠋ ᠰᠠᠨᠠᠭ᠎ᠠ ᠡᠷᠬᠡ ᠪᠢᠰᠢ ᠁  
 ᠲᠡᠭᠷᠢ ᠠᠪᠤ ᠶ᠋ᠢᠨ ᠯᠡ ᠰᠦᠷ ᠵᠠᠷᠯᠢᠭ ᠪᠠᠢᠯᠭᠦᠢ 
 ᠁  ᠣᠷᠣᠬᠤ ᠪᠣᠷᠣᠭᠠᠨ ᠢ ᠮᠢᠨᠢ ᠡ
 ᠁  ᠣᠷᠣᠭᠤᠯᠬᠤ ᠦᠭᠡᠢ ᠭᠡᠵᠦ ᠳᠡᠮᠡᠢᠷᠡᠬᠦ ᠨᠢ
 ᠲᠡᠨᠡᠭ ᠯᠤᠢᠪᠠᠷᠴᠢᠳ ᠤᠨ ᠮᠥᠬᠥᠯ ᠪᠠᠢᠯᠭᠦᠢ
 ᠁ ᠲᠡᠭᠷᠢ ᠲᠡᠢ ᠳᠡᠮᠡᠢ ᠥᠷᠥᠰᠦᠯᠳᠦᠬᠦ ᠠᠨᠤ  
ᠲᠡᠷᠢᠭᠦᠨ ᠲᠣᠯᠣᠭᠠᠢ ᠪᠠᠨ ᠴᠠᠪᠴᠢᠭᠤᠯᠬᠤ ᠰᠢᠨᠵᠢ 
 ᠁ ᠲᠡᠢᠮᠦ ᠶᠠᠭᠤᠮᠠᠰ ᠤᠳᠠᠭᠠᠨ ᠲᠡᠰᠬᠦ ᠪᠢᠰᠢ 
 ᠲᠡᠳᠡᠨᠦᠰ ᠲᠦ᠍ ᠲᠡᠭᠷᠢ ᠭᠡᠵᠦ ᠪᠠᠢᠳᠠᠭ ᠦᠭᠡᠢ
      ᠁ ᠁ ᠁  

          ᠵᠠᠯᠭᠠᠮᠵᠢ ᠪᠣᠢ!  ᠤᠩᠰᠢᠭᠴᠢ ᠮᠢᠨᠢ

        2024᠂ 6᠂ 4 – 6᠂ 5  01᠄ 09᠃  ᠦᠦᠷ᠃
            
               ᠬᠥᠬᠡᠬᠣᠲᠠᠨ᠎ᠠ ᠲᠤᠩᠭᠠᠯᠠᠭ ᠪᠦᠲᠦᠭᠡᠪᠡᠢ᠃