ᠡᠷᠡᠭᠦᠯ ᠪᠠ ᠵᠢᠷᠭᠠᠯ- ᠳ· ᠨᠠᠴᠤᠭᠳᠣᠷᠵᠢЭрүүл ба жаргал-Д.Нацагдорж
ᠳ· ᠨᠠᠴᠤᠭᠳᠣᠷᠵᠢ
ᠵᠢᠷᠭᠠᠯᠠᠩ᠂ ᠵᠢᠷᠭᠠᠯᠠᠩ᠂ ᠵᠢᠷᠭᠠᠯᠠᠩ
ᠡᠨᠡ ᠶᠢᠷᠲᠢᠨᠴᠦ ᠶ᠋ᠢᠨ ᠲᠦᠮᠡᠨ ᠵᠢᠷᠭᠠᠯᠠᠩ
ᠲᠡᠭᠦᠨ ᠦ᠌ ᠳᠣᠲᠣᠷᠠᠬᠢ ᠴᠣᠬᠣᠮ ᠵᠢᠷᠭᠠᠯᠠᠩ
ᠡᠷᠡᠭᠦᠯ ᠡᠩᠬᠡ ᠶ᠋ᠢᠨ ᠨᠢᠭᠡ ᠵᠢᠷᠭᠠᠯᠠᠩ᠃
ᠵᠠᠯᠠᠭᠤ ᠪᠡᠶ᠎ᠡ ᠡᠷᠡᠭᠦᠯ ᠪᠣᠯ
ᠡᠳᠦᠷ ᠪᠦᠷᠢ ᠠᠮᠤᠭᠤᠯᠠᠩ᠂
ᠨᠢᠭᠡᠨ ᠡᠳᠦᠷ ᠦ᠋ᠨ ᠠᠮᠤᠭᠤᠯᠠᠩ᠂
ᠮᠢᠩᠭᠠᠨ ᠵᠢᠷᠭᠠᠯ ᠤ᠋ᠨ ᠡᠭᠦᠳᠡ᠃
ᠥᠲᠡᠭᠦᠰ ᠡᠪᠦᠭᠡᠨ ᠡᠷᠡᠭᠦᠯ ᠪᠣᠯ
ᠨᠠᠰᠤ ᠪᠠᠷᠠᠲᠠᠯ᠎ᠠ ᠠᠮᠤᠷ᠂
ᠠᠮᠤᠷ ᠪᠠᠢᠵᠤ ᠨᠥᠭᠴᠢᠪᠡᠯ
ᠣᠷᠴᠢᠯᠠᠩ ᠳ᠋ᠤ᠌ ᠲᠥᠷᠥᠭᠰᠡᠨ ᠦ᠌ ᠭᠠᠪᠢᠶ᠎ᠠ᠃
ᠵᠢᠷᠭᠠᠯ ᠢ᠋ ᠬᠦᠰᠡᠭᠰᠡᠨ ᠬᠥᠮᠦᠨ
ᠡᠷᠡᠭᠦᠯ ᠢ᠋ ᠬᠦᠰᠡ᠃
ᠡᠷᠡᠭᠦᠯ ᠢ᠋ ᠬᠦᠰᠡᠭᠰᠡᠨ ᠬᠥᠮᠦᠨ
ᠡᠮᠨᠡᠯᠭᠡ ᠶ᠋ᠢ ᠬᠦᠰᠡ᠃
1935 ᠣᠨ
ᠦᠰᠦᠭ ᠠᠮᠢᠯᠠᠭᠤᠯᠤᠭᠴᠢ᠄ ᠴᠠᠬᠠᠷ ᠪᠠᠲᠤ
ᠬᠢᠨᠠᠭᠴᠢ᠄ ᠣᠳᠬᠠᠨᠰᠣ᠎ᠠ
