ᠶᠢᠷᠲᠢᠨᠴᠦ ᠶ᠋ᠢᠨ ᠭᠤᠷᠪᠠᠨ ᠭᠠᠢᠬᠠᠮᠰᠢᠭ- ᠳ· ᠨᠠᠴᠤᠭᠳᠣᠷᠵᠢЕртөнцийн гураван гайхамшиг-Д.Нацагдорж
ᠳ· ᠨᠠᠴᠤᠭᠳᠣᠷᠵᠢ
ᠪᠦᠭᠦᠳᠡ ᠶ᠋ᠢ ᠭᠡᠷᠡᠯᠲᠦᠭᠦᠯᠦᠨ ᠪᠦᠬᠦᠨ ᠢ᠋ ᠪᠠᠶᠠᠰᠬᠠᠭᠴᠢ ᠨᠠᠷᠠ ᠦᠨᠡᠬᠡᠷ ᠭᠠᠢᠬᠠᠮᠰᠢᠭ᠃
ᠠᠮᠢᠰᠬᠤᠯ ᠢ᠋ ᠰᠣᠯᠢᠵᠤ ᠠᠮᠢᠲᠠᠨ ᠢ᠋ ᠵᠢᠷᠭᠠᠭᠤᠯᠤᠭᠴᠢ ᠠᠭᠠᠷ ᠦᠨᠡᠬᠡᠷ ᠭᠠᠢᠬᠠᠮᠰᠢᠭ᠃
ᠤᠷᠭᠤᠮᠠᠯ ᠠᠮᠢᠲᠠᠨ ᠪᠣᠳᠠᠰ ᠢ᠋ ᠲᠡᠵᠢᠭᠡᠭᠴᠢ ᠤᠰᠤ ᠦᠨᠡᠬᠡᠷ ᠭᠠᠢᠬᠠᠮᠰᠢᠭ᠃
ᠠᠯᠲᠠᠨ ᠲᠤᠶᠠᠭᠠᠲᠤ ᠨᠠᠷᠠᠨ ᠤ᠋ ᠭᠡᠷᠡᠯ ᠲᠦᠮᠡᠨ ᠭᠠᠵᠠᠷ ᠰᠠᠴᠤᠷᠠᠵᠤ
ᠠᠮᠢᠲᠠᠨ ᠬᠥᠮᠦᠨ ᠤᠷᠭᠤᠮᠠᠯ ᠲᠡᠷᠢᠭᠦᠲᠡᠨ ᠢ᠋ ᠳᠤᠯᠠᠭᠠᠴᠠᠭᠤᠯᠤᠨ ᠪᠠᠶᠠᠰᠬᠠᠨ᠎ᠠ᠃
ᠠᠤᠭ᠎ᠠ ᠬᠦᠴᠦᠨ ᠪᠦᠷᠢᠨ ᠵᠣᠷᠢᠭ ᠲᠡᠭᠦᠨ ᠳ᠋ᠦ᠍ ᠰᠢᠲᠦᠨ᠎ᠡ᠃
ᠮᠣᠩᠭᠣᠯ ᠤ᠋ᠨ ᠮᠠᠯᠴᠢᠨ ᠠᠷᠠᠳ ᠨᠠᠷᠠᠨ ᠤ᠋ ᠳᠣᠣᠷ᠎ᠠ ᠨᠠᠰᠤ ᠶ᠋ᠢ ᠥᠩᠭᠡᠷᠡᠭᠦᠯᠦᠨ᠎ᠡ᠃
ᠴᠢᠭᠢᠷᠠᠭ ᠪᠡᠶ᠎ᠡ ᠡᠷᠡᠭᠦᠯ ᠴᠢᠷᠠᠢ ᠲᠦᠮᠡᠨ ᠦ᠌ ᠰᠡᠳᠬᠢᠯ ᠢ᠋ ᠬᠥᠳᠡᠯᠭᠡᠨ᠎ᠡ᠃
ᠨᠠᠷᠠᠨ ᠳ᠋ᠤ᠌ ᠰᠢᠷᠠᠭᠳᠠᠭᠰᠠᠨ ᠮᠣᠩᠭᠣᠯ ᠬᠥᠮᠦᠨ ᠳᠡᠯᠡᠬᠡᠢ ᠳ᠋ᠠᠬᠢᠨ ᠳ᠋ᠤ᠌ ᠳᠤᠷᠠᠰᠤᠭᠳᠠᠨ᠎ᠠ᠃
ᠨᠠᠪᠴᠢ ᠴᠡᠴᠡᠭ ᠭᠣᠶᠣᠮᠰᠣᠭ ᠰᠠᠢᠬᠠᠨ ᠨᠠᠷᠠ ᠶ᠋ᠢ ᠬᠦᠰᠡᠨ᠎ᠡ᠃
ᠨᠠᠭᠠᠳᠤᠮ ᠴᠡᠩᠭᠡᠯ ᠪᠠᠶᠠᠷ ᠶᠣᠰᠣᠯᠠᠯ ᠨᠠᠷᠠᠨ ᠳᠣᠣᠷ᠎ᠠ ᠬᠥᠭᠵᠢᠨ᠎ᠡ᠃
ᠨᠠᠷᠠ ᠭᠡᠭᠴᠢ ᠵᠢᠷᠭᠠᠯ ᠤ᠋ᠨ ᠲᠤᠶᠠᠭ᠎ᠠ ᠮᠥᠨ᠃
ᠠᠮᠢᠰᠬᠤᠯ ᠤ᠋ᠨ ᠬᠦᠢᠲᠡᠨ ᠠᠮᠢᠲᠠᠨ ᠤ᠋ ᠠᠮᠢ ᠶ᠋ᠢ ᠪᠠᠷᠢᠮᠲᠠᠯᠠᠨ᠎ᠠ᠃
ᠠᠭᠠᠷ ᠤ᠋ᠨ ᠬᠡᠢ ᠬᠥᠮᠦᠨ ᠦ᠌ ᠪᠡᠶ᠎ᠡ ᠶ᠋ᠢ ᠲᠡᠳᠬᠦᠨ᠎ᠡ᠃
ᠠᠴᠢᠲᠤ ᠶᠣᠰᠣ ᠠᠭᠠᠷ ᠲᠡᠭᠦᠨ ᠳ᠋ᠦ᠍ ᠣᠷᠣᠰᠢᠨ᠎ᠠ᠃
ᠠᠭᠤᠳᠠᠮ ᠲᠠᠯ᠎ᠠ ᠶ᠋ᠢᠨ ᠴᠡᠯᠡᠭᠡᠷ ᠠᠭᠠᠷ ᠲᠤ᠌ ᠮᠣᠩᠭᠣᠯ ᠬᠥᠮᠦᠨ ᠠᠮᠢᠳᠤᠷᠠᠨ᠎ᠠ᠃
ᠠᠭᠤᠵᠢᠮ ᠴᠡᠭᠡᠵᠢᠨ ᠳ᠋ᠦ᠍ ᠴᠡᠪᠡᠷ ᠠᠮᠢᠰᠬᠤᠯ ᠢ᠋ ᠰᠣᠯᠢᠨ᠎ᠠ᠃
ᠤᠷᠲᠤ ᠶ᠋ᠢᠨ ᠰᠠᠢᠬᠠᠨ ᠳᠠᠭᠤᠤ ᠪᠠᠨ ᠬᠣᠯᠠ ᠶ᠋ᠢᠨ ᠬᠣᠯᠠᠠ᠋ᠴᠠ ᠳᠠᠭᠤᠯᠠᠨ᠎ᠠ᠃
ᠤᠯᠠᠭ᠎ᠠ ᠪᠤᠲᠠᠷᠠᠵᠤ ᠬᠦᠷᠡᠩ ᠪᠣᠷᠣᠯᠠᠭᠰᠠᠨ ᠮᠣᠩᠭᠣᠯ ᠴᠢᠷᠠᠢ
ᠤᠬᠠᠮᠰᠠᠷ ᠪᠦᠷᠢᠳᠴᠦ ᠣᠶᠤᠨ ᠲᠣᠳᠣᠷᠠᠭᠰᠠᠨ ᠮᠡᠷᠭᠡᠨ ᠤᠬᠠᠭᠠᠨ ᠳ᠋ᠤ᠌
ᠠᠭᠠᠷ ᠨᠠᠷᠠ ᠤᠰᠤ ᠭᠤᠷᠪᠠ ᠬᠡᠵᠢᠶᠡᠳᠡ ᠬᠣᠯᠪᠣᠭᠳᠠᠨ᠎ᠠ᠃
ᠠᠷᠬᠠᠭ ᠬᠠᠭᠤᠴᠢᠨ ᠤᠴᠠᠷᠠᠪᠠᠯ ᠷᠠᠰᠢᠶᠠᠨ ᠤᠰᠤᠨ ᠳ᠋ᠤ᠌ ᠣᠷᠣᠨ᠎ᠠ᠃
ᠠᠷᠢᠭᠤᠨ ᠴᠡᠪᠡᠷ ᠭᠣᠶᠣᠮᠰᠣᠭ ᠡᠷᠡᠭᠦᠯ ᠢ᠋ ᠬᠦᠰᠡᠪᠡᠯ ᠤᠰᠤᠨ ᠳ᠋ᠤ᠌ ᠤᠬᠢᠶᠠᠨ᠎ᠠ᠃
ᠠᠭᠤᠤ ᠬᠦᠴᠦᠨ ᠠᠷᠢᠭᠤᠨ ᠴᠡᠪᠡᠷ ᠤᠰᠤ ᠲᠡᠭᠦᠨ ᠳ᠋ᠦ᠍ ᠪᠣᠯᠪᠠᠰᠤᠷᠠᠨ᠎ᠠ᠃
ᠠᠭᠤᠳᠠᠮ ᠲᠠᠯ᠎ᠠ ᠳ᠋ᠤ᠌ ᠤᠰᠤᠨ ᠪᠤᠯᠠᠭ ᠤᠨᠳᠤᠷᠤᠮᠠᠯ ᠷᠠᠰᠢᠶᠠᠨ ᠪᠦᠷᠢᠨ
ᠤᠬᠢᠶᠠᠵᠤ ᠴᠡᠪᠡᠷᠯᠡᠬᠦ ᠡᠪᠡᠳᠴᠢᠨ ᠡᠮᠭᠡᠭ ᠪᠠᠰᠠ ᠴᠤ᠌ ᠬᠣᠪᠣᠷ ᠪᠢᠰᠢ᠃
ᠤᠴᠢᠷ ᠢ᠋ ᠮᠡᠳᠡᠭᠰᠡᠨ ᠮᠡᠷᠭᠡᠨ ᠠᠪᠢᠶᠠᠰᠲᠠᠨ ᠠᠷᠢᠭᠤᠨ ᠢ᠋ ᠡᠷᠬᠢᠯᠡᠨ᠎ᠡ᠃
ᠤᠷᠭᠤᠮᠠᠯ᠂ ᠠᠮᠢᠲᠠᠨ᠂ ᠬᠥᠮᠦᠨ ᠲᠥᠷᠥᠯᠬᠢᠲᠡᠨ ᠠᠯᠢᠨ ᠪᠣᠯᠪᠠᠴᠤ
ᠤᠰᠤ ᠶ᠋ᠢ ᠬᠦᠰᠡᠵᠦ ᠬᠤᠷ᠎ᠠ ᠶ᠋ᠢ ᠤᠷᠢᠬᠤ ᠨᠢ ᠬᠣᠪᠣᠷ ᠦᠭᠡᠢ᠃
ᠤᠬᠠᠮᠰᠠᠷᠯᠠᠬᠤ ᠳ᠋ᠤ᠌ ᠡᠨᠡ ᠭᠤᠷᠪᠠ ᠮᠠᠷᠲᠠᠰᠢ ᠦᠭᠡᠢ ᠭᠠᠢᠬᠠᠮᠰᠢᠭ᠃
1935 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ
