ᠬᠠᠢᠷᠠᠨ ᠥᠬᠢᠨ- ᠳ· ᠨᠠᠴᠤᠭᠳᠣᠷᠵᠢХайран охин-Д.Нацагдорж
ᠳ· ᠨᠠᠴᠤᠭᠳᠣᠷᠵᠢ
ᠬᠠᠷ᠎ᠠ ᠴᠠᠭᠠᠨ ᠢ᠋ᠶ᠋ᠠᠷ ᠢᠯᠭᠠᠷᠠᠨ ᠨᠠᠭᠠᠳᠤᠭᠰᠠᠨ ᠠᠯᠠᠭ ᠨᠢᠳᠦ
ᠬᠠᠷᠠᠬᠤ ᠵᠥᠭᠡᠯᠡᠨ ᠤᠷᠢᠬᠠᠨ ᠬᠠᠷᠠᠴᠠ ᠶ᠋ᠢ ᠲᠣᠬᠢᠷᠠᠭᠤᠯᠵᠠᠢ᠃
ᠬᠠᠢᠷᠠᠨ ᠥᠬᠢᠨ ᠳ᠋ᠦ᠍ ᠬᠠᠯᠳᠠᠪᠤᠷᠢᠲᠤ ᠡᠪᠡᠳᠴᠢᠨ(ᠬᠦᠢᠲᠡᠨ) ᠲᠣᠰᠤᠭᠠᠳ
ᠬᠠᠷᠠᠬᠤ ᠨᠢᠳᠦᠨ ᠦ᠌ ᠬᠠᠷᠠᠴᠠ ᠶ᠋ᠢ ᠰᠦᠢᠳᠬᠡᠵᠡᠢ᠃
ᠬᠠᠷᠠᠩᠭᠤᠢ ᠶ᠋ᠢᠨ ᠳᠣᠲᠣᠷ᠎ᠠ ᠰᠡᠳᠬᠢᠯ ᠨᠢ ᠪᠤᠬᠢᠨᠢᠳᠤᠵᠤ
ᠬᠠᠰ ᠤ᠋ᠨ ᠴᠢᠷᠠᠢ ᠨᠢ ᠡᠳᠦᠷ ᠳᠣᠳᠣᠮ ᠳᠣᠷᠣᠢᠲᠠᠵᠠᠢ᠃
ᠶᠢᠷᠲᠢᠨᠴᠦ ᠶ᠋ᠢᠨ ᠰᠠᠢᠬᠠᠨ ᠢ᠋ ᠲᠠᠭᠠᠯᠠᠬᠤ ᠭᠡᠵᠦ ᠭᠣᠷᠢᠳᠠᠪᠠᠴᠤ
ᠡᠢᠮᠦ ᠵᠣᠪᠠᠯᠠᠩ ᠳ᠋ᠠᠭᠠᠨ ᠤᠬᠢᠯᠠᠨ ᠭᠠᠰᠠᠯᠤᠨ᠂ ᠭᠣᠨᠢᠭᠷᠠᠨᠠ᠃
ᠣᠷᠴᠢᠮ ᠤ᠋ᠨ ᠭᠣᠶᠣᠮᠰᠣᠭ ᠢ᠋ ᠦᠵᠡᠶ᠎ᠡ ᠭᠡᠵᠦ ᠪᠣᠳᠣᠪᠠᠴᠤ
ᠣᠰᠣᠯ ᠴᠠᠯᠠᠭᠠᠷ ᠢ᠋ᠶ᠋ᠠᠨ ᠰᠠᠨᠠᠨ ᠰᠠᠨᠠᠨ ᠭᠤᠲᠤᠨ᠎ᠠ᠃
ᠠᠢᠯ ᠠᠢᠮᠠᠭ ᠠᠬ᠎ᠠ ᠳᠡᠭᠦᠦ ᠨᠠᠷ ᠢ᠋ᠶ᠋ᠠᠷ ᠠᠢᠯᠴᠢᠯᠠᠶᠠ ᠭᠡᠪᠡᠴᠦ
ᠠᠷᠭ᠎ᠠ ᠪᠠᠷᠠᠭᠳᠠᠨ ᠲᠠᠶᠠᠭ ᠪᠠᠷᠢᠵᠤ ᠬᠠᠰᠢᠶ᠎ᠠ ᠬᠠᠳᠬᠤᠨ᠎ᠠ᠃
ᠠᠳᠠᠭ ᠤ᠋ᠨ ᠮᠠᠭᠤ ᠨᠣᠬᠠᠢ ᠳ᠋ᠤ᠌ ᠠᠶᠤᠯᠭᠠᠭᠤᠯᠵᠤ ᠠᠶᠤᠪᠠᠴᠤ
ᠠᠶᠤᠤᠯᠢᠬᠠᠢ ᠵᠢᠷᠦᠬᠡ ᠳᠡᠯᠡᠰᠴᠦ ᠵᠣᠪᠠᠯᠠᠩ ᠳ᠋ᠤ᠌ ᠲᠥᠭᠡᠷᠢᠨ᠎ᠡ᠃
1935 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ
