ᠰᠢᠪᠧᠷᠢᠶ᠎ᠡ ᠰᠢᠷ᠎ᠠ ᠬᠢᠶᠠᠭШибериа шар хиаг
ᠰᠢᠪᠧᠷᠢᠶ᠎ᠡ ᠰᠢᠷ᠎ᠠ ᠬᠢᠶᠠᠭ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠭᠠᠭᠴᠠᠭᠠᠷ ᠪᠤᠶᠤ ᠴᠥᠭᠡᠬᠡᠨ ᠬᠡᠳᠦ ᠪᠡᠷ ᠪᠤᠲᠠᠯᠠᠵᠤ60—90cm ᠥᠨᠳᠥᠷ ᠰᠢᠯᠤᠭᠤᠨ ᠤᠷᠭᠤᠨ᠎ᠠ᠂ ᠨᠣᠭᠣᠪᠲᠤᠷ᠂3—4 ᠦᠶ᠎ᠡ ᠲᠡᠢ᠂ ᠣᠵᠣᠭᠣᠷ ᠣᠷᠴᠢᠮ ᠤ᠋ᠨ ᠦᠶ᠎ᠡ ᠨᠢ ᠡᠪᠦᠳᠦᠭ ᠮᠡᠲᠦ ᠮᠤᠷᠤᠢᠳᠠᠭ᠃ ᠨᠠᠪᠴᠢᠨ ᠤ᠋ ᠲᠣᠭᠳᠣᠢ ᠨᠢ ᠦᠰᠦ ᠦᠭᠡᠢ; ᠨᠠᠪᠴᠢ ᠨᠢ ᠲᠡᠭᠰᠢᠬᠡᠨ ᠬᠠᠪᠲᠠᠭᠠᠢ᠂10—20cm ᠤᠷᠲᠤ᠂5—10mm ᠥᠷᠭᠡᠨ᠂ ᠬᠣᠶᠠᠷ ᠲᠠᠯ᠎ᠠ ᠨᠢ ᠰᠢᠷᠦᠭᠦᠨ ᠪᠤᠶᠤ ᠠᠷᠤ ᠨᠢ ᠭᠢᠯᠦᠭᠡᠷ᠂ ᠵᠠᠷᠢᠮ ᠳ᠋ᠠᠭᠠᠨ ᠳᠡᠭᠡᠳᠦ ᠲᠠᠯ᠎ᠠ ᠳ᠋ᠤᠨᠢ ᠣᠬᠣᠷ ᠦᠰᠦ ᠲᠡᠢ᠃ ᠲᠦᠷᠦᠭᠦᠦ ᠬᠡᠯᠪᠡᠷᠢᠲᠡᠢ ᠪᠠᠭ ᠴᠡᠴᠡᠭ ᠨᠢ ᠨᠡᠯᠢᠶᠡᠳ ᠰᠦᠪᠡᠷᠬᠡᠭ ᠮᠥᠷᠲᠡᠭᠡᠨ ᠤᠨᠵᠢᠢᠨ᠎ᠠ᠂15—20cm ᠤᠷᠲᠤ᠂ ᠶᠡᠷᠦ ᠳ᠋ᠡᠭᠡᠨ ᠲᠡᠩᠭᠡᠯᠢᠭ ᠦ᠋ᠨ ᠬᠢᠨᠢ ᠦᠶ᠎ᠡ ᠪᠦᠷᠢ ᠳ᠋ᠦ᠍ ᠬᠣᠶᠠᠷ ᠵᠢᠵᠢᠭ ᠲᠦᠷᠦᠭᠦᠦ ᠲᠡᠢ᠂ ᠵᠠᠷᠢᠮ ᠳ᠋ᠠᠭᠠᠨ ᠤᠭ ᠤ᠋ᠨ ᠬᠡᠰᠡᠭ ᠪᠣᠯᠤᠨ ᠦᠵᠦᠭᠦᠷ ᠣᠷᠴᠢᠮ ᠤ᠋ᠨ ᠦᠶ᠎ᠡ ᠳ᠋ᠦ᠍ᠨᠢ ᠨᠢᠭᠡ ᠯᠡ ᠵᠢᠵᠢᠭ ᠲᠦᠷᠦᠭᠦᠦ ᠲᠡᠢ᠃ ᠵᠢᠵᠢᠭ ᠲᠦᠷᠦᠭᠦᠦ ᠨᠢ ᠴᠠᠢᠪᠤᠷ ᠨᠣᠭᠣᠭᠠᠨ ᠪᠤᠶᠤ ᠪᠣᠷᠣᠪᠲᠤᠷ᠂3—5 ᠴᠡᠴᠡᠭ ᠲᠡᠢ; ᠬᠠᠯᠢᠰᠤ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂4—5mm ᠤᠷᠲᠤ᠂3—5 ᠢᠯᠡ ᠮᠥᠷᠲᠡᠭᠡᠨ ᠰᠢᠷᠦᠭᠦᠨ ᠰᠤᠳᠠᠯ ᠲᠠᠢ᠂ ᠱᠣᠪᠲᠣᠭᠣᠷ ᠦᠵᠦᠭᠦᠷ ᠲᠡᠢ ᠪᠤᠶᠤ4mm ᠣᠷᠴᠢᠮ ᠤᠷᠲᠤ ᠰᠤᠷ ᠲᠠᠢ ᠪᠥᠭᠡᠳ ᠨᠢᠭᠡᠳᠦᠭᠡᠷ ᠴᠡᠴᠡᠭ ᠡᠴᠡ ᠪᠡᠨ ᠣᠬᠣᠷ ᠪᠠᠢᠳᠠᠭ; ᠭᠠᠳᠠᠷ ᠬᠡᠪᠡᠭ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠨᠢᠭ ᠵᠢᠵᠢᠭ ᠦᠰᠦ ᠲᠡᠢ᠂ ᠲᠠᠪᠤᠨ ᠰᠢᠷᠦᠭᠦᠨ ᠰᠤᠳᠠᠯ ᠲᠠᠢ᠂ ᠦᠵᠦᠭᠦᠷ ᠦ᠋ᠨ ᠰᠤᠷ ᠨᠢ15—20mm ᠤᠷᠲᠤ᠂ ᠰᠢᠷᠦᠭᠦᠨ᠂ ᠭᠠᠳᠠᠭᠰᠢ ᠪᠠᠬᠠᠨ ᠮᠤᠷᠤᠢ; ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠤᠷᠲᠤ᠂ ᠣᠨᠢ ᠪᠦᠬᠦᠢ ᠦᠵᠦᠭᠦᠷ ᠲᠡᠢ᠂ ᠠᠷᠤ ᠳ᠋ᠤᠨᠢ ᠵᠢᠵᠢᠭ ᠦᠰᠦ ᠲᠡᠢ; ᠲᠣᠭᠣᠰᠣᠪᠴᠢ ᠨᠢ1.3—2mm ᠤᠷᠲᠤ; ᠤᠮᠠᠢ ᠶ᠋ᠢᠨ ᠦᠵᠦᠭᠦᠷ ᠲᠤᠨᠢ ᠴᠡᠯᠮᠡᠨ ᠦᠰᠦ ᠲᠡᠢ᠃
ᠠᠭᠤᠯᠠ ᠶ᠋ᠢᠨ ᠬᠠᠵᠠᠭᠤ᠂ ᠣᠢ ᠮᠣᠳᠣᠨ ᠤ᠋ ᠬᠥᠪᠡᠭᠡ ᠵᠠᠬ᠎ᠠ᠂ ᠠᠭᠤᠯᠠ ᠶ᠋ᠢᠨ ᠭᠣᠣ ᠵᠢᠯᠠᠭ᠎ᠠ᠂ ᠵᠠᠮ ᠤ᠋ᠨ ᠬᠠᠵᠠᠭᠤ᠂ ᠭᠣᠣᠯ ᠤ᠋ᠨ ᠳᠠᠩ ᠣᠷᠴᠢᠮ ᠳ᠋ᠤ᠌ ᠪᠦᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ᠂ ᠱᠠᠨᠰᠢ᠂ ᠭᠠᠨᠰᠦ᠂ ᠬᠥᠬᠡᠨᠠᠭᠤᠷ᠂ ᠰᠧᠴᠤᠸᠠᠨ ᠬᠢᠭᠡᠳ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
ᠮᠠᠰᠢ ᠰᠠᠢᠨ ᠴᠢᠨᠠᠷᠲᠠᠢ ᠪᠣᠷᠳᠣᠭ᠎ᠠ ᠡᠪᠡᠰᠦ ᠮᠥᠨ᠃ ᠦᠷ᠎ᠡ ᠶ᠋ᠢᠨ ᠬᠢᠨᠢ ᠤᠨᠠᠯᠲᠠ ᠪᠠᠰᠠ ᠥᠨᠳᠥᠷ ᠶᠦᠮ᠃
ᠬᠢᠲᠠᠳ ᠨᠡᠷ᠎ᠡ᠄老忙麦
ᠠᠩᠭ᠌ᠯᠢ ᠨᠡᠷ᠎ᠡ᠄EIymus sibiricus L.
ᠦᠰᠦᠭ ᠠᠮᠢᠯᠠᠭᠤᠯᠤᠭᠴᠢ᠄ ᠣᠶᠣᠨᠪᠠᠲᠤ
ᠬᠢᠨᠠᠭᠴᠢ᠄ ᠲᠤᠶᠠᠭ᠎ᠠ
