《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠨᠢᠭᠡᠳᠦᠭᠡᠷ ᠪᠦᠯᠦᠭ> "Хөх судар" он нөхвөр дэвтэр - Инжинаш <Тавин нэгдүгээр бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠨᠢᠭᠡᠳᠦᠭᠡᠷ ᠪᠦᠯᠦᠭ
ᠲᠠᠪᠢᠨ ᠨᠢᠭᠡᠳᠦᠭᠡᠷ ᠪᠦᠯᠦᠭ
ᠶᠡᠬᠡᠮᠰᠦᠭ ᠭᠡᠷᠡᠯᠲᠦ ᠬᠤᠸᠠᠩᠬᠡᠦ ᠶ᠋ᠢᠨ ᠳᠣᠣᠷ᠎ᠠ ᠶᠡᠬᠡᠮᠰᠦᠭ ᠭᠡᠷᠡᠯᠲᠦ ᠡᠬᠡᠨᠡᠷ ᠱᠠᠩᠰᠤ ᠢᠯᠡᠷᠡᠪᠡ
ᠶᠢᠰᠦᠨ ᠲᠡᠭᠷᠢ ᠶ᠋ᠢᠨ ᠥᠬᠢᠨ ᠦ᠌ ᠡᠮᠦᠨ᠎ᠡ ᠶᠢᠰᠦᠨ ᠰᠡᠭᠦᠯᠲᠦ ᠦᠨᠡᠭᠡ ᠴᠢᠦᠢ ᠴᠦ ᠯᠢᠦᠢ ᠢᠵᠢᠭᠢᠨᠡᠪᠡ
ᠪᠣᠯᠬᠢ ᠪᠢᠲᠡᠭᠦᠯᠢᠭ ᠪᠤᠭᠤᠷᠵᠢ ᠨᠣᠶᠠᠨ ᠳ᠋ᠤᠷ ᠪᠤᠴᠠᠭᠤᠯᠬᠤ ᠭᠠᠯ ᠤ᠋ᠨ ᠠᠷᠭ᠎ᠠ ᠲᠠᠢ
ᠪᠤᠭᠤᠷᠤᠯ ᠦᠰᠦᠲᠦ ᠪᠤᠭᠤᠷᠤᠯ ᠲᠠᠢᠪᠤᠤ ᠳ᠋ᠤᠷ ᠪᠣᠰᠬᠤ ᠰᠠᠭᠤᠬᠤ ᠶ᠋ᠢᠨ ᠳᠣᠬᠢᠶ᠎ᠠ ᠲᠠᠢ ᠃
ᠪᠤᠷᠤᠭᠤ ᠪᠤᠯᠠᠢᠲᠤ ᠪᠤᠯᠤ ᠬᠠᠭᠠᠨ ᠳ᠋ᠤᠷ ᠪᠤᠷᠬᠢᠷᠠᠭᠤᠯᠤᠨ ᠭᠠᠢᠬᠠᠭᠤᠯᠬᠤ ᠠᠪᠵᠢᠭ ᠲᠠᠢ
ᠪᠣᠷᠣ ᠪᠦᠳᠦᠭᠦᠨ ᠪᠤᠤᠷ ᠠᠷᠰᠯᠠᠨ ᠳ᠋ᠤᠷ ᠪᠣᠯᠭᠣᠮᠵᠢ ᠦᠭᠡᠢ ᠶ᠋ᠢᠨ ᠠᠷᠵᠢᠯ ᠲᠠᠢ᠃
ᠲᠡᠨᠳᠡᠴᠡ ᠬᠦᠯᠦᠭ ᠲᠠᠢᠪᠤᠤ ᠪᠤᠭᠤᠷᠵᠢ ᠨᠣᠶᠠᠨ ᠮᠥᠨ ᠰᠢᠯᠭᠠᠭᠰᠠᠨ ᠢᠳᠡᠯᠭᠦ ᠰᠢᠪᠠᠭᠤᠨ ᠤ᠋ ᠨᠢᠰᠭᠡ ᠵᠡᠪᠡ ᠶ᠋ᠢᠨ ᠪᠦᠯᠦᠭ ᠢ᠋ᠶ᠋ᠡᠷ ᠪᠤᠯᠤ ᠢᠦᠢ ᠬᠠᠭᠠᠨ ᠢ᠋ ᠬᠠᠮᠠᠭᠠᠯᠠᠭᠤᠯᠤᠨ ᠦᠷᠢᠯᠲᠦ ᠠᠭᠤᠯᠠᠨ ᠤ᠋ ᠣᠷᠭᠢᠯ ᠳᠡᠭᠡᠷ᠎ᠡ ᠠᠪᠤᠨ ᠭᠠᠷᠴᠤ᠂ ᠲᠡᠮᠦᠷ ᠡᠰᠢᠲᠦ ᠥᠨᠳᠥᠷ ᠶᠡᠬᠡ ᠲᠤᠭ ᠤ᠋ᠨ ᠣᠷᠣᠢ ᠳᠡᠭᠡᠷ᠎ᠡ ᠠᠮᠢᠳᠤ ᠪᠠᠷ ᠡᠯᠲᠦᠯᠡᠨ ᠤᠶᠠᠵᠤ ᠳᠡᠭᠦᠵᠢᠯᠡᠨ ᠭᠠᠨᠵᠤᠭᠠᠯᠠᠵᠤ᠂ ᠨᠠᠢ᠍ᠮᠠᠨ ᠤ᠋ ᠵᠠᠩᠵᠤᠨ ᠴᠡᠷᠢᠭ ᠪᠦᠬᠦᠨ᠎ᠡ ᠲᠣᠳᠤᠷᠬᠠᠶ᠎ᠠ ᠲᠠᠨᠢᠭᠤᠯᠤᠨ ᠦᠵᠡᠭᠦᠯᠵᠦ᠂ ᠳᠡᠭᠦᠨᠦ ᠡᠵᠡᠨ ᠬᠠᠭᠠᠨ ᠤ᠋ ᠠᠮᠠᠨ ᠢ᠋ᠶ᠋ᠠᠷ 《ᠲᠠᠨ ᠤ᠋ ᠪᠦᠬᠦᠨ ᠢ᠋ᠶ᠋ᠡᠷ ᠦᠳᠲᠡᠷ ᠳᠦᠷᠭᠡᠨ᠎ᠡ ᠮᠣᠩᠭᠣᠯ ᠳ᠋ᠤᠷ ᠳᠠᠭᠠᠵᠤ᠂ ᠬᠥᠭᠰᠢᠨ ᠠᠮᠢᠨ ᠢ᠋ ᠮᠢᠨᠦ ᠠᠮᠢᠳᠤ ᠪᠠᠷ ᠦᠯᠡᠳᠡᠭᠡ 》ᠭᠡᠮᠡᠨ ᠳᠤᠳᠤᠷᠬᠠᠶ᠎ᠠ ᠬᠡᠯᠡᠭᠦᠯᠦᠨ ᠣᠯᠠᠨ᠎ᠠ ᠰᠣᠨᠣᠰᠬᠠᠵᠤ ᠪᠠᠷᠠᠮᠠᠭᠴᠠ᠂ ᠪᠠᠰᠠ ᠲᠡᠭᠦᠨ ᠢ᠋ ᠪᠤᠭᠤᠷᠤᠯ ᠨᠣᠶᠠᠨ ᠤ᠋ ᠴᠡᠷᠢᠭ ᠦ᠋ᠨ ᠬᠦᠷᠢᠶᠡᠨ ᠦ᠌ ᠴᠠᠪᠴᠢᠮᠠᠯ ᠴᠢᠯᠠᠭᠤᠲᠤ ᠬᠠᠳᠠ ᠶ᠋ᠢᠨ ᠣᠷᠭᠢᠯ ᠳᠡᠭᠡᠷ᠎ᠡ ᠠᠪᠠᠴᠢᠵᠤ ᠮᠥᠨ ᠶᠣᠰᠣᠭᠠᠷ ᠭᠠᠨᠵᠤᠭᠠᠯᠠᠨ ᠳᠡᠭᠦᠵᠢᠯᠡᠨ ᠪᠠᠢᠵᠤ᠂ ᠲᠡᠷᠡ ᠭᠣᠣᠯ ᠤ᠋ᠨ ᠪᠦᠬᠦᠨ᠎ᠡ ᠦᠵᠡᠭᠦᠯᠦᠨ᠂ ᠦᠭᠡ ᠶ᠋ᠢ ᠬᠡᠯᠡᠭᠦᠯᠦᠨ ᠥᠪᠡᠷᠦᠨ ᠴᠡᠷᠢᠭ ᠦ᠋ᠳ ᠡᠴᠡ ᠥᠪᠡᠷᠦᠨ ᠠᠮᠢ ᠪᠡᠶ᠎ᠡ ᠪᠡᠨ ᠦᠯᠡᠳᠡᠭᠡᠯᠭᠡᠬᠦᠢ ᠶ᠋ᠢᠨ ᠣᠴᠢᠷ᠎ᠠ᠂ ᠣᠯᠠᠨ ᠢ᠋ᠶ᠋ᠠᠨ ᠬᠢᠴᠢᠶᠡᠨ ᠳᠠᠭᠠᠭᠲᠤᠨ ᠭᠡᠮᠡᠨ ᠬᠡᠯᠡᠭᠦᠯᠦᠮᠡᠭᠴᠡ᠂ ᠪᠠᠰᠠ ᠠᠪᠤᠨ ᠪᠠᠭᠤᠵᠤ᠂ ᠡᠨᠡ ᠨᠢᠰᠭᠡ ᠵᠡᠪᠡ ᠶ᠋ᠢᠨ ᠪᠦᠯᠦᠭ ᠲᠣᠷ ᠪᠠᠰᠠ ᠲᠠᠪᠤᠨ ᠵᠠᠭᠤᠨ ᠴᠡᠷᠢᠭ ᠨᠡᠮᠡᠨ ᠬᠠᠮᠠᠭᠠᠯᠠᠭᠤᠯᠵᠤ ᠮᠥᠨ ᠬᠦ᠌ ᠨᠢᠰᠬᠦ ᠳᠣᠪᠲᠣᠯᠭ᠎ᠠ ᠪᠠᠷ ᠴᠡᠷᠢᠭ ᠦ᠋ᠨ ᠶᠡᠬᠡ ᠵᠢᠨᠦᠩ ᠲᠠᠢᠪᠤᠤ ᠮᠤᠬᠤᠯᠢ ᠨᠣᠶᠠᠨ ᠤ᠋ ᠴᠡᠷᠢᠭ ᠦ᠋ᠨ ᠬᠦᠷᠢᠶ᠎ᠡ ᠶ᠋ᠢ ᠦᠷᠦᠮᠴᠢ ᠪᠠᠯᠭᠠᠳ ᠤ᠋ᠨ ᠵᠡᠭᠦᠨ ᠡᠮᠦᠨ᠎ᠡ ᠵᠠᠬ᠎ᠠ ᠬᠢᠵᠠᠭᠠᠷ᠎ᠠ ᠤᠭᠲᠤᠨ ᠲᠣᠰᠴᠤ ᠡᠷᠭᠦᠨ ᠪᠠᠷᠢᠭᠤᠯᠠᠷᠠ ᠳᠣᠪᠲᠣᠯᠭᠠᠨ ᠶᠠᠪᠤᠭᠤᠯᠤᠭᠠᠳ᠂ ᠪᠤᠭᠤᠷᠵᠢ ᠥᠪᠡᠷᠦᠨ ᠪᠡᠶ᠎ᠡ ᠪᠤᠭᠤᠷᠤᠯ ᠯᠤᠭ᠎ᠠ ᠪᠤᠰᠤ ᠣᠯᠠᠨ ᠵᠠᠩᠵᠤᠨ ᠬᠣᠶᠠᠷ ᠬᠦᠷᠢᠶᠡᠨ ᠦ᠌ ᠴᠡᠷᠢᠭ ᠦ᠋ᠳ ᠪᠦᠬᠦᠨ ᠢ᠋ ᠠᠪᠴᠤ᠂ ᠨᠠᠢ᠍ᠮᠠᠨ ᠤ᠋ ᠦᠷᠢᠯᠲᠦ ᠠᠭᠤᠯᠠᠨ ᠤ᠋ ᠲᠦᠮᠡ ᠢᠯᠡᠭᠦᠦ ᠴᠡᠷᠢᠭ ᠦ᠋ᠳ ᠢ᠋ ᠢᠰᠡᠭᠡᠢ ᠣᠷᠢᠶᠠᠨ᠂ ᠤᠩᠭᠠᠰᠤ ᠰᠠᠪᠠᠬᠤ ᠮᠡᠲᠦ ᠡᠬᠢᠯᠡᠨ ᠢᠯᠭᠠᠵᠤ᠂ ᠠᠩᠭᠢ ᠪᠠᠭ ᠢ᠋ ᠢᠯᠭᠠᠨ ᠰᠠᠯᠭᠠᠨ᠂ ᠭᠤᠴᠢᠨ ᠲᠡᠰᠢ ᠰᠠᠯᠭᠠᠵᠤ᠂ ᠳᠠᠷᠤᠭᠤᠯᠤᠨ ᠵᠠᠬᠢᠷᠤᠭᠤᠯᠵᠤ᠂ ᠦᠷᠢᠯᠲᠦ ᠠᠭᠤᠯᠠᠨ ᠤ᠋ ᠭᠠᠵᠠᠷ ᠤ᠋ᠨ ᠬᠥᠷᠥᠰᠥ ᠶ᠋ᠢ ᠪᠦᠷᠬᠦᠭᠰᠡᠨ᠂ ᠶᠡᠬᠡ ᠴᠡᠷᠢᠭ ᠦ᠋ᠨ ᠵᠠᠭᠤᠨ ᠬᠡᠷᠡᠭᠯᠡᠯ ᠲᠡᠮᠡᠭᠡ ᠮᠣᠷᠢ᠂ ᠡᠮᠡᠭᠡᠯ ᠬᠠᠵᠠᠭᠠᠷ᠂ ᠥᠷᠭᠥᠭᠡ ᠮᠠᠢᠬᠠᠨ᠂ ᠬᠠᠭᠠᠨ ᠬᠥᠮᠦᠨ ᠦ᠌ ᠬᠣᠲᠠ ᠬᠦᠷᠢᠶ᠎ᠡ᠂ ᠵᠢᠭᠰᠠᠭᠠᠯ ᠤ᠋ᠨ ᠦᠵᠡᠮᠵᠢᠲᠦ ᠪᠠᠳᠠᠨ ᠰᠢᠭᠦᠷ ᠴᠢᠮᠡᠭ ᠤᠨᠵᠢᠯᠭ᠎ᠠ᠂ ᠨᠠᠷᠠᠨ ᠤ᠋ ᠬᠠᠯᠬᠠᠪᠴᠢ ᠲᠣᠭᠣᠰ ᠤ᠋ᠨ ᠥᠲᠥᠨ ᠰᠢᠬᠦᠷ᠂ ᠢᠷᠪᠢᠰ ᠦ᠋ᠨ ᠰᠡᠭᠦᠯ ᠦ᠋ᠨ ᠵᠢᠭᠰᠠᠭᠠᠯ ᠤ᠋ᠨ ᠭᠤᠷᠪᠠᠨ ᠵᠠᠭᠤᠨ ᠵᠢᠳᠠ᠂ ᠯᠤᠤ ᠶ᠋ᠢᠨ ᠥᠷᠭᠥᠭᠡ᠂ ᠮᠠᠩᠨᠤᠭ ᠤ᠋ᠨ ᠴᠠᠴᠠᠷ᠂ ᠭᠡᠷᠡᠯᠲᠦ ᠰᠤᠪᠤᠳ ᠤ᠋ᠨ ᠲᠤᠭ ᠰᠢᠬᠦᠷ ᠦ᠋ᠨ ᠣᠷᠣᠢ᠂ ᠬᠠᠭᠠᠨ ᠬᠥᠮᠦᠨ ᠦ᠌ ᠭᠤᠴᠢᠨ ᠵᠢᠷᠭᠤᠭᠠᠨ《ᠵᠣ᠌ ᠭᠧ ᠬᠦ 》ᠬᠡᠮᠡᠬᠦ ᠭᠠᠤᠯᠢᠨ ᠬᠡᠩᠭᠡᠷᠭᠡ ᠪᠠ ᠶᠠ ᠯᠦ᠍ ᠵᠢᠶᠠᠩ ᠮᠥᠷᠡᠨ ᠣ ᠮᠣᠳᠣ ᠴᠢᠯᠠᠭᠤ ᠬᠤᠪᠢᠯᠤᠭᠰᠠᠨ ᠪᠢᠯᠡᠭᠦᠦ ᠳ᠋ᠦ᠍ᠷ ᠪᠢᠯᠡᠭᠦᠳᠡᠵᠦ ᠭᠠᠷᠭᠠᠭᠰᠠᠨ ᠬᠣᠯᠬᠣᠪᠴᠢ ᠨᠣᠮᠣᠨ ᠤ᠋ ᠪᠣᠯᠣᠳ ᠲᠡᠮᠦᠷ ᠦ᠋ᠨ ᠨᠠᠷᠢᠨ ᠴᠤᠬᠠᠭ ᠠᠷᠪᠠᠨ ᠲᠦᠮᠡ ᠢᠯᠡᠭᠦᠦ ᠰᠠᠢᠨ ᠬᠣᠣᠷᠠᠲᠤ ᠵᠡᠪᠡ᠂ ᠵᠠᠭᠤᠨ ᠢᠯᠡᠭᠦᠦ ᠬᠠᠨᠳᠠᠭᠠᠢ ᠪᠤᠭᠤ ᠶ᠋ᠢᠨ ᠰᠢᠷᠪᠥᠰᠥ ᠪᠡᠷ ᠡᠭᠦᠳᠦᠭᠰᠡᠨ ᠴᠤᠬᠠᠭ ᠴᠥᠭᠡᠨ ᠴᠡᠷᠢᠭ ᠦ᠋ᠨ ᠨᠤᠮᠤ᠂ ᠭᠠᠯ ᠲᠠᠯᠪᠢᠬᠤ ᠬᠦᠬᠦᠷ ᠡᠮ᠂ ᠭᠠᠩᠭ᠎ᠠ ᠡᠮ᠂ ᠬᠦ ᠳᠠᠷᠢ ᠬᠡᠳᠦ ᠬᠡᠳᠦᠨ ᠮᠢᠩᠭᠠᠨ ᠵᠢᠩ᠃ ᠪᠠᠰᠠ ᠬᠠᠭᠠᠨ ᠬᠥᠮᠦᠨ ᠦ᠌ ᠬᠡᠷᠡᠭᠯᠡᠬᠦ ᠠᠯᠲᠠᠨ ᠮᠥᠩᠭᠥᠨ ᠦ᠌ ᠲᠣᠭᠣᠭ᠎ᠠ ᠲᠤᠯᠭ᠎ᠠ᠂ ᠲᠠᠪᠰᠢ ᠬᠦᠬᠦᠷ᠂ ᠳᠣᠮᠪᠣ᠂ ᠲᠡᠮᠦᠷ ᠦ᠋ᠨ ᠵᠡᠪᠰᠡᠭ ᠲᠡᠭᠡᠭᠡᠬᠦ ᠪᠣᠯᠣᠳ ᠬᠦᠷᠳᠦᠲᠦ ᠲᠠᠪᠢ ᠵᠢᠷᠠᠨ ᠣᠷᠣᠰ ᠲᠡᠷᠭᠡ ᠂ ᠬᠠᠭᠠᠨ ᠬᠥᠮᠦᠨ ᠦ᠌ ᠰᠢᠷ᠎ᠠ ᠴᠠᠴᠤᠭᠲᠤ ᠪᠥᠭᠲᠥᠷᠭᠡ ᠴᠢᠮᠡᠭ ᠮᠣᠨᠴᠣᠭᠲᠤ ᠢᠰᠡᠭᠡᠢᠲᠦ ᠵᠢᠭᠰᠠᠭᠠᠯ ᠤ᠋ᠨ ᠡᠮᠡᠭᠡᠯ ᠬᠠᠵᠠᠭᠠᠷ ᠲᠣᠬᠣᠭᠰᠠᠭᠠᠷ ᠪᠥᠭᠲᠥᠷᠭᠡ ᠶ᠋ᠢᠨ ᠮᠣᠷᠢᠳ ᠲᠠᠪᠤᠨ ᠵᠠᠭᠤᠨ᠂ ᠴᠠᠭᠠᠨ ᠠᠭᠲᠠ ᠮᠣᠷᠢᠳ ᠤ᠋ᠨ ᠶᠢᠰᠦᠨ ᠠᠩᠭᠢ ᠶ᠋ᠢᠨ ᠶᠢᠰᠦ ᠶᠢᠰᠦᠨ ᠬᠢᠭᠢᠷᠢ ᠪᠠᠷᠢᠬᠤ ᠵᠢᠭᠰᠠᠭᠠᠯ ᠤ᠋ᠨ ᠢᠯᠢ ᠮᠣᠵᠢ ᠶ᠋ᠢᠨ ᠶᠡᠬᠡ ᠪᠡᠶᠡᠲᠦ ᠵᠠᠭᠠᠨ ᠮᠣᠷᠢᠳ᠂ ᠬᠠᠭᠤᠴᠢᠨ ᠳ᠋ᠠᠢ ᠯᠢᠶᠣᠣ ᠤᠯᠤᠰ ᠤ᠋ᠨ ᠣᠰᠤᠨ᠎ᠠ ᠭᠥᠷᠥᠭᠡᠯᠡᠬᠦ᠂ ᠪᠠᠷᠢᠬᠤ᠂ ᠠᠪᠠ ᠴᠡᠩᠭᠡᠯ ᠦ᠋ᠨ ᠵᠠᠭᠤᠨ ᠵᠦᠢᠯ ᠦ᠋ᠨ ᠭᠡᠷ ᠪᠦᠷᠭᠡ᠂ ᠰᠠᠨᠳᠠᠯᠢ ᠰᠢᠷᠡᠭᠡ᠂ ᠲᠣᠣᠷ ᠤ᠋ᠨ ᠬᠦᠷᠢᠶ᠎ᠡ᠂ ᠰᠢᠪᠡᠭᠡᠨ ᠦ᠌ ᠬᠣᠲᠠ᠂ ᠰᠠᠯᠬᠢᠨ ᠤ᠋ ᠬᠠᠩᠬᠢᠯᠵᠠᠭᠤᠷ ᠬᠤᠩᠬ᠎ᠠ᠂ ᠠᠪᠤᠷᠭᠤ ᠵᠢᠭᠠᠰᠤ ᠪᠠᠷᠢᠬᠤ ᠭᠢᠨᠵᠢ ᠰᠤᠭᠤᠨᠠᠭ ᠢ᠋ᠶ᠋ᠠᠷ ᠰᠦᠯᠵᠢᠭᠰᠡᠨ ᠠᠤᠭ᠎ᠠ ᠶᠡᠬᠡ ᠲᠣᠣᠷ᠂ ᠠᠷᠪᠠᠨ ᠲᠦᠮᠡᠨ ᠦ᠌ ᠵᠢᠭᠠᠰᠤ ᠨᠤᠭᠤᠰᠤ ᠬᠠᠷᠪᠤᠬᠤ ᠥᠳᠥ ᠦᠭᠡᠢ ᠲᠡᠮᠦᠷ ᠮᠡᠰᠡᠲᠦ ᠰᠤᠮᠤ ᠵᠡᠪᠡ ᠳ᠋ᠦ᠍ᠷ ᠬᠦᠷᠲᠡᠯ᠎ᠡ ᠣᠯᠤᠭᠰᠠᠨ ᠢ᠋ ᠠᠨᠤ ᠨᠢᠭᠡᠨ ᠦᠭᠡᠰ ᠲᠣᠷ ᠲᠣᠭᠠᠴᠢᠵᠤ ᠪᠦᠷᠢᠳᠭᠡᠰᠢ ᠦᠭᠡᠢ᠃ ᠳ᠋ᠠᠢ ᠯᠢᠶᠣᠣ ᠤᠯᠤᠰ ᠤ᠋ᠨ ᠠᠷᠤ ᠬᠡᠭᠡᠷ᠎ᠡ ᠶ᠋ᠢᠨ ᠠᠪᠠ ᠠᠶᠠᠨ ᠴᠡᠷᠢᠭ ᠲᠡᠢᠨ ᠦ᠌ ᠰᠠᠪᠠ ᠬᠡᠷᠡᠭᠯᠡᠯ ᠂ ᠵᠠᠷ ᠵᠡᠪᠰᠡᠭ ᠢ ᠡᠪᠬᠡᠨ ᠰᠢᠭᠦᠷᠳᠡᠲᠡᠯᠡ ᠪᠦᠷᠢᠨ᠎ᠡ ᠣᠯᠤᠭᠰᠠᠨ ᠠᠨᠤ ᠠᠭᠤᠯᠠ ᠶ᠋ᠢᠨ ᠲᠡᠳᠦᠢ ᠣᠪᠣᠭᠠᠯᠠᠲᠠᠯᠠ ᠣᠯᠵᠤᠬᠤᠢ᠃ ᠶᠠᠭᠤᠨ ᠤ᠋ ᠤᠴᠢᠷ ᠡᠳᠡᠭᠡᠷ ᠵᠦᠢᠯ ᠦ᠋ᠨ ᠡᠳ᠋ ᠠᠭᠤᠷᠠᠰᠤᠨ ᠰᠠᠪᠠ ᠵᠡᠪᠰᠡᠭ ᠪᠦᠬᠦᠨ ᠢ᠋ ᠴᠡᠷᠢᠭ ᠦ᠋ᠨ ᠪᠠᠭᠤᠳᠠᠯ ᠳ᠋ᠤᠷ ᠵᠥᠭᠡᠭᠡᠭᠰᠡᠨ ᠪᠣᠢ ? ᠬᠡᠮᠡᠪᠡᠰᠦ : ᠡᠨᠡ ᠦᠷᠢᠯᠲᠦ ᠠᠭᠤᠯᠠᠨ ᠤ᠋ ᠶᠡᠬᠡ ᠴᠡᠷᠢᠭ ᠦ᠋ᠨ ᠪᠠᠭᠤᠳᠠᠯ ᠢ᠋ ᠡᠭᠦᠷᠢ ᠤᠷᠲᠤᠳᠠ ᠶ᠋ᠢᠨ ᠴᠡᠷᠢᠭ ᠦ᠋ᠨ ᠬᠦᠷᠢᠶ᠎ᠡ ᠪᠣᠯᠭᠠᠨ ᠪᠠᠢᠭᠤᠯᠵᠤ᠂ ᠳᠥᠷᠪᠡᠨ ᠵᠦᠭ ᠢ᠋ ᠳᠠᠢᠯᠠᠨ ᠳᠠᠪᠴᠢᠯᠠᠬᠤᠢ ᠳ᠋ᠤᠷ ᠪᠡᠯᠡᠨ ᠵᠠᠯᠠᠨ ᠪᠠ ᠣᠯᠠᠨ ᠪᠠᠭ᠎ᠠ ᠪᠠᠭ᠎ᠠ ᠤᠯᠤᠰ ᠠᠢᠮᠠᠭ ᠤ᠋ᠳ ᠤ᠋ᠨ ᠬᠤᠷᠠᠵᠤ ᠢᠷᠡᠪᠡᠰᠦ᠂ ᠡᠳᠡᠭᠡᠷ ᠵᠦᠢᠯ ᠵᠦᠢᠯ ᠦ᠋ᠨ ᠦᠵᠡᠭᠡᠳᠦᠢ ᠰᠣᠨᠣᠰᠤᠭᠠᠳᠤᠢ ᠶ᠋ᠢ ᠦᠵᠡᠭᠦᠯᠦᠨ ᠭᠠᠢᠬᠠᠭᠤᠯᠵᠤ᠂ ᠣᠯᠠᠨ ᠠᠢᠮᠠᠭ ᠤ᠋ᠳ ᠤ᠋ᠨ ᠢᠲᠡᠭᠡᠮᠵᠢᠯᠡᠨ ᠪᠢᠰᠢᠷᠡᠬᠦ ᠶ᠋ᠢ ᠡᠷᠢᠭᠰᠡᠨ᠂ ᠴᠦᠯᠢᠰ ᠬᠥᠭᠡᠷᠳᠡᠩ ᠪᠠᠷᠳᠠᠩ ᠭᠡᠢᠷᠭᠡᠭᠦᠨ ᠦ᠌ ᠣᠴᠢᠷ᠎ᠠ ᠰᠠᠶᠢ ᠡᠢᠨ ᠬᠦ᠌ ᠠᠷᠪᠠᠯᠵᠠᠨ ᠢᠷᠪᠠᠯᠵᠠᠵᠤ᠂ ᠪᠤᠭᠤᠷᠵᠢ ᠪᠤᠭᠤᠷᠤᠯ᠂ ᠬᠣᠶᠠᠷ ᠲᠠᠢᠪᠤᠤ ᠶ᠋ᠢᠨ ᠥᠴᠦᠬᠡᠨ ᠲᠡᠳᠦᠢ ᠡᠳᠦᠭᠡᠬᠦ ᠬᠥᠭᠵᠢᠭᠡᠬᠦ ᠠᠷᠭ᠎ᠠ ᠳ᠋ᠤᠷ ᠤᠨᠠᠵᠤ᠂ ᠥᠪᠡᠷᠦᠨ ᠭᠠᠯ ᠤ᠋ᠨ ᠪᠡᠯᠡᠳᠬᠡᠯ ᠳ᠋ᠦ᠍ᠷ ᠥᠪᠡᠷ ᠢ᠋ᠶ᠋ᠡᠨ ᠬᠤᠢᠬᠠᠯᠠᠭᠳᠠᠭᠰᠠᠨ ᠠᠨᠤ᠂ ᠮᠣᠩᠭᠣᠯ ᠤ᠋ᠨ ᠬᠣᠶᠠᠷ ᠲᠠᠢᠪᠤᠤ᠂ ᠪᠡᠯᠡᠨ ᠪᠦᠬᠦᠢ ᠭᠠᠯ ᠤ᠋ᠨ ᠲᠦᠯᠡᠰᠢ᠂ ᠭᠠᠯ ᠤ᠋ᠨ ᠡᠪᠡᠰᠦᠨ ᠢ᠋ ᠦᠵᠡᠭᠡᠳ ᠭᠠᠭᠴᠠ ᠨᠢᠭᠡᠬᠡᠨ ᠰᠠᠯᠬᠢᠨ ᠤ᠋ ᠳᠡᠭᠡᠷ᠎ᠡ ᠶ᠋ᠢ ᠡᠵᠡᠯᠡᠵᠦ᠂ ᠨᠠᠢ᠍ᠮᠠᠨ ᠤ᠋ ᠡᠪᠦᠯ ᠦ᠋ᠨ ᠴᠠᠭ ᠤ᠋ᠨ ᠪᠡᠯᠡᠳᠬᠡᠯ ᠢ᠋ ᠮᠣᠩᠭᠣᠯ ᠴᠡᠷᠢᠭ ᠬᠠᠪᠤᠷ ᠤ᠋ᠨ ᠴᠠᠭ ᠲᠤᠷ ᠬᠡᠷᠡᠭᠯᠡᠭᠰᠡᠨ ᠢ᠋ᠶ᠋ᠡᠷ ᠶᠠᠷᠢᠭᠳᠠᠭᠠᠨ ᠳᠠᠭᠠᠭᠰᠠᠳ ᠣᠯᠠᠨ ᠪᠣᠯᠪᠠᠢ᠃ ᠬᠠᠭᠤᠴᠢᠨ ᠶᠡᠬᠡ 《ᠬᠥᠬᠡ ᠰᠣᠳᠣᠷᠠ 》ᠲᠡᠮᠳᠡᠭᠯᠡᠭᠰᠡᠨ ᠪᠠᠳᠠᠭ ᠲᠤᠷ᠄ ᠪᠤᠷᠤᠭᠤ ᠪᠣᠯᠢᠯ ᠪᠤᠯᠤ ᠢᠦᠢ ᠬᠠᠭᠠᠨ ᠤ᠋ ᠬᠠᠭᠤᠴᠢᠨ ᠨᠠᠢ᠍ᠮᠠᠨ ᠤᠯᠤᠰ ᠤ᠋ᠨ ᠦᠨᠳᠦᠰᠦᠨ ᠢ᠋ ᠪᠤᠭᠤᠷᠵᠢ ᠪᠤᠭᠤᠷᠤᠯ ᠬᠣᠶᠠᠷ ᠲᠠᠢᠪᠤᠤ᠂ ᠪᠠᠭ᠎ᠠ ᠵᠠᠩᠵᠤᠨ ᠢ᠋ ᠨᠠᠢ᠍ᠮᠠᠨ ᠬᠦᠷᠢᠶ᠎ᠡ ᠵᠣᠬᠢᠶᠠᠵᠤ ᠂ ᠨᠠᠢ᠍ᠮᠠᠨ ᠤ᠋ ᠦᠷᠢᠯᠲᠦ ᠡᠴᠡ ᠳᠠᠭᠠᠭᠰᠠᠨ ᠣᠯᠠᠨ ᠵᠡᠷᠯᠢᠭ ᠠᠠᠢᠮᠠᠭ ᠤ᠋ᠳ ᠤ᠋ᠨ ᠴᠡᠷᠢᠭ ᠦ᠋ᠨ ᠴᠡᠷᠢᠭ ᠪᠣᠯᠬᠤ ᠳᠤᠷ᠎ᠠ ᠦᠭᠡᠢ ᠶ᠋ᠢ ᠢᠨᠤ ᠲᠠᠷᠬᠠᠭᠠᠨ ᠢᠯᠡᠭᠡᠬᠦᠢ ᠳ᠋ᠦ᠍ᠷ ᠣᠯᠠᠨ ᠵᠡᠷᠯᠢᠭ ᠤᠯᠤᠰ ᠤ᠋ᠳ ᠤ᠋ᠨ ᠠᠷᠠᠳ᠂ ᠢᠳᠡᠰᠢ ᠰᠢᠮ᠎ᠡ ᠡᠷᠢᠬᠦ ᠤᠯᠠᠢ ᠡᠷᠢᠳᠡᠭ ᠠᠮᠢᠲᠠᠳ ᠮᠡᠲᠦ ᠲᠤᠯᠠ ᠣᠯᠤᠭᠰᠠᠨ ᠢᠳᠡᠰᠢ ᠪᠡᠨ ᠲᠠᠷᠬᠠᠬᠤ ᠳᠤᠷ᠎ᠠ ᠦᠭᠡᠢ᠃ ᠠᠷᠤ ᠭᠠᠵᠠᠷ ᠤ᠋ᠨ ᠶᠡᠷᠦ ᠶ᠋ᠢᠨ ᠵᠠᠩ᠂ ᠬᠣᠪᠣᠷ ᠶᠠᠳᠠᠭᠤ ᠪᠡᠷᠬᠡ ᠵᠦᠳᠡᠭ ᠲᠤᠯᠠ ᠴᠡᠷᠢᠭ ᠲᠡᠢᠨ᠂ ᠠᠪᠠ ᠠᠶᠠᠨ ᠳ᠋ᠤᠷ ᠲᠦᠰᠢᠵᠦ ᠠᠮᠢᠳᠤᠷᠠᠬᠤ ᠶ᠋ᠢᠨ ᠤᠴᠢᠷ᠂ ᠶᠠᠳᠠᠭᠤ ᠬᠣᠪᠣᠷ ᠵᠡᠷᠯᠢᠭ ᠠᠢᠮᠠᠭ ᠤ᠋ᠳ ᠦᠢᠮᠡᠭᠡᠨ ᠴᠢᠭᠤᠯᠭᠠᠨ ᠢ᠋ ᠳᠠᠭᠠᠬᠤ ᠳᠤᠷᠠᠲᠠᠢ ᠪᠣᠢ ᠢ᠎ᠡ᠃ ᠭᠠᠭᠴᠠᠭᠠᠷ ᠭᠠᠭᠴᠠᠭᠠᠷ ᠭᠠᠰᠢᠭᠤᠨ ᠬᠣᠪᠣᠷ ᠢ᠋ᠶ᠋ᠠᠷ ᠠᠮᠢᠳᠤᠷᠠᠨ ᠤᠨᠳᠤᠷᠬᠤᠢ ᠳ᠋ᠤᠷ ᠳᠤᠷ᠎ᠠ ᠦᠭᠡᠢ᠂ ᠠᠯᠢ ᠠᠢᠮᠠᠭ ᠤᠯᠤᠰ ᠲᠤᠷ ᠬᠥᠮᠦᠨ ᠮᠣᠷᠢ ᠴᠡᠷᠢᠭ ᠬᠤᠶᠠᠭ ᠴᠤᠭᠯᠠᠭᠤᠯᠪᠠᠰᠤ ᠤᠳᠠᠬᠤ ᠦᠭᠡᠢ ᠮᠢᠩᠭᠠᠨ ᠲᠦᠮᠡᠨ ᠢ᠋ᠶ᠋ᠡᠷ ᠴᠤᠭᠯᠠᠨ ᠬᠤᠷᠠᠬᠤ ᠠᠨᠤ ᠲᠡᠢᠮᠦ ᠤᠴᠢᠷ ᠪᠣᠯᠠᠢ᠃ ᠲᠡᠭᠦᠨᠴᠡ ᠠᠷᠭ᠎ᠠ ᠦᠭᠡᠢ ᠨᠠᠢ᠍ᠮᠠᠨ ᠪᠠᠭ᠎ᠠ ᠵᠠᠩᠵᠤᠨ ᠤ᠋ ᠨᠠᠢ᠍ᠮᠠᠨ ᠬᠦᠷᠢᠶ᠎ᠡ ᠪᠦᠬᠦᠨ᠎ᠡ ᠬᠣᠶᠠᠷ ᠬᠦᠷᠢᠶ᠎ᠡ ᠨᠡᠮᠡᠨ ᠪᠠᠢᠭᠤᠯᠵᠤ᠂ ᠨᠠᠢ᠍ᠮᠠᠨ ᠤ᠋ ᠳᠠᠭᠠᠭᠰᠠᠨ ᠴᠡᠷᠢᠭ ᠢ᠋ ᠠᠷᠪᠠᠨ ᠵᠢᠷᠭᠤᠭᠠᠨ ᠬᠦᠷᠢᠶ᠎ᠡ ᠬᠤᠪᠢᠶᠠᠨ ᠳᠠᠷᠤᠩᠭᠤᠢᠯᠠᠨ ᠵᠠᠬᠢᠷᠤᠭᠤᠯᠵᠤ᠂ ᠲᠠᠪᠤᠨ ᠡᠳᠦᠷ ᠦ᠋ᠨ ᠳᠣᠲᠣᠷ᠎ᠠ ᠴᠥᠮ ᠲᠡᠭᠰᠢᠯᠡᠨ ᠲᠣᠭᠲᠠᠭᠠᠭᠠᠳ᠂ ᠡᠯ᠎ᠡ ᠶᠡᠬᠡ ᠴᠡᠷᠢᠭ ᠦ᠋ᠨ ᠠᠭᠤᠯᠠ ᠣᠪᠣᠭ᠎ᠠ ᠶ᠋ᠢᠨ ᠲᠡᠳᠦᠢ ᠣᠯᠵᠠ ᠠᠰᠢᠭ ᠢ᠋ ᠲᠡᠷᠭᠡ ᠪᠡᠷ ᠲᠡᠭᠡᠭᠡᠵᠦ᠂ ᠲᠡᠮᠡᠭᠡ ᠪᠡᠷ ᠠᠴᠢᠨ ᠮᠢᠩᠭᠠᠨ ᠴᠡᠷᠢᠭ ᠢ᠋ᠶ᠋ᠡᠷ ᠬᠠᠮᠠᠭᠠᠯᠠᠭᠤᠯᠤᠨ᠂ ᠤᠷᠢᠳᠠ ᠤᠯᠤᠰ ᠲᠤᠷ ᠬᠦᠷᠭᠡᠭᠦᠯᠦᠨ᠂ ᠲᠥᠷᠥ ᠶ᠋ᠢᠨ ᠸᠠᠩ᠂ ᠰᠠᠢᠳ᠂ ᠴᠧᠩᠰᠢᠶᠠᠩ᠂ ᠲᠠᠢᠽᠢ᠂ ᠲᠠᠢᠪᠤᠤ ᠨᠠᠷ ᠲᠤᠷ ᠲᠤᠰᠢᠶᠠᠯᠭᠠᠷᠠ ᠶᠠᠪᠤᠭᠤᠯᠵᠤ᠂ ᠥᠪᠡᠷᠦᠨ ᠪᠡᠶ᠎ᠡ ᠲᠠᠢᠪᠤᠤ ᠪᠤᠭᠤᠷᠤᠯ ᠯᠤᠭ᠎ᠠ ᠬᠣᠶᠠᠷ ᠶᠡᠬᠡ ᠬᠦᠷᠢᠶ᠎ᠡ᠂ ᠨᠠᠢ᠍ᠮᠠᠨ ᠳᠤᠮᠳᠠᠳᠤ ᠬᠦᠷᠢᠶ᠎ᠡ᠂ ᠠᠷᠪᠠᠨ ᠵᠢᠷᠭᠤᠭᠠᠨ ᠪᠠᠭ᠎ᠠ ᠬᠦᠷᠢᠶ᠎ᠡ ᠪᠠ ᠰᠠᠮᠠᠭᠤᠨ ᠵᠡᠪᠡ ᠳ᠋ᠦ᠍ᠷ ᠦᠬᠦᠭᠰᠡᠨ᠂ ᠪᠤᠯᠤ ᠢᠦᠢ ᠬᠠᠭᠠᠨ ᠤ᠋ ᠶᠡᠬᠡ ᠶᠤᠸᠠᠨᠱᠤᠸᠠᠢ ᠂ ᠪᠤᠤᠷ ᠠᠷᠰᠯᠠᠨ ᠤ᠋ ᠲᠣᠯᠣᠭᠠᠢ ᠶ᠋ᠢ ᠰᠢᠷ᠎ᠠ ᠮᠠᠩᠨᠤᠭ ᠢ᠋ᠶ᠋ᠠᠷ ᠪᠦᠷᠬᠦᠨ ᠲᠣᠣᠷᠯᠠᠨ ᠥᠨᠳᠥᠷ ᠰᠢᠷᠤᠭ ᠲᠤᠷ ᠳᠡᠭᠦᠵᠢᠯᠡᠨ᠂ ᠬᠣᠶᠠᠷ ᠬᠠᠵᠠᠭᠤ ᠳ᠋ᠤᠷ ᠬᠥᠥᠯ ᠪᠦᠬᠦ᠂ ᠲᠢᠭ ᠪᠠᠭᠠᠲᠤᠷ ᠬᠣᠶᠠᠭᠤᠯᠠ ᠶ᠋ᠢᠨ ᠠᠮᠢᠳᠤ ᠪᠡᠶ᠎ᠡ ᠶ᠋ᠢ ᠰᠢᠩᠭᠡᠯᠢᠭ ᠲᠡᠷᠭᠡ ᠳ᠋ᠦ᠍ᠷ ᠲᠡᠭᠡᠭᠡᠵᠦ᠂ ᠪᠤᠤᠷ ᠠᠷᠰᠯᠠᠨ ᠤ᠋ ᠰᠢᠷᠣᠭᠲᠤ ᠲᠣᠯᠣᠭᠠᠢ ᠶ᠋ᠢᠨ ᠡᠮᠦᠨ᠎ᠡ ᠬᠣᠣᠰᠯᠠᠨ ᠵᠡᠷᠭᠡᠴᠡᠭᠦᠯᠦᠨ ᠶᠠᠪᠤᠭᠤᠯᠵᠤ ᠂ ᠴᠡᠷᠢᠭ ᠣᠷᠣᠭᠰᠠᠨ ᠤ᠋ ᠳᠣᠯᠣᠳᠤᠭᠠᠷ ᠡᠳᠦᠷ ᠲᠣᠷ ᠳᠠᠷᠤᠢ ᠶᠡᠬᠡ ᠥᠭᠡᠷᠯᠢᠭ ᠬᠠᠨ ᠫᠤᠤ ᠲᠡᠭᠷᠢ ᠭᠠᠵᠠᠷ ᠦᠰᠦᠷᠦᠨ ᠳᠡᠯᠪᠡᠷᠡᠲᠡᠯ᠎ᠡ ᠭᠤᠷᠪᠠᠨᠲᠠ ᠳᠠᠭᠤᠷᠢᠰᠴᠤ ᠣᠯᠠᠨ ᠬᠦᠷᠢᠶ᠎ᠡ ᠵᠡᠷᠭᠡ ᠪᠡᠷ ᠬᠥᠳᠡᠯᠵᠦ ᠶᠡᠬᠡ ᠴᠡᠷᠢᠭ ᠦ᠋ᠨ ᠵᠢᠨᠦᠩ ᠮᠤᠬᠤᠯᠢ ᠶ᠋ᠢᠨ ᠦᠷᠦᠮᠴᠢ ᠪᠠᠯᠭᠠᠰᠤᠨ ᠤ᠋ ᠶᠡᠬᠡ ᠴᠡᠷᠢᠭ ᠦ᠋ᠨ ᠬᠦᠷᠢᠶᠡᠨ ᠦ᠌ ᠵᠦᠭ ᠮᠣᠷᠳᠠᠨ ᠬᠥᠳᠡᠯᠪᠡ᠃ ᠪᠤᠭᠤᠷᠵᠢ ᠲᠠᠢᠪᠤᠤ᠂ ᠪᠤᠯᠤ ᠬᠠᠭᠠᠨ ᠤ᠋ ᠪᠡᠯᠭᠡᠭᠦᠰᠦᠨ ᠳ᠋ᠦ᠍ᠷ ᠪᠤᠯᠤ ᠴᠣᠭᠣᠯᠤᠨ ᠤᠭᠯᠠᠵᠤ ᠪᠠᠷᠢᠵᠤ ᠠᠪᠠᠴᠢᠭᠰᠠᠨ ᠲᠤᠯᠠ᠂ ᠡᠨᠡ ᠨᠢᠭᠡᠨ ᠵᠦᠭ ᠦ᠋ᠨ ᠴᠡᠷᠢᠭ ᠢ᠋ ᠲᠦᠷ ᠵᠣᠭᠰᠣᠵᠤ᠂ ᠣᠳᠣ ᠳᠡᠳ᠋ ᠠᠩᠭᠢ ᠶ᠋ᠢᠨ ᠴᠢᠨ ᠸᠠᠩ᠂ ᠪᠦᠬᠦ ᠪᠡᠯᠭᠦᠳᠡᠢ᠂ ᠲᠡᠮᠦᠷ ᠵᠠᠩᠵᠤᠨ ᠤ᠋ ᠴᠡᠷᠢᠭ ᠢ᠋ ᠡᠬᠢᠨ ᠡᠴᠡ ᠲᠣᠪᠴᠢᠶᠠᠯᠠᠨ ᠲᠣᠭᠠᠴᠢᠬᠤ ᠠᠨᠤ :
ᠪᠡᠯᠭᠦᠳᠡᠢ ᠴᠢᠨ ᠸᠠᠩ ᠤ᠋ᠨ ᠶᠡᠬᠡ ᠴᠡᠷᠢᠭ ᠢ᠋ ᠴᠢᠯᠠᠭᠤᠨ ᠤ᠋ ᠳᠡᠭᠦᠦ ᠲᠡᠮᠦᠷ ᠵᠠᠩᠵᠤᠨ ᠬᠣᠢᠨ᠎ᠠ ᠬᠠᠢᠭᠤᠯ ᠪᠣᠯᠤᠨ᠂ ᠵᠢᠨᠦᠩ ᠲᠠᠢᠪᠤᠤ ᠮᠤᠬᠤᠯᠢ ᠶ᠋ᠢᠨ ᠥᠭᠭᠦᠭᠰᠡᠨ ᠨᠢᠭᠤᠴᠠ ᠴᠠᠭᠠᠵᠠ ᠶ᠋ᠢᠨ ᠵᠡᠪᠡ ᠶ᠋ᠢ ᠥᠭᠴᠦ ᠰᠢᠨ᠎ᠡ ᠨᠠᠢ᠍ᠮᠠᠨ ᠤ᠋ ᠬᠦᠩ ᠠᠯᠲᠠᠨᠱᠠᠭ᠎ᠠ᠂ ᠭᠦᠩᠵᠦ ᠰᠣᠯᠣᠩᠭᠣᠸᠠ ᠲᠠᠨ ᠤ᠋ ᠶᠡᠬᠡ ᠴᠡᠷᠢᠭ ᠢ᠋ ᠵᠠᠷᠯᠠᠨ ᠢᠷᠡᠭᠦᠯᠵᠦ᠂ ᠵᠢᠨᠦᠩ ᠦ᠋ᠨ ᠨᠢᠭᠤᠴᠠ ᠵᠠᠬᠢᠶ᠎ᠠ ᠪᠠ ᠪᠠᠰᠠ ᠠᠷᠪᠠᠨ ᠲᠡᠮᠡᠭᠡᠨ ᠦ᠌ ᠠᠴᠢᠶ᠎ᠠ ᠲᠠᠩᠭᠤᠳ ᠤᠯᠤᠰ ᠤ᠋ᠨ ᠲᠡᠢᠨ ᠡᠴᠡ ᠣᠯᠵᠠᠯᠠᠭᠰᠠᠨ ᠲᠠᠩᠭᠤᠳ ᠤᠯᠤᠰ ᠤ᠋ᠨ ᠲᠡᠮᠳᠡᠭᠲᠦ ᠰᠢᠭᠦᠷ ᠳᠠᠯᠪᠠᠭ᠎ᠠ᠂ ᠲᠤᠭ ᠬᠢᠭᠢᠷᠢ᠂ ᠮᠠᠯᠠᠭ᠎ᠠ ᠳᠡᠪᠡᠯ᠂ ᠬᠤᠶᠠᠭ ᠣᠯᠪᠣᠭ ᠤ᠋ᠨ ᠵᠦᠢᠯ ᠢ᠋ ᠲᠤᠰᠢᠶᠠᠨ ᠥᠭᠴᠦ᠂ ᠬᠤᠷᠢᠮ ᠬᠤᠷᠢᠮᠯᠠᠵᠤ᠂ ᠰᠢᠨ᠎ᠡ ᠨᠠᠢ᠍ᠮᠠᠨ ᠤ᠋ ᠴᠡᠷᠢᠭ ᠢ᠋ᠶ᠋ᠡᠷ ᠬᠣᠰᠢᠭᠤᠴᠢ ᠪᠣᠯᠭᠠᠨ ᠡᠮᠦᠨ᠎ᠡ ᠶᠠᠪᠤᠬᠤ ᠶ᠋ᠢ ᠲᠣᠭᠲᠠᠭᠠᠨ ᠵᠥᠪᠯᠡᠪᠡ᠃ ᠡᠭᠦᠨᠦ ᠳᠣᠲᠣᠷ᠎ᠠ ᠡᠨᠡ ᠰᠢᠨ᠎ᠡ ᠨᠠᠢ᠍ᠮᠠᠨ ᠤ᠋ ᠴᠡᠷᠢᠭ ᠦ᠋ᠨ ᠳᠣᠲᠣᠷ᠎ᠠ ᠪᠠᠰᠠ ᠨᠢᠭᠡᠨ ᠪᠢᠴᠢᠬᠠᠨ ᠰᠢᠨ᠎ᠡ ᠤᠴᠢᠷ ᠢ᠋ ᠢᠯᠡᠷᠬᠡᠢᠯᠡᠨ ᠲᠣᠭᠠᠴᠢᠬᠤ ᠠᠨᠤ᠄ ᠡᠨᠡ ᠠᠯᠲᠠᠨᠱᠠᠭ᠎ᠠ ᠬᠦᠩ ᠦ᠋ᠨ ᠶᠡᠬᠡ ᠰᠢᠷᠡᠭᠡᠨ ᠦ᠌ ᠬᠠᠲᠤᠨ ᠰᠡᠷᠭᠦᠯᠡᠩ ᠭᠦᠩᠵᠦ ᠰᠣᠯᠣᠩᠭᠣᠸᠠ ᠬᠡᠮᠡᠭᠴᠢ ᠡᠭᠡᠨᠡᠭᠲᠡ ᠡᠬᠡᠨᠡᠷ ᠦ᠋ᠨ ᠳᠣᠲᠣᠷᠠᠬᠢ ᠣᠬᠢ ᠮᠠᠩᠯᠠᠢ ᠂ ᠡᠮ᠎ᠡ ᠶ᠋ᠢᠨ ᠳᠣᠲᠣᠷᠠᠬᠢ ᠡᠷ᠎ᠡ ᠬᠥᠮᠦᠨ ᠪᠥᠭᠡᠳ ᠡᠬᠡᠨᠡᠷ ᠦ᠋ᠨ ᠳᠥᠷᠪᠡᠨ ᠡᠷᠳᠡᠮ ᠂ ᠭᠤᠷᠪᠠᠨ ᠳᠠᠭᠠᠯᠲᠠ ᠲᠥᠷᠥᠯᠬᠢ ᠳᠠᠭᠠᠵᠤ ᠲᠥᠷᠥᠭᠰᠡᠨ ᠭᠡᠭᠡᠬᠡᠨ ᠢᠯᠭᠤᠮ ᠭᠡᠷᠡᠯᠲᠦ ᠡᠬᠡᠨᠡᠷ ᠲᠤᠯᠠ᠂ ᠡᠷ᠎ᠡ ᠠᠯᠲᠠᠨᠱᠠᠭ᠎ᠠ ᠶ᠋ᠢᠨ ᠵᠢᠷᠤᠮ ᠢ᠋ ᠰᠠᠬᠢᠵᠤ᠂ ᠪᠡᠶ᠎ᠡ ᠪᠡᠨ ᠬᠣᠷᠢᠨ ᠨᠠᠰᠤ ᠬᠦᠷᠲᠡᠯ᠎ᠡ ᠬᠦᠯᠢᠶᠡᠵᠦ ᠰᠠᠭᠤᠨ᠂ ᠵᠠᠭᠤᠨ ᠰᠠᠮᠠᠭᠤᠨ᠂ ᠮᠢᠩᠭᠠᠨ ᠦᠢᠮᠡᠭᠡᠨ ᠦ᠌ ᠳᠤᠮᠳᠠ ᠬᠤᠳᠬᠤᠯᠠᠨ ᠶᠠᠪᠤᠭᠰᠠᠨ ᠪᠥᠭᠡᠳ ᠨᠠᠢᠷ ᠵᠢᠷᠤᠮ ᠢ᠋ ᠠᠭᠤᠯᠠ ᠮᠡᠲᠦ ᠬᠦᠨᠳᠦ ᠦᠵᠡᠭᠰᠡᠨ ᠠᠴᠢ ᠥᠷᠥᠰᠢᠶᠡᠯ ᠳ᠋ᠦ᠍ᠷ ᠢᠨᠤ ᠬᠠᠷᠢᠭᠤᠯᠠᠮᠤᠢ ᠭᠡᠮᠡᠨ ᠡᠷᠬᠡᠪᠰᠢ ᠥᠪᠡᠷ ᠦ᠋ᠨ ᠪᠡᠶ᠎ᠡ ᠡᠴᠡ ᠦᠯᠡᠮᠵᠢ ᠥᠩᠭᠡ ᠡᠷᠳᠡᠮ ᠬᠣᠣᠰ ᠪᠦᠷᠢᠳᠦᠭᠰᠡᠨ᠂ ᠪᠢᠴᠢᠬᠠᠨ ᠨᠠᠰᠤᠨ ᠤ᠋ ᠪᠣᠯᠪᠠᠷᠢ ᠵᠠᠯᠠᠭᠤ᠂ ᠪᠠᠭ᠎ᠠ ᠡᠮ᠎ᠡ ᠠᠪᠴᠤ ᠥᠭᠭᠦᠨ᠂ ᠡᠷ᠎ᠡ ᠠᠯᠲᠠᠨᠱᠠᠭ᠎ᠠ ᠶ᠋ᠢᠨ ᠪᠠᠲᠤ ᠵᠢᠷᠤᠮᠲᠤ ᠰᠡᠳᠬᠢᠯ ᠦ᠋ᠨ ᠠᠴᠢ ᠳ᠋ᠤᠷ ᠬᠠᠷᠢᠭᠤᠯᠠᠮᠤᠢ ᠭᠡᠮᠡᠨ ᠬᠡᠳᠦᠢᠨ ᠡᠴᠡ ᠳᠥᠷᠪᠡᠨ ᠵᠦᠭ ᠦ᠋ᠨ ᠢᠵᠠᠭᠤᠷ ᠬᠤᠲᠠᠯᠠᠲᠤ᠂ ᠶᠡᠬᠡᠬᠡᠨ ᠬᠡᠷᠦᠳ ᠡᠴᠡ ᠰᠣᠩᠭᠣᠨ ᠰᠢᠯᠭᠠᠵᠤ ᠡᠷᠢᠭᠰᠡᠭᠡᠷ᠂ ᠥᠪᠡᠷᠦᠨ ᠲᠥᠷᠬᠥᠮ ᠦ᠋ᠨ ᠬᠣᠢᠲᠤ ᠡᠬᠡ ᠶ᠋ᠢᠨ ᠤᠳᠬᠤᠨ ᠥᠬᠢᠨ ᠳᠡᠭᠦᠦ ᠶ᠋ᠢ ᠪᠠᠷᠠᠭᠤᠨ ᠤᠢᠭᠤᠷ ᠤᠯᠤᠰ ᠤ᠋ᠨ ᠲᠡᠭᠷᠢ ᠠᠭᠤᠯᠠᠨ ᠤ᠋ ᠠᠷᠤ ᠡᠲᠡᠭᠡᠳ ᠦ᠋ᠨ ᠰᠠᠷᠠᠯᠢᠭ ᠬᠡᠮᠡᠬᠦ ᠪᠢᠴᠢᠬᠠᠨ ᠤᠯᠤᠰ ᠤ᠋ᠨ ᠪᠠᠰᠠ ᠨᠢᠭᠡᠨ ᠨᠠᠷᠠᠨ ᠨᠡᠷᠡᠲᠦ ᠬᠠᠨ ᠬᠡᠮᠡᠭᠴᠢ ᠴᠣᠯᠠᠲᠤ ᠠᠢᠮᠠᠭ ᠤ᠋ᠨ ᠡᠵᠡᠨ ᠳ᠋ᠦ᠍ᠷ ᠥᠭᠴᠦ᠂ ᠨᠢᠭᠡᠨ ᠬᠥᠪᠡᠭᠦᠨ ᠨᠢᠭᠡᠨ ᠥᠬᠢᠨ ᠲᠥᠷᠥᠭᠡᠳ ᠴᠥᠮ ᠠᠷᠪᠠᠨ ᠨᠠᠰᠤᠨ ᠭᠠᠷᠲᠠᠯ᠎ᠠ᠂ ᠰᠠᠷᠠᠯᠢᠭ ᠠᠢᠮᠠᠭ ᠤᠢᠭᠤᠷ ᠤᠯᠤᠰ ᠤ᠋ᠨ ᠴᠡᠷᠢᠭ ᠲᠦ᠍ᠷ ᠳᠠᠢᠯᠠᠭᠳᠠᠨ ᠮᠥᠬᠥᠵᠦ᠂ ᠬᠥᠪᠡᠭᠦᠨ ᠥᠬᠢᠨ ᠢ᠋ ᠢᠨᠦ ᠲᠡᠭᠦᠨ ᠦ᠌ ᠭᠡᠷᠦᠨ ᠱᠤᠯᠤ ᠬᠡᠮᠡᠬᠦ ᠵᠢᠷᠤᠮᠲᠤ ᠲᠦᠰᠢᠮᠡᠯ ᠢᠨᠤ ᠠᠷᠠᠰᠤᠨ ᠲᠤᠯᠤᠮ ᠳ᠋ᠤᠷ ᠠᠬᠤᠭᠤᠯᠤᠨ᠂ ᠲᠡᠮᠡᠭᠡᠨᠡ ᠠᠴᠢᠵᠤ᠂ ᠲᠡᠭᠷᠢ ᠠᠭᠤᠯᠠᠨ ᠤ᠋ ᠠᠭᠤᠷ ᠲᠤᠷ ᠨᠢᠭᠤᠬᠤᠶᠠ᠂ ᠴᠢᠪᠬᠢᠲᠡᠯ᠎ᠡ ᠴᠢᠦ ᠴᠦ ᠵᠢᠢ ᠬᠤᠪᠢᠯᠭᠠᠨ ᠤ᠋ ᠠᠪᠠᠭ᠎ᠠ ᠡᠭᠡᠴᠢ ᠴᠢᠦ ᠰᠢᠶᠠᠨ ᠬᠦ ᠬᠤᠪᠢᠯᠭᠠᠨ ᠳ᠋ᠤᠷ ᠠᠭᠤᠯᠵᠠᠨ ᠳᠥᠷᠪᠡᠨ ᠵᠢᠯ ᠡᠷᠳᠡᠮ ᠰᠤᠷᠭᠠᠵᠤ ᠂ ᠠᠷᠪᠠᠨ ᠲᠠᠪᠤᠨ ᠨᠠᠰᠤᠯᠠᠭᠤᠯᠵᠤ᠂ ᠰᠠᠢᠨ ᠰᠡᠷ ᠬᠥᠪᠡᠭᠦᠨ ᠢ᠋ ᠢᠨᠦ ᠠᠷᠪᠠᠨ ᠵᠢᠷᠭᠤᠭᠠᠨ ᠨᠠᠰᠤᠯᠠᠭᠰᠠᠨ ᠢ᠋ ᠳᠡᠷᠭᠡᠳᠡ ᠪᠡᠨ ᠦᠯᠡᠳᠡᠭᠡᠨ᠂ ᠰᠠᠢᠬᠠᠨ ᠭᠦᠦᠷ ᠥᠬᠢᠨ ᠢ᠋ ᠢᠨᠤ ᠱᠤᠯᠤ ᠲᠦᠰᠢᠮᠡᠯ ᠳ᠋ᠦ᠍ᠷ ᠲᠤᠰᠢᠶᠠᠨ ᠥᠭᠴᠦ᠂ ᠬᠡᠷᠡᠢᠳ ᠦ᠋ᠨ ᠡᠬᠡ ᠶ᠋ᠢᠨ ᠡᠭᠡᠴᠢ ᠳ᠋ᠦ᠍ᠷ ᠢᠯᠡᠭᠡᠯᠭᠡᠵᠦ ᠬᠡᠯᠡᠭᠰᠡᠨ ᠢᠨᠦ᠄
《ᠡᠨᠡ ᠬᠡᠦᠬᠡᠨ ᠬᠡᠮᠡᠭᠴᠢ ᠪᠸᠲ᠋ᠠ᠋ ᠤᠯᠤᠰ ᠤ᠋ᠨ ᠳᠡᠭᠷᠢᠯᠢᠭ ᠲᠡᠮᠦᠵᠢᠨ ᠬᠡᠮᠡᠭᠴᠢ ᠶ᠋ᠢᠨ ᠴᠡᠷᠢᠭ ᠦ᠋ᠨ ᠨᠢᠭᠡᠨ ᠨᠥᠬᠥᠭᠡᠰᠦ ᠪᠣᠯᠬᠤ ᠬᠤᠪᠢ ᠪᠠᠷᠢᠯᠳᠤᠯᠭ᠎ᠠ ᠪᠣᠢ ᠪᠥᠯᠥᠭᠡ᠃ ᠮᠢᠨᠦ ᠠᠷᠪᠠᠨ ᠳᠥᠷᠪᠡᠳᠦᠭᠡᠷ ᠥᠬᠢᠨ ᠱᠠᠪᠢ᠂ ᠲᠠᠩᠭᠤᠳ ᠤᠯᠤᠰ ᠤ᠋ᠨ ᠶᠦᠸᠠᠢ ᠸᠠᠩ ᠯᠢ ᠠᠨ ᠴᠢᠦᠸᠡᠨ ᠦ᠌ ᠵᠢᠶᠦ᠋ᠨ ᠵᠣ᠌ ᠳ᠋ᠤᠷ ᠱᠠᠪᠢ ᠥᠬᠢᠨ ᠳᠡᠭᠦᠦ ᠪᠣᠯᠭᠠᠨ ᠲᠠᠨᠢᠭᠤᠯᠪᠠ᠃ ᠡᠭᠦᠨ ᠦ᠌ ᠵᠠᠶᠠᠭᠠᠲᠤ ᠨᠥᠬᠥᠷ ᠢᠨᠦ᠂ ᠠᠯᠲᠠᠨ ᠬᠡᠮᠡᠬᠦ ᠨᠡᠷᠡᠲᠦ ᠪᠥᠭᠡᠳ ᠪᠠᠰᠠ ᠬᠦ᠌ ᠨᠠᠷᠠᠨ ᠬᠡᠮᠡᠭᠴᠢ ᠨᠡᠷᠡᠲᠦ ᠬᠠᠨ ᠬᠥᠪᠡᠭᠦᠨ ᠦ᠌ ᠬᠠᠵᠠᠭᠤ ᠶ᠋ᠢᠨ ᠬᠠᠲᠤᠨ ᠤ᠋ ᠵᠠᠶᠠᠭ᠎ᠠ ᠪᠤᠶᠤ᠂ ᠲᠡᠭᠦᠨᠦ ᠰᠤᠷᠤᠭᠰᠠᠨ ᠪᠢᠴᠢᠬᠠᠨ ᠤᠪᠠᠳᠢᠰ ᠳᠡᠭᠦᠨᠦ ᠨᠢᠭᠡᠨ ᠪᠡᠶ᠎ᠡ ᠳ᠋ᠦ᠍ᠷ ᠬᠡᠷᠡᠭᠯᠡᠵᠦ ᠪᠠᠷᠠᠰᠢ ᠦᠭᠡᠢ᠃ ᠡᠷᠲᠡᠬᠡᠨ ᠢᠯᠡᠭᠡᠵᠦ ᠬᠤᠪᠢ ᠵᠣᠬᠢᠶᠠᠯ ᠢ᠋ ᠣᠯᠭᠣᠭᠤᠯᠤᠭᠰᠠᠨ ᠤ᠋ ᠬᠣᠢᠨ᠎ᠠ᠂ ᠪᠠᠰᠠ ᠨᠡᠮᠡᠵᠦ ᠵᠢᠭᠠᠬᠤ ᠦᠶ᠎ᠡ ᠪᠣᠢ᠃ ᠳᠡᠭᠦᠨᠦ ᠠᠬ᠎ᠠ ᠰᠠᠢᠨ ᠰᠡᠷ ᠬᠣᠢᠴᠢ ᠡᠳᠦᠷ ᠲᠡᠭᠷᠢ ᠶ᠋ᠢᠨ ᠬᠥᠪᠡᠭᠦᠨ ᠦ᠌ ᠪᠤᠶᠠᠨ ᠳ᠋ᠤᠷ ᠰᠢᠲᠦᠭᠳᠡᠨ ᠠᠢᠮᠠᠭ ᠤᠯᠤᠰ ᠢ᠋ᠶ᠋ᠠᠨ ᠳᠠᠬᠢᠨ ᠡᠵᠡᠯᠡᠨ ᠴᠢᠳᠠᠬᠤ ᠪᠤᠶᠠᠨ ᠪᠣᠢ ᠪᠥᠭᠡᠳ ᠬᠣᠷᠢᠨ ᠨᠠᠰᠤᠨ ᠤ᠋ ᠬᠣᠵᠢᠮ ᠰᠠᠶᠢ ᠬᠤᠪᠢ ᠵᠣᠬᠢᠶᠠᠯ ᠳ᠋ᠠᠭᠠᠨ ᠠᠭᠤᠯᠵᠠᠬᠤ ᠪᠥᠭᠡᠳ ᠰᠤᠷᠭᠠᠯ ᠤ᠋ᠨ ᠶᠠᠪᠤᠳᠠᠯ ᠦᠢᠯᠡ ᠡᠴᠡ ᠢᠯᠡᠭᠦᠦ ᠶᠠᠪᠤᠳᠠᠯ ᠪᠣᠢ ᠶ᠋ᠢᠨ ᠲᠤᠯᠠ ᠡᠭᠦᠨ ᠢ᠋ ᠬᠣᠵᠢᠮ ᠰᠠᠶᠢ ᠠᠭᠤᠯᠠᠨ ᠠ᠋ᠴᠠ ᠪᠠᠭᠤᠯᠭᠠᠮᠤᠢ》ᠬᠡᠮᠡᠵᠦ ᠰᠠᠢᠬᠠᠨ ᠭᠦᠦᠷ ᠥᠬᠢᠨ ᠢ᠋《ᠬᠡᠷᠡᠢᠳ ᠤᠯᠤᠰ ᠲᠤᠷ ᠬᠦᠷᠭᠡᠵᠦ ᠰᠣᠯᠤᠩᠭᠤᠸ᠎ᠠ ᠨᠡᠷᠡᠲᠦ ᠬᠠᠲᠤᠭᠲᠠᠢ ᠬᠥᠮᠥᠨ᠎ᠡ ᠲᠤᠰᠢᠶᠠᠨ ᠮᠥᠷᠭᠥᠭᠦᠯ 》ᠬᠡᠮᠡᠭᠰᠡᠨ ᠢ᠋ᠶ᠋ᠡᠷ ᠰᠡᠷᠭᠦᠯᠡᠩ ᠭᠦᠩᠵᠦ ᠰᠣᠯᠤᠩᠭᠤᠸ᠎ᠠ᠂ ᠡᠨᠡ ᠰᠠᠢᠬᠠᠨ ᠭᠦᠦᠷ ᠬᠡᠦᠬᠡᠨ ᠦ᠌ ᠲᠥᠷᠥᠭᠰᠡᠨ ᠥᠩᠭᠡ ᠵᠢᠰᠦ ᠰᠠᠷᠠᠨ ᠠ᠋ᠴᠠ ᠰᠡᠯᠡᠮᠡᠭᠦᠨ᠂ ᠴᠡᠴᠡᠭ ᠡᠴᠡ ᠢᠨᠢᠶᠡᠮᠰᠦᠭ᠂ ᠬᠠᠰ ᠠ᠋ᠴᠠ ᠠᠷᠢᠭᠤᠨ᠂ ᠪᠣᠯᠣᠷ ᠠ᠋ᠴᠠ ᠲᠤᠩᠭᠠᠯᠠᠭ᠂ ᠴᠠᠭᠠᠨ ᠴᠠᠰᠤᠨ᠎ᠠ ᠴᠢᠰᠤ ᠲᠣᠰᠴᠤ᠂ ᠭᠡᠭᠡᠬᠡᠨ ᠮᠥᠯᠰᠥᠨᠡ ᠰᠠᠷᠠᠨ ᠭᠡᠢᠭᠦᠯᠦᠭᠰᠡᠨ ᠮᠡᠲᠦ᠂ ᠵᠥᠭᠡᠯᠡᠨ ᠨᠡᠮᠡᠭᠦᠨ ᠬᠡᠭᠡᠨᠴᠢᠷ ᠪᠤᠯᠪᠠᠷᠠᠢ᠂ ᠭᠤᠸ᠎ᠠ ᠦᠵᠡᠰᠬᠦᠯᠡᠩ ᠠᠷᠢᠭᠤᠨ ᠲᠠᠭᠠᠯᠠᠮᠵᠢᠲᠠᠢ ᠶ᠋ᠢᠨ ᠳᠡᠭᠡᠷ᠎ᠡ᠂ ᠨᠢᠰᠭᠡ ᠰᠤᠮᠤ᠂ ᠭᠠᠳᠠᠭᠤ ᠭᠠᠳᠠᠰᠤ᠂ ᠣᠷᠢᠶᠠᠩᠭᠤ ᠵᠢᠳᠠ᠂ ᠤᠷᠠᠭᠳᠠᠬᠤ ᠴᠠᠯᠮ᠎ᠠ ᠳᠡᠭᠡᠰᠦᠨ ᠦ᠌ ᠵᠦᠢᠯ ᠢ᠋ ᠰᠤᠷᠤᠭᠰᠠᠨ ᠠᠨᠤ ᠮᠠᠰᠢᠳᠠ ᠭᠠᠢᠬᠠᠮᠰᠢᠭᠲᠠᠢ ᠶ᠋ᠢᠨ ᠲᠤᠢᠯ ᠳ᠋ᠤᠷ ᠬᠦᠷᠦᠭᠰᠡᠨ ᠪᠥᠭᠡᠳ ᠪᠡᠶ᠎ᠡ ᠴᠣᠭᠴᠠ ᠮᠥᠨ ᠥᠨᠳᠥᠷ ᠱᠣᠪᠣᠢᠩᠭᠤ ᠲᠤᠯᠠ᠂ ᠶᠡᠬᠡᠯ᠎ᠡ ᠪᠠᠶᠠᠷᠯᠠᠨ ᠪᠠᠬᠠᠷᠬᠠᠵᠤ᠂ ᠡᠭᠦᠨ ᠢ᠋ᠶ᠋ᠡᠷ ᠡᠷ᠎ᠡ ᠠᠯᠲᠠᠨᠱᠠᠭ᠎ᠠ ᠶ᠋ᠢᠨ ᠡᠭᠦᠷᠢᠳᠡ ᠶ᠋ᠢᠨ ᠬᠦᠨᠳᠦᠯᠡᠯ ᠦ᠋ᠨ ᠲᠤᠢᠯ ᠤ᠋ᠨ ᠠᠮᠠᠷᠠᠭ ᠢ᠋ ᠣᠯᠰᠤᠭᠠᠢ ᠭᠡᠮᠡᠨ ᠮᠥᠨ ᠬᠦ᠌ ᠪᠣᠯᠣᠷ ᠬᠡᠭᠡᠷ᠎ᠡ ᠶ᠋ᠢᠨ ᠪᠠᠶᠠᠷ ᠴᠡᠩᠭᠡᠯ ᠳ᠋ᠦ᠍ᠷ ᠲᠠᠭᠠᠯᠴᠠᠭᠤᠯᠤᠨ᠂ ᠬᠠᠮᠲᠤ ᠬᠤᠷᠢᠮ ᠳ᠋ᠤᠷ ᠰᠠᠭᠤᠯᠭᠠᠨ ᠬᠤᠷᠢᠮᠯᠠᠭᠤᠯᠵᠤ᠂ ᠰᠥᠨᠢ ᠰᠣᠭᠲᠣᠯᠴᠠᠨ᠂ ᠨᠢᠭᠡᠨ ᠬᠥᠰᠢᠭᠡ ᠳ᠋ᠦ᠍ᠷ ᠣᠷᠣᠭᠰᠠᠨ ᠴᠡᠩᠭᠡᠯ ᠦ᠋ᠨ ᠵᠠᠪᠰᠠᠷ᠎ᠠ᠂ ᠰᠠᠢᠬᠠᠨ ᠭᠦᠦᠷ ᠢ᠋ ᠪᠠᠭ᠎ᠠ ᠬᠠᠲᠤᠭᠲᠠᠢ ᠪᠣᠯᠭᠠᠨ ᠠᠪᠴᠤ ᠥᠭᠰᠦᠭᠡᠢ ᠬᠡᠮᠡᠬᠦ ᠠᠴᠢ ᠵᠢᠷᠤᠮ ᠳ᠋ᠤᠷ ᠬᠠᠷᠢᠭᠤᠯᠠᠬᠤ ᠰᠠᠨᠠᠭᠠᠨ ᠢ᠋ᠶ᠋ᠠᠨ ᠬᠡᠯᠡᠭᠰᠡᠨ ᠳ᠋ᠦ᠍ᠷ ᠬᠦᠩ ᠠᠯᠲᠠᠨᠱᠠᠭ᠎ᠠ ᠰᠣᠯᠤᠩᠭᠤᠸ᠎ᠠ ᠶ᠋ᠢᠨ ᠠᠭᠤᠳᠠᠮ ᠶᠡᠬᠡ ᠮᠡᠷᠭᠡᠨ ᠠᠮᠠᠷᠠᠭ ᠲᠤᠷ ᠠᠨᠤ ᠶᠡᠬᠡᠯ᠎ᠡ ᠪᠢᠰᠢᠷᠡᠵᠦ ᠥᠴᠢᠷᠦᠨ᠄
ᠭᠡᠷᠡᠯᠲᠦ ᠶᠡᠬᠡᠮᠰᠦᠭ ᠬᠤᠸᠠᠩᠬᠡᠦ ᠶ᠋ᠢᠨ ᠡᠷᠭᠦᠮᠵᠢᠯᠡᠭᠰᠡᠨ ᠭᠡᠷᠡᠯᠲᠦ ᠶᠡᠬᠡᠮᠰᠦᠭ ᠡᠷᠬᠢᠯᠡᠭᠰᠡᠨ ᠡᠬᠡᠨᠡᠷ ᠰᠠᠢᠳ
ᠭᠡᠢᠪᠡᠩ ᠦᠵᠡᠰᠬᠦᠯᠡᠩ ᠪᠠᠭ᠎ᠠ ᠲᠠᠲᠠᠪᠤᠷᠢ ᠲᠠᠯᠪᠢᠵᠤ ᠥᠭᠶ᠎ᠡ ᠦᠯᠦ ᠪᠠᠶᠠᠷᠯᠠᠬᠤ ᠦᠨᠡᠷᠡᠶᠦ ?
ᠭᠡᠭᠡᠬᠡᠨ ᠲᠣᠳᠣᠷᠬᠠᠢ ᠴᠢᠩᠭᠢᠰ ᠬᠠᠭᠠᠨ ᠨᠠᠮᠠᠶᠢ ᠬᠦᠨᠳᠦᠳᠬᠡᠨ ᠦᠵᠡᠬᠦ ᠪᠢᠰᠢᠦ ?
ᠭᠡᠷᠦᠨ ᠳᠣᠲᠣᠷ᠎ᠠ ᠡᠬᠡᠨᠡᠷ ᠣᠯᠠᠳᠠᠪᠠᠰᠤ ᠬᠡᠮᠯᠡᠨ ᠰᠠᠨᠠᠪᠠᠰᠤ ᠰᠠᠢᠨ ᠦᠭᠡᠢ ᠪᠣᠯᠭᠤᠵᠠᠢ᠃
ᠬᠡᠮᠡᠭᠰᠡᠨ ᠳ᠋ᠦ᠍ᠷ ᠰᠣᠯᠣᠩᠭᠣᠸᠠ ᠰᠣᠴᠢᠨ ᠰᠡᠩᠬᠡᠷᠡᠵᠦ᠂ ᠳᠣᠲᠣᠷ᠎ᠠ ᠪᠠᠨ ᠠᠯᠲᠠᠨᠱᠠᠭ᠎ᠠ ᠶ᠋ᠢᠨ ᠬᠦᠨᠳᠦ ᠵᠤᠵᠠᠭᠠᠨᠠ ᠪᠡᠶᠡᠰᠦᠨ ᠪᠢᠰᠢᠷᠡᠵᠦ᠂ ᠠᠯᠲᠠᠨᠱᠠᠭ᠎ᠠ ᠶ᠋ᠢᠨ ᠭᠠᠵᠠᠭᠤ ᠨᠠᠢᠷ ᠬᠣᠶᠠᠷ ᠢ᠋ ᠢᠯᠭᠠᠨ ᠮᠡᠳᠡᠬᠦᠶ᠎ᠡ ᠮᠠᠭᠲᠠᠷᠤᠨ:
ᠬᠠᠭᠠᠴᠠᠭᠰᠠᠨ ᠢ᠋ᠶ᠋ᠠᠨ ᠬᠠᠮᠲᠤᠳᠬᠠᠭᠰᠠᠨ ᠬᠠᠰ ᠴᠢᠯᠠᠭᠤᠨ ᠤ᠋ ᠰᠡᠳᠬᠢᠯ ᠵᠢᠷᠦᠬᠡᠲᠦ ᠲᠠᠢᠽᠢ
ᠬᠠᠮᠤᠭ ᠢ᠋ ᠡᠵᠡᠯᠡᠭᠴᠢ ᠲᠡᠭᠷᠢ ᠶ᠋ᠢᠨ ᠬᠥᠪᠡᠭᠦᠨ ᠢ᠋ ᠲᠠᠨᠢᠵᠤ ᠭᠠᠷᠭᠠᠭᠰᠠᠨ ᠬᠦᠩ ᠡᠵᠡᠨ᠃
ᠬᠠᠵᠠᠭᠠᠢ ᠨᠡᠷ᠎ᠡ ᠶ᠋ᠢ ᠥᠴᠦᠬᠡᠨ ᠴᠦ᠍ ᠦᠯᠦ ᠬᠠᠯᠠᠭᠠᠭᠴᠢ ᠶᠡᠬᠡᠰ ᠰᠠᠢᠳ ᠨᠥᠬᠥᠷ
ᠬᠠᠭᠠᠴᠠᠯ ᠦᠭᠡᠢ ᠬᠠᠭᠠᠨ ᠳ᠋ᠤᠷ ᠠᠢᠯᠠᠳᠬᠠᠵᠤ ᠬᠠᠳᠠᠨ ᠵᠠᠷᠯᠢᠭ ᠢ᠋ᠶ᠋ᠠᠷ ᠬᠠᠮᠲᠤᠳᠬᠠᠶᠠ ᠪᠢ ᠬᠡᠮᠡᠵᠦ
ᠡᠳᠡᠭᠡᠷ ᠤᠴᠢᠷ ᠢ᠋ ᠥᠪᠡᠷᠦᠨ ᠪᠡᠶ᠎ᠡ ᠪᠡᠷ ᠵᠢᠨᠦᠩ ᠳ᠋ᠦ᠍ᠷ ᠤᠴᠠᠷᠠᠵᠤ ᠨᠠᠷᠢᠪᠴᠢᠯᠠᠨ ᠮᠡᠳᠡᠭᠦᠯᠵᠦ ᠬᠠᠭᠠᠨ ᠳ᠋ᠤᠷ ᠠᠢᠯᠠᠳᠬᠠᠨ ᠦᠭᠬᠦᠢ ᠶ᠋ᠢ ᠭᠤᠶᠤᠭᠰᠠᠨ ᠳ᠋ᠤᠷ ᠵᠢᠨᠦᠩ ᠮᠤᠬᠤᠯᠢ᠂ ᠥᠪᠡᠷ᠎ᠡ ᠴᠡᠷᠢᠭ ᠦ᠋ᠨ ᠣᠴᠢᠷ᠎ᠠ᠂ ᠨᠤᠮᠤ ᠪᠠᠨ ᠪᠠᠷᠢᠵᠤ ᠲᠥᠯᠭᠡ ᠦᠵᠡᠬᠦᠶ᠎ᠡ ᠲᠣᠬᠢᠶᠠᠯᠳᠤᠭᠰᠠᠨ ᠢ᠋ᠶ᠋ᠠᠷ ᠮᠤᠬᠤᠯᠢ ᠪᠡᠯᠡᠨ ᠪᠠᠷᠢᠵᠤ ᠪᠠᠢᠭᠰᠠᠨ ᠨᠣᠮᠣᠨ ᠤ᠋ ᠬᠥᠪᠴᠢ ᠪᠡᠨ ᠲᠠᠮᠰᠢᠶᠠᠯᠠᠨ ᠴᠠᠪᠬᠤᠯᠠᠵᠤ ᠲᠡᠩᠰᠢᠨᠡᠬᠦ ᠴᠢᠮᠡᠭᠡᠨ ᠢ ᠬᠠᠭᠠᠰ ᠴᠠᠭ ᠴᠢᠩᠨᠠᠵᠤ ᠥᠭᠦᠯᠡᠷᠦᠨ :
《ᠭᠦᠩᠵᠦ ᠶ᠋ᠢᠨ ᠡᠨᠡ ᠬᠡᠯᠡᠬᠦ ᠰᠠᠢᠬᠠᠨ ᠭᠦᠦᠷ ᠬᠡᠦᠬᠡᠨ ᠮᠠᠨ ᠤ᠋ ᠮᠣᠩᠭᠣᠯ ᠤ᠋ᠨ ᠤᠯᠤᠰ ᠲᠥᠷᠥ ᠳ᠋ᠦ᠍ᠷ ᠨᠡᠷ᠎ᠡ ᠣᠷᠣᠬᠤ ᠬᠤᠪᠢᠲᠤ ᠡᠬᠡᠨᠡᠷ ᠠᠵᠤᠭᠤ᠃ ᠲᠡᠭᠦᠨ ᠳ᠋ᠦ᠍ᠷ ᠪᠠᠰᠠ ᠲᠠᠩᠭᠤᠳ ᠤᠯᠤᠰ ᠤ᠋ᠨ ᠰᠢᠨ ᠯᠤᠸᠠᠨ ᠵᠢᠶᠦ᠋ᠨ ᠵᠣ᠌ ᠶ᠋ᠢᠨ ᠰᠤᠮᠤ ᠪᠠ ᠭᠠᠳᠠᠰᠤᠨ ᠤ᠋ ᠨᠠᠷᠢᠨ ᠱᠠᠯᠠᠮᠠᠭᠠᠢ ᠴᠡᠷᠢᠭ ᠦ᠋ᠨ ᠡᠷᠳᠡᠮ ᠪᠣᠢ ᠶ᠋ᠢᠨ ᠲᠤᠯᠠ ᠤᠳᠠᠬᠤ ᠦᠭᠡᠢ ᠠᠪᠠᠭ᠎ᠠ ᠬᠠᠭᠠᠨ ᠢ᠋ᠶ᠋ᠠᠨ ᠬᠥᠨᠥᠭᠡᠭᠰᠡᠨ ᠬᠠᠭᠤᠴᠢᠨ ᠨᠠᠢ᠍ᠮᠠᠨ ᠤ᠋ ᠴᠢᠦᠢ ᠴᠦ ᠯᠢᠦᠢ ᠡᠴᠢᠭᠡ ᠬᠥᠪᠡᠭᠦᠨ ᠢ᠋ ᠲᠠᠢᠯᠵᠤ ᠲᠣᠭᠲᠠᠭᠠᠮᠤᠢ᠂ ᠲᠡᠷᠡ ᠴᠡᠷᠢᠭ ᠲᠦ᠍ᠷ ᠡᠨᠡ ᠰᠠᠢᠬᠠᠨ ᠬᠡᠦᠬᠡᠨ ᠢ ᠭᠦᠩᠵᠦ ᠴᠢ ᠪᠠᠢᠯᠳᠤᠭᠠᠨ᠎ᠠ ᠭᠠᠷᠭᠠᠵᠤ ᠪᠠᠬᠠᠨ ᠴᠡᠷᠢᠭ ᠦ᠋ᠨ ᠭᠠᠪᠢᠶ᠎ᠠ ᠪᠠᠢᠭᠤᠯᠤᠮᠠᠭᠴᠠ᠂ ᠭᠠᠪᠢᠶ᠎ᠠ ᠢᠯᠭᠠᠬᠤᠶᠠ ᠶᠠᠷᠢᠭᠳᠠᠭᠠᠨ ᠶᠡᠬᠡ ᠴᠡᠷᠢᠭ ᠦ᠋ᠨ ᠵᠠᠰᠠᠭ ᠢ᠋ᠶ᠋ᠠᠷ ᠣᠷᠣᠭᠤᠯᠪᠠᠰᠤ᠂ ᠶᠣᠰᠣ ᠭᠡᠭᠡᠬᠡᠨ ᠪᠥᠭᠡᠳ ᠭᠦᠩᠵᠦ ᠴᠢᠨᠦ ᠭᠡᠷᠡᠯᠲᠦ ᠶᠡᠬᠡᠮᠰᠦᠭ ᠭᠡᠭᠡᠬᠡᠨ ᠢᠯᠭᠤᠮ ᠠᠨᠤ ᠤᠯᠤᠰ ᠤ᠋ᠨ ᠬᠣᠲᠠᠯᠠᠭᠠᠷ᠎ᠠ ᠳᠠᠭᠤᠷᠢᠰᠤᠨ ᠠᠯᠳᠠᠷᠰᠢᠬᠤ ᠪᠥᠭᠡᠳ ᠤᠯᠤᠰ ᠤ᠋ᠨ ᠡᠬᠡ ᠭᠡᠷᠡᠯᠲᠦ ᠶᠡᠬᠡᠮᠰᠦᠭ ᠬᠤᠸᠠᠩᠬᠡᠦ ᠶ᠋ᠢᠨ ᠨᠢᠭᠤᠷ ᠲᠤᠷ ᠮᠥᠨ ᠭᠡᠷᠡᠯ ᠬᠢᠯᠪᠠᠰᠤᠯ ᠨᠡᠮᠡᠬᠦ ᠦᠭᠡᠢ ᠤᠤ ? 》ᠬᠡᠮᠡᠭᠰᠡᠨ ᠳ᠋ᠦ᠍ᠷ ᠰᠣᠯᠤᠩᠭᠤᠸ᠎ᠠ ᠭᠦᠨ᠎ᠡ ᠲᠠᠯᠠᠷᠬᠠᠨ ᠶᠣᠰᠣᠯᠠᠵᠤ :
《ᠬᠠᠭᠤᠴᠢᠨ ᠨᠠᠢ᠍ᠮᠠᠨ ᠢ᠋ ᠳᠠᠢᠯᠠᠬᠤ ᠬᠡᠪᠴᠢᠶᠡᠨ ᠢ᠋ ᠬᠦᠯᠢᠶᠡᠬᠦᠶ᠎ᠡ ᠡᠳᠦᠭᠡ ᠴᠢᠪᠬᠢᠲᠡᠯ᠎ᠡ ᠲᠠᠩᠭᠤᠳ ᠤᠯᠤᠰ ᠤ᠋ᠨ ᠪᠠᠷᠠᠭᠤᠨ ᠬᠢᠵᠠᠭᠠᠷ ᠤ᠋ᠨ ᠳᠣᠭᠰᠢᠨ ᠬᠣᠲᠣᠩ ᠤ᠋ᠳ ᠤ᠋ᠨ ᠳᠥᠷᠪᠡᠨ ᠠᠢᠮᠠᠭ ᠤ᠋ᠨ ᠴᠡᠷᠢᠭ ᠪᠣᠢ 》ᠬᠡᠮᠡᠬᠦᠢ ᠳ᠋ᠦ᠍ᠷ ᠵᠢᠨᠦᠩ ᠮᠤᠬᠤᠯᠢ ᠬᠥᠮᠥᠰᠬᠡ ᠠᠲᠤᠷᠢᠮᠠᠭᠴᠠ ᠠᠷᠭ᠎ᠠ ᠶ᠋ᠢ ᠤᠬᠠᠵᠤ᠂ ᠰᠠᠢᠬᠠᠨ ᠭᠦᠦᠷ ᠬᠡᠦᠬᠡᠨ ᠢ᠋ᠶ᠋ᠡᠷ ᠲᠠᠩᠭᠤᠳ ᠤᠯᠤᠰ ᠤ᠋ᠨ ᠰᠢᠨ ᠯᠤᠸᠠᠨ ᠵᠢᠶᠦ᠋ᠨ ᠵᠣ᠌ ᠶ᠋ᠢ ᠣᠷᠣᠯᠠᠨ᠂ ᠲᠠᠩᠭᠤᠳ ᠤᠯᠤᠰ ᠤ᠋ᠨ ᠳᠣᠭᠰᠢᠨ ᠬᠣᠲᠣᠩ ᠤ᠋ᠳ ᠢ᠋ ᠡᠪᠳᠡᠬᠦ ᠠᠷᠭ᠎ᠠ ᠶ᠋ᠢ ᠲᠣᠭᠲᠠᠭᠠᠵᠤ᠂ ᠪᠡᠯᠭᠦᠳᠡᠢ ᠴᠢᠨ ᠸᠠᠩ ᠳ᠋ᠤᠷ ᠰᠢᠪᠡᠨᠡᠨ ᠰᠤᠷᠭᠠᠭᠰᠠᠨ ᠠᠵᠤᠭᠤ᠃ ᠡᠳᠦᠭᠡ ᠪᠡᠯᠭᠦᠳᠡᠢ ᠴᠢᠨ ᠸᠠᠩ᠂ ᠵᠢᠨᠦᠩ ᠦ᠋ᠨ ᠥᠭᠭᠦᠭᠰᠡᠨ ᠴᠢᠬᠤᠯᠠ ᠴᠠᠭᠠᠵᠠᠨ ᠤ᠋ ᠵᠡᠪᠡ ᠪᠡᠷ ᠠᠯᠲᠠᠨᠱᠠᠭ᠎ᠠ᠂ ᠰᠣᠯᠤᠩᠭᠤᠸ᠎ᠠ ᠬᠣᠶᠠᠭᠤᠯᠠ ᠶ᠋ᠢ ᠵᠠᠷᠯᠠᠨ ᠢᠷᠡᠭᠦᠯᠵᠦ᠂ ᠡᠳᠡᠭᠡᠷ ᠨᠠᠷᠢᠨ ᠨᠢᠭᠲᠠ ᠠᠷᠭ᠎ᠠ ᠤᠬᠠᠭᠠᠨ ᠢ᠋ ᠨᠠᠷᠢᠪᠴᠢᠯᠠᠨ ᠰᠤᠷᠭᠠᠵᠤ᠂ ᠡᠷ᠎ᠡ ᠡᠮ᠎ᠡ ᠬᠣᠶᠠᠷ ᠠᠩᠭᠢ ᠶ᠋ᠢᠨ ᠴᠡᠷᠢᠭ ᠢ᠋ ᠪᠦᠷᠢᠨ᠎ᠡ ᠠᠪᠤᠭᠤᠯᠵᠤ᠂ ᠮᠥᠨ ᠬᠦ᠌ ᠨᠠᠢ᠍ᠮᠠᠨ ᠮᠢᠩᠭᠠᠨ ᠴᠡᠷᠢᠭ ᠰᠢᠯᠭᠠᠭᠤᠯᠤᠨ᠂ ᠰᠠᠢᠬᠠᠨ ᠭᠦᠦᠷ ᠬᠡᠦᠬᠡᠨ ᠢ᠋ ᠴᠡᠷᠢᠭ ᠦ᠋ᠨ ᠲᠡᠷᠢᠭᠦᠨ᠎ᠡ ᠶᠠᠪᠤᠭᠤᠯᠵᠤ᠂ ᠠᠷᠪᠠᠨ ᠲᠡᠮᠡᠭᠡᠨ ᠠᠴᠢᠶ᠎ᠠ᠂ ᠲᠠᠩᠭᠤᠳ ᠤᠯᠤᠰ ᠤ᠋ᠨ ᠲᠡᠮᠳᠡᠭᠲᠦ ᠰᠢᠭᠦᠷ ᠳᠠᠯᠪᠠᠭ᠎ᠠ᠂ ᠲᠤᠭ ᠬᠢᠭᠢᠷᠢ᠂ ᠮᠠᠯᠠᠭ᠎ᠠ ᠣᠯᠪᠣᠭ ᠤ᠋ᠨ ᠵᠦᠢᠯ ᠢ᠋ᠶ᠋ᠡᠷ ᠴᠢᠮᠡᠭᠯᠡᠭᠦᠯᠦᠨ ᠶᠡᠬᠡ ᠲᠤᠭ ᠬᠢᠭᠢᠷᠢ ᠳ᠋ᠦ᠍ᠷ《ᠲᠠᠩᠭᠤᠳ ᠤᠯᠤᠰ ᠤ᠋ᠨ ᠮᠣᠩᠭᠣᠯ ᠯᠤᠭ᠎ᠠ ᠡᠪᠰᠡᠯ ᠢ᠋ ᠬᠡᠯᠡᠯᠴᠡᠬᠦ ᠵᠠᠷᠯᠢᠭ ᠤ᠋ᠨ ᠶᠡᠬᠡ ᠡᠯᠴᠢ ᠵᠢᠶᠦ᠋ᠨ ᠵᠣ᠌ ᠯᠢ ᠼᠦᠨ ᠵᠣ᠌ 》ᠭᠡᠮᠡᠨ ᠶᠡᠬᠡ ᠦᠰᠦᠭ ᠪᠢᠴᠢᠵᠦ ᠭᠤᠷᠪᠠᠨ ᠬᠦᠷᠢᠶ᠎ᠡ ᠶᠡᠬᠡ ᠴᠡᠷᠢᠭ ᠦ᠋ᠨ ᠡᠮᠦᠨ᠎ᠡ ᠰᠦᠷ ᠲᠠᠯᠪᠢᠨ ᠶᠠᠪᠤᠵᠤ᠂ ᠨᠠᠰᠤ ᠪᠠ ᠵᠢᠰᠦ ᠢᠨᠤ ᠯᠢ ᠼᠦᠨ ᠵᠣ᠌ ᠯᠦ᠍ᠭᠡ ᠡᠨᠳᠡᠭᠦᠷᠡᠮᠡ ᠪᠥᠭᠡᠳ ᠪᠠᠰᠠ ᠮᠠᠰᠢ ᠰᠠᠢᠬᠠᠨ ᠲᠠᠨᠢᠯᠴᠠᠬᠤᠢ ᠶ᠋ᠢᠨ ᠳᠡᠭᠡᠷ᠎ᠡ᠂ ᠡᠨᠡ ᠵᠢᠯ ᠴᠢᠪ ᠴᠢᠬᠡ ᠬᠠᠷᠠᠬᠠᠨ ᠠᠷᠪᠠᠨ ᠵᠢᠷᠭᠤᠭᠠᠨ ᠨᠠᠰᠤᠨ ᠤ᠋ ᠬᠠᠰ ᠤ᠋ᠨ ᠪᠤᠯᠪᠠᠷᠠᠢ ᠴᠢᠷᠠᠢ᠂ ᠠᠯᠢᠶ᠎ᠠ ᠬᠥᠭᠡᠷᠳᠡᠩ ᠵᠠᠩ᠂ ᠲᠠᠪᠤᠨ ᠲᠡᠭᠰᠢ ᠪᠡᠶ᠎ᠡ ᠳ᠋ᠦ᠍ᠷ᠂ ᠠᠯᠲᠠ ᠬᠠᠰ᠂ ᠰᠤᠪᠤᠳ ᠲᠠᠨ᠎ᠠ ᠶ᠋ᠢᠨ ᠬᠡᠯᠬᠢᠶᠡᠮᠡᠯ ᠡᠷᠳᠡᠨᠢᠰ ᠦ᠋ᠨ ᠬᠤᠶᠠᠭ ᠳᠤᠭᠤᠯᠠᠭ᠎ᠠ ᠪᠣᠯᠣᠷ ᠲᠣᠯᠢ ᠮᠥᠩᠭᠥᠨ ᠣᠳᠣᠳ ᠤ᠋ᠨ ᠲᠦᠮᠡᠨ ᠬᠢᠯᠪᠠᠰᠤᠯ ᠢ᠋ᠶ᠋ᠠᠷ ᠳᠠᠪᠬᠤᠷᠯᠠᠨ ᠬᠡᠳᠦᠷᠴᠦ ᠂ ᠲᠡᠷᠢᠭᠦᠨ ᠦ᠌ ᠵᠠᠭᠤᠨ ᠬᠢᠯᠪᠠᠰᠤᠯ ᠤ᠋ᠨ ᠮᠥᠩᠭᠥᠨ ᠲᠣᠯᠢᠯᠠᠯᠳᠤ᠂ ᠰᠢᠵᠢᠷ ᠠᠯᠲᠠᠨ ᠤ᠋ ᠬᠠᠪᠴᠢᠶᠠᠷᠲᠤ ᠡᠷᠳᠡᠨᠢ ᠰᠤᠪᠤᠳ ᠰᠢᠭᠢᠳᠬᠡᠮᠡᠯ᠂ ᠼᠦᠢ ᠤᠨᠵᠢᠯᠭᠠᠲᠤ ᠳᠤᠭᠤᠯᠠᠭ᠎ᠠ ᠳ᠋ᠤᠷ ᠬᠣᠶᠠᠷ ᠠᠯᠲᠠ ᠤᠷᠲᠤ ᠨᠩᠭᠢᠶᠡᠳ ᠬᠢᠷᠭᠤᠤᠯ ᠤ᠋ᠨ ᠰᠡᠭᠦᠯ ᠬᠠᠳᠬᠤᠵᠤ᠂ ᠦᠵᠦᠭᠦᠷ ᠢᠨᠦ ᠮᠣᠷᠢᠨ ᠤ᠋ ᠬᠣᠨᠳᠣᠯᠠᠢ ᠬᠦᠷᠴᠦ᠂ ᠭᠤᠷᠪᠠᠨ ᠨᠢᠳᠦᠲᠦ ᠲᠣᠭᠣᠰ ᠤ᠋ᠨ ᠤᠲᠤᠭ᠎ᠠ ᠠᠷᠤ ᠮᠥᠷᠥ ᠳ᠋ᠦ᠍ᠷ ᠬᠢᠯᠪᠠᠰᠤᠨ ᠴᠡᠴᠡᠷᠬᠢᠯᠡᠵᠦ᠂ ᠰᠠᠯᠬᠢᠨ ᠤ᠋ ᠪᠦᠴᠡ᠂ ᠬᠣᠷᠮᠣᠢ ᠶ᠋ᠢᠨ ᠴᠠᠴᠤᠭ ᠳᠥᠷᠥᠭᠡ ᠬᠣᠲᠣᠷᠭᠠ ᠳ᠋ᠤᠷ ᠨᠠᠢᠭᠤᠯᠵᠠᠵᠤ᠂ ᠬᠠᠰ ᠤ᠋ᠨ ᠵᠢᠰᠦ ᠬᠠᠢᠲᠠᠨ ᠴᠡᠴᠡᠭ ᠦ᠋ᠨ ᠤᠯᠠᠭᠠᠨ ᠡᠩᠭᠡᠰᠬᠡ ᠡᠴᠡ ᠴᠦ᠍ ᠭᠡᠷᠡᠯᠲᠡᠢ ᠰᠠᠢᠬᠠᠨ᠃ ᠤᠯᠠᠭᠠᠨ ᠤᠷᠤᠭᠤᠯ ᠂ ᠵᠢᠷᠤᠮᠠᠯ ᠬᠥᠮᠥᠰᠬᠡ᠂ ᠬᠤᠪᠢᠯᠭᠠᠨ ᠥᠬᠢᠨ ᠲᠡᠭᠷᠢ ᠶ᠋ᠢᠨ ᠷᠠᠭᠢᠨᠢᠰ ᠮᠡᠲᠦ᠃ ᠠᠯᠲᠠᠨ ᠬᠣᠩᠬᠣ᠂ ᠣᠯᠠᠨ ᠮᠣᠨᠴᠣᠭᠲᠤ᠂ ᠥᠨᠳᠥᠷ ᠲᠣᠯᠣᠭᠠᠢᠲᠤ ᠬᠠᠰ ᠴᠠᠭᠠᠨ ᠯᠤᠤ ᠶ᠋ᠢᠨ ᠬᠦᠯᠦᠭ᠂ ᠰᠡᠭᠦᠵᠢᠨ ᠳ᠋ᠦ᠍ᠷ ᠺᠠᠯᠪᠢᠩᠭᠠ ᠶ᠋ᠢᠨ ᠥᠳᠥᠲᠦ ᠭᠠᠩ ᠤ᠋ᠨ ᠨᠤᠮᠤ ᠵᠡᠪᠡ ᠠᠭᠰᠠᠵᠤ᠂ ᠭᠠᠷ ᠲᠠᠭᠠᠨ ᠠᠯᠮᠠᠰ ᠡᠷᠳᠡᠨᠢ ᠶ᠋ᠢᠨ ᠰᠢᠬᠢᠳᠬᠡᠭᠡᠷᠲᠦ ᠭᠠᠩ ᠲᠡᠮᠦᠷ ᠢ᠋ ᠮᠥᠩᠭᠥᠨ ᠢ᠋ᠶ᠋ᠡᠷ ᠭᠠᠳᠠᠷᠯᠠᠭᠰᠠᠨ ᠭᠦᠢᠯᠡᠰᠦᠨ ᠴᠡᠴᠡᠭ ᠦ᠋ᠨ ᠪᠣᠯᠣᠳ ᠲᠡᠮᠦᠷ ᠰᠠᠷᠠᠨ ᠰᠡᠷᠪᠡᠭᠡᠲᠦ ᠮᠣᠭᠠᠢ ᠶ᠋ᠢᠨ ᠰᠡᠭᠦᠯ ᠦ᠋ᠨ ᠵᠢᠢ ᠵᠢᠳᠠ᠂ ᠠᠷᠤ ᠳ᠋ᠤᠷ ᠰᠣᠯᠣᠩᠭ᠎ᠠ ᠶ᠋ᠢᠨ ᠲᠠᠪᠤᠨ ᠥᠩᠭᠡ ᠶ᠋ᠢᠨ ᠮᠠᠩᠨᠤᠭ ᠳᠠᠯᠪᠠᠭ᠎ᠠ ᠬᠠᠳᠬᠤᠵᠤ᠂ ᠪᠡᠶ᠎ᠡ ᠶ᠋ᠢ ᠲᠣᠭᠣᠷᠢᠨ ᠬᠠᠮᠠᠭᠠᠯᠠᠬᠤ ᠲᠠᠵᠢ ᠮᠠᠩᠨᠤᠭ ᠤ᠋ᠨ ᠬᠤᠶᠠᠭ ᠣᠯᠪᠣᠭ ᠳᠠᠪᠬᠤᠷᠯᠢᠭ ᠳᠠᠯᠪᠠᠭᠠᠲᠤ ᠭᠤᠴᠢᠨ ᠵᠢᠷᠭᠤᠭᠠᠨ ᠥᠬᠢᠨ ᠴᠡᠷᠢᠭ᠂ ᠲᠦᠮᠡᠨ ᠣᠳᠣᠳ ᠤ᠋ᠨ ᠭᠢᠯᠪᠠᠰᠤᠯᠲᠤ ᠮᠠᠩᠨᠤᠭ ᠬᠢᠭᠢᠷᠢ ᠪᠠᠷᠢᠯᠴᠠᠨ᠂ ᠴᠥᠮ ᠨᠢᠩᠭ᠎ᠠ ᠭᠠᠩ ᠤ᠋ᠨ ᠪᠢᠴᠢᠬᠠᠨ ᠬᠣᠯᠬᠣᠪᠴᠢ ᠨᠤᠮᠤ ᠵᠡᠪᠡ ᠶ᠋ᠢᠨ ᠰᠠᠭᠠᠳᠠᠭ ᠠᠭᠰᠠᠵᠤ᠂ ᠴᠥᠮ ᠢ᠋ᠶ᠋ᠡᠷ ᠤᠯᠠᠭᠠᠨ ᠮᠣᠨᠴᠣᠭ᠂ ᠠᠯᠳᠠᠮᠠᠯ ᠬᠣᠩᠬᠣ᠂ ᠴᠠᠭᠠᠨ ᠰᠠᠷᠠᠯ ᠮᠣᠷᠢ᠂ ᠤᠷᠲᠤ ᠮᠥᠩᠭᠥᠨ ᠡᠰᠢᠮᠡᠯᠲᠦ ᠵᠢᠳᠠ᠂ ᠦᠨᠡᠨ ᠢ᠋ᠶ᠋ᠡᠷ ᠨᠢᠭᠡᠨ ᠰᠦᠷᠦᠭ ᠦ᠋ᠨ ᠪᠣᠯᠣᠷ ᠬᠤᠪᠢᠯᠭᠠᠨ ᠴᠠᠭᠠᠵᠠ ᠰᠢᠳᠢᠲᠡᠨ ᠦ᠌ ᠴᠡᠷᠢᠭ᠂ ᠤᠷᠪᠠᠬᠤ ᠬᠥᠷᠪᠡᠬᠦ᠂ ᠬᠠᠷᠪᠤᠨ ᠣᠷᠣᠬᠤ᠂ ᠮᠤᠰᠬᠢᠨ ᠪᠤᠴᠠᠬᠤ᠂ ᠬᠤᠷᠳᠤᠨ ᠱᠠᠯᠠᠮᠠᠭᠠᠢ ᠠᠨᠤ ᠬᠢᠷᠭᠤᠢ ᠰᠢᠭᠦᠷᠦᠨ᠂ ᠴᠠᠬᠤᠯᠠᠢ ᠴᠠᠢᠪᠠᠯᠵᠠᠬᠤ ᠮᠡᠲᠦ ᠬᠤᠷᠴᠠ ᠬᠤᠷᠳᠤᠨ᠃ ᠠᠯᠲᠠᠨᠱᠠᠭ᠎ᠠ ᠨᠥᠬᠥᠷ ᠡᠮ᠎ᠡ ᠬᠣᠶᠠᠭᠤᠯᠠ ᠲᠡᠷᠡ ᠵᠢᠭᠰᠠᠭᠠᠯ ᠢ᠋ ᠦᠵᠡᠭᠡᠳ ᠠᠯᠲᠠᠨᠱᠠᠭ᠎ᠠ ᠬᠠᠲᠤᠨ ᠰᠤᠯᠤᠩᠭᠤᠸ᠎ᠠ ᠶ᠋ᠢ ᠬᠠᠷᠠᠵᠤ ᠢᠨᠢᠶᠡᠨ ᠬᠣᠱᠣᠩᠨᠠᠨ ᠢᠢᠨ ᠭᠡᠮᠡᠨ ᠥᠭᠦᠯᠡᠷᠦᠨ᠄
《ᠬᠠᠰ ᠺᠠᠯᠪᠢᠩᠭᠠ ᠬᠡᠦᠬᠡᠨ ᠪᠥᠬᠥᠶ᠎ᠡ ᠪᠡᠶᠡᠰᠦᠨ ᠨᠠᠭᠠᠳᠤᠭᠰᠠᠨ᠂ ᠪᠣᠯᠣᠷ ᠷᠠᠭᠢᠨᠢᠰ ᠤ᠋ᠨ ᠵᠢᠭᠰᠠᠭᠠᠯ ᠢᠯᠡᠷᠡᠪᠡ᠃ 》ᠰᠣᠯᠣᠩᠭᠣᠸᠠ ᠳᠡᠭᠦᠨᠦ ᠠᠷᠪᠠᠨ ᠲᠠᠪᠤᠨ ᠨᠠᠰᠤᠨ ᠤ᠋ ᠦᠶ᠎ᠡ ᠶ᠋ᠢ ᠬᠡᠯᠡᠬᠦ ᠶ᠋ᠢ ᠦᠵᠡᠭᠡᠳ ᠣᠮᠤᠰᠬᠢᠨ ᠢᠨᠢᠶᠡᠵᠦ ᠳᠣᠣᠷ᠎ᠠ ᠳᠠᠭᠤᠨ ᠢ᠋ᠶ᠋ᠠᠷ ᠬᠠᠷᠢᠭᠤ ᠢᠢᠨ ᠭᠡᠮᠡᠨ ᠥᠴᠢᠷᠦᠨ᠄
《ᠬᠠᠨ ᠺᠠᠷᠣᠳᠢ ᠬᠡᠦᠬᠡᠳ ᠪᠠᠢᠬᠤᠶᠠ ᠷᠠᠭᠢᠨᠢᠰ ᠤ᠋ᠨ ᠵᠢᠭᠰᠠᠭᠠᠯ ᠢ᠋ ᠮᠥᠩᠭᠥᠨ ᠦ᠌ ᠵᠢᠳᠠ ᠪᠠᠷ ᠬᠥᠨᠳᠡᠯᠢᠳᠪᠡ 》ᠬᠡᠮᠡᠭᠰᠡᠨ ᠳ᠋ᠦ᠍ᠷ ᠠᠯᠲᠠᠨᠱᠠᠭ᠎ᠠ ᠠᠯᠠᠰᠬᠢᠨ ᠪᠠᠶᠠᠷᠯᠠᠵᠤ᠂ ᠪᠠᠰᠠ ᠬᠠᠷᠢᠭᠤ ᠢᠨᠢᠶᠡᠨ ᠥᠭᠦᠯᠡᠷᠦᠨ :
《ᠬᠠᠰ ᠺᠠᠯᠪᠢᠩᠭᠠ ᠂ ᠬᠠᠲᠤᠨ ᠬᠤᠸᠠᠩᠬᠡᠦ ᠶ᠋ᠢᠨ ᠡᠷᠬᠢᠯᠡᠭᠰᠡᠨ ᠰᠠᠢᠳ ᠪᠣᠯᠤᠭᠠᠳ᠂ ᠬᠠᠰ ᠵᠢᠳᠠ ᠶ᠋ᠢᠨ ᠵᠢᠭᠰᠠᠭᠠᠯ ᠢ᠋ ᠤᠮᠠᠷᠲᠠᠪᠠ ᠤᠤ ? 》 ᠬᠡᠮᠡᠭᠰᠡᠨ ᠳ᠋ᠦ᠍ᠷ ᠰᠣᠯᠣᠩᠭᠤᠸ᠎ᠠ ᠤᠮᠤᠰᠬᠢᠨ ᠢᠨᠢᠶᠡᠵᠦ ᠪᠠᠰᠠ ᠬᠠᠷᠢᠭᠤ ᠬᠣᠣᠰᠯᠠᠵᠤ ᠥᠴᠢᠷᠦᠨ᠄
《ᠬᠠᠨ ᠺᠠᠷᠣᠳᠢ ᠬᠠᠭᠠᠨ ᠬᠤᠸᠠᠩᠳᠢ ᠶ᠋ᠢᠨ ᠡᠷᠭᠦᠮᠵᠢᠯᠡᠭᠰᠡᠨ ᠬᠦᠩ ᠰᠠᠭᠤᠭᠠᠳ᠂ ᠬᠠᠳᠠᠨ ᠵᠠᠭᠠᠷ ᠬᠦᠵᠢᠰ ᠡᠴᠡ ᠠᠶᠤᠪᠠ ᠬᠡᠮᠡᠮᠦᠢ ᠤᠤ ? 》 ᠬᠡᠮᠡᠭᠰᠡᠨ ᠳ᠋ᠦ᠍ᠷ ᠬᠣᠶᠠᠭᠤᠯᠠ ᠴᠥᠮ ᠲᠡᠰᠬᠡᠯ ᠦᠭᠡᠢ ᠢᠨᠢᠶᠡᠳᠦᠮ ᠠᠯᠲᠠᠨ ᠵᠢᠭᠰᠠᠭᠠᠯ ᠤ᠋ᠨ ᠳᠡᠭᠡᠷ᠎ᠡ ᠵᠢᠭᠰᠠᠭᠠᠨ ᠵᠣᠭᠰᠣᠭᠰᠠᠨ ᠰᠠᠢᠬᠠᠨ ᠭᠦᠦᠷ ᠬᠡᠦᠬᠡᠨ᠂ ᠲᠡᠳᠡ ᠬᠣᠶᠠᠭᠤᠯᠠ ᠶ᠋ᠢᠨ ᠦᠭᠡ ᠶ᠋ᠢ ᠲᠣᠳᠣᠷᠬᠠᠢ ᠡᠰᠡ ᠰᠣᠨᠣᠰᠪᠠᠴᠤ᠂ ᠪᠠᠢᠳᠠᠯ ᠠᠨᠤ ᠳᠡᠭᠦᠨᠦ ᠭᠤᠸ᠎ᠠ ᠦᠵᠡᠰᠬᠦᠯᠡᠩ᠂ ᠭᠡᠭᠡᠬᠡᠨ ᠲᠤᠩᠭᠠᠯᠠᠭ ᠲᠤᠷ ᠪᠠᠬᠠᠷᠬᠠᠨ ᠪᠠᠶᠠᠰᠤᠯᠴᠠᠨ ᠢᠨᠢᠶᠡᠬᠦ ᠶ᠋ᠢ ᠲᠣᠳᠣᠷᠬᠠᠶ᠎ᠠ ᠮᠡᠳᠡᠵᠦ ᠭᠡᠨᠡᠳᠲᠡ᠂ ᠬᠦᠵᠦᠭᠦᠦ ᠴᠢᠷᠠᠢ ᠤᠯᠠᠢᠲᠠᠯ᠎ᠠ ᠢᠰᠪᠡᠯᠵᠡᠨ᠂ ᠶᠠᠭᠠᠷᠠᠨ ᠴᠡᠷᠢᠭ ᠦ᠋ᠨ ᠳᠣᠬᠢᠶ᠎ᠠ ᠲᠡᠮᠳᠡᠭ ᠦ᠋ᠨ ᠤᠯᠠᠭᠠᠨ ᠬᠢᠭᠢᠷᠢ ᠪᠡᠨ ᠨᠢᠭᠡᠨᠲᠡ ᠭᠦᠪᠢᠵᠦ᠂ ᠬᠠᠨ ᠫᠤᠤ ᠬᠠᠩᠭᠠᠷᠢᠰᠤᠨ ᠬᠦᠩᠭᠢᠷᠰᠡᠲᠡᠯᠡ ᠳᠠᠭᠤᠷᠢᠰᠴᠤ᠂ ᠬᠠᠮᠤᠭ ᠴᠡᠷᠢᠭ ᠬᠠᠮᠲᠤ ᠪᠦᠭᠦᠳᠡᠭᠡᠷ ᠬᠠᠲᠠᠷᠢᠭᠤᠯᠤᠨ ᠬᠥᠳᠡᠯᠪᠡ᠃ ᠡᠨᠡ ᠦᠨᠡᠬᠡᠷ᠄
ᠭᠡᠭᠡᠬᠡᠨ ᠲᠤᠩᠭᠠᠯᠠᠭ ᠪᠠᠭ᠎ᠠ ᠵᠠᠯᠠᠭᠤ ᠶ᠋ᠢᠨ ᠪᠠᠶᠠᠷ ᠪᠠᠶᠠᠰᠬᠤᠯᠠᠩ ᠴᠠᠭ
ᠬᠡᠢᠪᠡᠩ ᠦᠵᠡᠰᠬᠦᠯᠡᠩ ᠪᠠᠬᠠᠷᠬᠠᠯᠲᠠᠢ ᠰᠠᠢᠬᠠᠨ ᠪᠠᠭᠠᠲᠤᠷᠯᠠᠨ ᠣᠮᠣᠭᠰᠢᠬᠤ ᠦᠶ᠎ᠡ ᠃
ᠲᠡᠨᠳᠡᠴᠡ ᠮᠣᠩᠭᠣᠯ ᠤᠯᠤᠰ ᠤ᠋ᠨ ᠭᠤᠷᠪᠠᠨ ᠠᠩᠭᠢ ᠶᠡᠬᠡ ᠬᠦᠷᠢᠶᠡᠨ ᠦ᠌ ᠴᠡᠷᠢᠭ ᠳᠠᠷᠠᠭ᠎ᠠ ᠪᠠᠷ ᠬᠥᠳᠡᠯᠵᠦ᠂ ᠬᠣᠶᠠᠷ ᠬᠣᠨᠣᠭ ᠤ᠋ᠨ ᠵᠠᠮ ᠬᠥᠭᠡᠭᠡᠵᠦ᠂ ᠡᠮᠦᠨᠡᠲᠦ ᠬᠣᠰᠢᠭᠤᠴᠢ ᠬᠠᠭᠤᠷᠮᠠᠭ ᠲᠠᠩᠭᠤᠳ ᠤᠯᠤᠰ ᠤ᠋ᠨ ᠰᠢᠨ ᠯᠤᠸᠠᠨ ᠵᠢᠶᠦ᠋ᠨ ᠵᠣ᠌ ᠶ᠋ᠢᠨ ᠴᠡᠷᠢᠭ᠂ ᠨᠠᠢ᠍ᠮᠠᠨ ᠤ᠋ ᠲᠡᠷᠢᠭᠦᠨ ᠠᠩᠭᠢ᠂ ᠲᠠᠩᠭᠤᠳ ᠤᠯᠤᠰ ᠤ᠋ᠨ ᠬᠠᠭᠤᠷᠮᠠᠭ ᠵᠠᠷᠯᠢᠭ ᠢ᠋ᠶ᠋ᠠᠷ ᠵᠠᠷᠯᠠᠭᠰᠠᠨ᠂ ᠰᠢ ᠯᠢᠶᠠᠩ ᠤ᠋ᠨ ᠪᠠᠷᠠᠭᠤᠨ ᠬᠢᠵᠠᠭᠠᠷ ᠤ᠋ᠨ ᠳᠣᠭᠰᠢᠨ ᠬᠣᠲᠣᠩ ᠤ᠋ᠳ ᠤ᠋ᠨ ᠸᠠᠩ ᠳ᠋ᠦᠢ ᠶ᠋ᠢᠨ ᠴᠡᠷᠢᠭ ᠲᠦ᠍ᠷ ᠴᠢᠪᠬᠢᠲᠡᠯ᠎ᠡ ᠤᠴᠠᠷᠠᠬᠤᠶᠠ᠂ ᠸᠠᠩ ᠳ᠋ᠦᠢ ᠦᠵᠡᠪᠡᠰᠦ ᠲᠠᠩᠭᠤᠳ ᠤᠯᠤᠰ ᠤ᠋ᠨ ᠬᠠᠭᠠᠨ ᠤ᠋ ᠦᠶᠡᠯᠢᠳ ᠬᠥᠪᠡᠭᠦᠨ᠂ ᠶᠦᠸᠡᠢ ᠸᠠᠩ ᠤ᠋ᠨ ᠰᠢᠨ ᠯᠤᠸᠠᠨ ᠵᠢᠶᠦ᠋ᠨ ᠵᠣ᠌ ᠶ᠋ᠢᠨ ᠶᠡᠬᠡ ᠠᠯᠲᠠᠨ ᠤ᠋ ᠲᠤᠭ ᠲᠤᠷ《ᠵᠠᠷᠯᠢᠭ ᠢ᠋ᠶ᠋ᠠᠷ ᠮᠣᠩᠭᠣᠯ ᠯᠤᠭ᠎ᠠ ᠡᠪᠰᠡᠯ ᠦ᠋ᠨ ᠡᠯᠴᠢ 》ᠭᠡᠮᠡᠨ ᠪᠢᠴᠢᠵᠦ ᠪᠥᠬᠥᠶ᠎ᠡ᠂ ᠶᠡᠬᠡᠯ᠎ᠡ ᠰᠣᠴᠢᠨ ᠪᠠᠯᠠᠷᠠᠵᠤ ᠪᠠᠢᠲᠠᠯ᠎ᠠ᠂ ᠴᠢᠨᠠᠳᠤ ᠴᠡᠷᠢᠭ ᠦ᠋ᠨ ᠬᠦᠷᠢᠶᠡᠨ ᠦ᠌ ᠳᠣᠲᠣᠷ᠎ᠠ ᠲᠡᠭᠷᠢ ᠭᠠᠵᠠᠷ ᠦᠰᠦᠷᠦᠨ ᠳᠡᠯᠪᠡᠷᠡᠲᠡᠯ᠎ᠡ ᠭᠤᠷᠪᠠᠨ ᠶᠡᠬᠡ ᠦᠬᠡᠷᠯᠢᠭ ᠬᠠᠨ ᠫᠤᠤ ᠶ᠋ᠢᠨ ᠳᠠᠭᠤᠨ ᠭᠠᠷᠴᠤ᠂ ᠶᠡᠬᠡ ᠬᠡᠩᠭᠡᠷᠭᠡ ᠠᠶᠤᠩᠭ᠎ᠠ ᠦᠷᠭᠦᠯᠵᠢᠯᠡᠬᠦ ᠮᠡᠲᠦ ᠬᠦᠷᠴᠢᠭᠢᠨᠡᠨ ᠳᠡᠯᠡᠳᠴᠦ ᠂ ᠶᠡᠬᠡ ᠴᠡᠷᠢᠭ ᠲᠡᠭᠰᠢᠯᠡᠨ ᠵᠢᠭᠰᠠᠭᠠᠭᠠᠳ᠂ ᠬᠣᠣᠰ ᠬᠣᠣᠰ ᠢ᠋ᠶ᠋ᠠᠷ ᠮᠠᠩᠨᠤᠭ ᠤ᠋ᠨ ᠬᠠᠳᠬᠤᠮᠠᠯ ᠬᠢᠭᠢᠷᠢ ᠵᠡᠷᠭᠡᠯᠡᠨ ᠭᠠᠷᠴᠤ᠂ ᠬᠠᠷᠴᠠᠭᠠᠢ ᠰᠢᠪᠠᠭᠤᠨ ᠤ᠋ ᠶᠡᠬᠡ ᠵᠢᠭᠦᠷ ᠮᠡᠲᠦ ᠵᠢᠷᠠᠢᠲᠠᠯᠠ ᠵᠢᠭᠰᠠᠭᠠᠭᠠᠳ᠂ ᠳᠠᠷᠤᠢ ᠵᠢᠶᠦ᠋ᠨ ᠵᠣ᠌ ᠶ᠋ᠢᠨ ᠰᠢᠳᠠᠷ ᠣᠢᠷ᠎ᠠ ᠶ᠋ᠢᠨ ᠥᠬᠢᠳ ᠦ᠋ᠨ ᠵᠢᠭᠰᠠᠭᠠᠯ ᠤ᠋ᠨ ᠮᠠᠩᠨᠤᠭ ᠯᠤᠤ ᠺᠠᠷᠣᠳᠢ ᠶ᠋ᠢᠨ ᠬᠠᠳᠬᠤᠮᠠᠯ ᠰᠢᠷ᠎ᠠ ᠮᠤᠷᠤᠢ ᠡᠰᠢᠲᠦ ᠰᠢᠭᠦᠷ ᠦᠵᠡᠭᠳᠡᠮᠡᠭᠴᠡ ᠬᠠᠭᠠᠯᠭᠠᠨ ᠤ᠋ ᠬᠣᠶᠠᠷ ᠶᠡᠬᠡ ᠵᠠᠩᠵᠤᠨ ᠬᠠᠰᠬᠢᠷᠤᠨ ᠵᠠᠩᠳᠠᠵᠤ ᠥᠭᠦᠯᠡᠷᠦᠨ᠄
《ᠡᠰᠡᠷᠭᠦ ᠲᠠᠩᠭᠤᠳ ᠤᠯᠤᠰ ᠤ᠋ᠨ ᠠᠯᠢ ᠵᠠᠩᠵᠤᠨ ᠪᠣᠢ ? ᠦᠳᠲᠡᠷ ᠳᠦᠷᠭᠡᠨ᠎ᠡ ᠮᠣᠷᠢᠨ ᠠ᠋ᠴᠠ ᠪᠠᠭᠤᠵᠤ ᠬᠤᠶᠠᠭ ᠤ᠋ᠨ ᠬᠣᠷᠮᠣᠢ ᠶ᠋ᠢ ᠲᠠᠢᠯᠤᠨ ᠰᠥᠭᠥᠳ᠂ ᠰᠢᠨ ᠯᠤᠸᠠᠨ ᠵᠢᠶᠦ᠋ᠨ ᠵᠣ᠌ ᠶ᠋ᠢᠨ ᠪᠡᠶ᠎ᠡ ᠡᠨᠳᠡ ᠪᠣᠢ! 》ᠭᠡᠮᠡᠨ ᠨᠢᠭᠡᠨᠲᠡ ᠵᠠᠷᠯᠠᠭᠰᠠᠨ᠎ᠠ᠂ ᠲᠠᠩᠭᠤᠳ ᠤ᠋ᠨ ᠬᠣᠲᠣᠩ ᠵᠠᠩᠵᠤᠨ ᠸᠠᠩ ᠳ᠋ᠦᠢ ᠮᠡᠩᠳᠡᠨ ᠰᠡᠩᠳᠡᠨ ᠮᠣᠷᠢᠨ ᠠ᠋ᠴᠠ ᠪᠠᠭᠤᠵᠤ ᠬᠤᠶᠠᠭ ᠤ᠋ᠨ ᠬᠣᠷᠮᠣᠢ ᠶ᠋ᠢ ᠲᠠᠢᠯᠤᠨ ᠬᠦᠰᠡᠷ᠎ᠡ ᠰᠥᠭᠥᠳᠪᠡ ᠃ ᠵᠢᠶᠦ᠋ᠨ ᠵᠣ᠌ ᠶ᠋ᠢᠨ ᠵᠢᠭᠰᠠᠭᠠᠯ ᠤ᠋ᠨ ᠬᠠᠭᠠᠯᠭᠠᠨ ᠤ᠋ ᠵᠠᠩᠵᠤᠨ ᠳᠣᠲᠣᠭᠰᠢ ᠬᠠᠨᠳᠤᠨ ᠬᠣᠣᠰᠯᠠᠨ ᠰᠥᠭᠥᠳᠴᠦ ᠥᠨᠳᠥᠷ ᠳᠠᠭᠤᠨ ᠢ᠋ᠶ᠋ᠠᠷ᠄
《ᠲᠠᠩᠭᠤᠳ ᠤ᠋ᠨ ᠪᠠᠷᠠᠭᠤᠨ ᠬᠣᠲᠣᠩ ᠤ᠋ᠨ ᠠᠾᠦ᠋ᠩ ᠸᠠᠩ ᠳ᠋ᠦᠢ ᠰᠥᠭᠥᠳᠴᠦ ᠠᠮᠤᠭᠤᠯᠠᠩ ᠠᠢᠯᠠᠳᠬᠠᠨ ᠪᠠᠷᠠᠭᠠᠳᠠᠬᠤ ᠶ᠋ᠢ ᠭᠤᠶᠤᠨ ᠬᠦᠯᠢᠶᠡᠮᠦᠢ᠃ ᠵᠢᠶᠦ᠋ᠨ ᠵᠣ᠌ ᠶ᠋ᠢᠨ ᠬᠠᠰ ᠬᠠᠭᠠᠯᠭᠠᠨ ᠢ᠋ ᠨᠡᠭᠡᠭᠡᠵᠦ ᠪᠠᠷᠠᠭᠠᠳᠠᠭᠤᠯᠤᠮᠤ 》ᠬᠡᠮᠡᠭᠰᠡᠨ᠎ᠡ ᠴᠡᠷᠢᠭ ᠦ᠋ᠨ ᠬᠦᠷᠢᠶᠡᠨ ᠦ᠌ ᠳᠣᠲᠣᠷ᠎ᠠ ᠨᠠᠷᠢᠨ ᠵᠥᠭᠡᠯᠡᠨ ᠪᠢᠯᠠᠷ ᠪᠢᠰᠬᠢᠭᠦᠷ ᠦ᠋ᠨ ᠡᠭᠡᠰᠢᠭ ᠭᠠᠷᠴᠤ ᠬᠦᠷᠡᠯ ᠬᠠᠷᠠᠩᠭ᠎ᠠ᠂ ᠵᠢᠭᠰᠠᠭᠠᠯ ᠤ᠋ᠨ ᠬᠡᠩᠭᠡᠷᠭᠡ ᠳᠠᠷᠠᠭ᠎ᠠ ᠪᠠᠷ ᠭᠤᠷᠪᠠᠨ ᠵᠡᠷᠭᠡ ᠡᠭᠦᠰᠬᠡᠵᠦ᠂ ᠭᠤᠴᠢᠨ ᠵᠢᠷᠭᠤᠭᠠᠨ ᠲᠣᠯᠢᠮᠠᠯ ᠬᠤᠶᠠᠭ ᠴᠢᠮᠡᠭᠲᠦ ᠥᠬᠢᠳ ᠦ᠋ᠨ ᠬᠠᠳᠬᠤᠮᠠᠯ ᠯᠤᠤ ᠶ᠋ᠢᠨ ᠲᠣᠯᠢᠲᠤ ᠬᠢᠭᠢᠷᠢ ᠬᠣᠣᠰ ᠬᠣᠣᠰ ᠢ᠋ᠶ᠋ᠠᠷ ᠵᠢᠷᠪᠢᠭᠢᠨᠡᠨ ᠭᠠᠷᠴᠤ᠂ ᠭᠤᠷᠪᠠᠨ ᠳᠠᠪᠬᠤᠷ ᠤ᠋ᠨ ᠬᠠᠳᠬᠤᠮᠠᠯ ᠬᠠᠭᠠᠯᠭ᠎ᠠ᠂ ᠮᠠᠩᠨᠤᠭ ᠡᠭᠦᠯᠡᠰ ᠤᠷᠪᠠᠯᠬᠢᠯᠠᠬᠤ ᠮᠡᠲᠦ ᠢᠯᠭᠠᠷᠠᠨ ᠰᠡᠪᠡᠭᠡᠨᠡᠵᠦ᠂ ᠬᠣᠶᠠᠷ ᠵᠢᠭᠦᠷᠯᠡᠨ ᠮᠢᠷᠠᠯᠵᠠᠲᠠᠯ᠎ᠠ ᠵᠢᠭᠰᠠᠭᠠᠨ ᠵᠣᠭᠰᠣᠵᠤ᠂ ᠭᠤᠲᠠᠭᠠᠷ ᠬᠠᠭᠠᠯᠭᠠᠨ ᠤ᠋ ᠮᠥᠩᠭᠥᠨ ᠦ᠌ ᠵᠢᠳᠠ ᠪᠢᠯᠠᠭᠤ᠂ ᠰᠠᠷᠠᠨ ᠰᠦᠬᠡ᠂ ᠮᠣᠷᠢᠨ ᠳᠥᠷᠥᠭᠡ ᠨᠠᠷᠠᠨ ᠰᠠᠷᠠᠨ ᠤ᠋ ᠬᠠᠭᠠᠯᠭ᠎ᠠ ᠴᠡᠯᠳᠡᠢᠲᠡᠯᠡ ᠨᠡᠭᠡᠭᠡᠵᠦ᠂ ᠲᠣᠭᠣᠰ ᠰᠢᠪᠠᠭᠤᠨ ᠤ᠋ ᠨᠠᠢ᠍ᠮᠠᠨ ᠶᠡᠬᠡ ᠰᠢᠬᠦᠷ ᠬᠥᠳᠡᠯᠵᠦ᠂ ᠠᠯᠲᠠᠨ ᠳ᠋ᠤᠷ ᠰᠤᠪᠤᠳ ᠬᠡᠯᠬᠢᠭᠰᠡᠨ ᠯᠤᠤ ᠶ᠋ᠢᠨ ᠬᠦᠵᠦᠭᠦᠲᠦ ᠮᠤᠷᠤᠢ ᠡᠰᠢᠲᠦ ᠶᠡᠬᠡ ᠰᠢᠬᠦᠷ ᠦ᠋ᠨ ᠳᠣᠣᠷ᠎ᠠ᠂ ᠬᠣᠶᠠᠷ ᠬᠣᠣᠰ ᠨᠠᠷᠠᠨ ᠤ᠋ ᠬᠠᠯᠬᠠᠪᠴᠢ ᠵᠥᠷᠢᠭᠦᠯᠦᠨ ᠪᠠᠷᠢᠵᠤ᠂ ᠭᠦᠨ ᠳᠠᠯᠳᠠ ᠰᠡᠭᠦᠳᠡᠷᠯᠢᠭ ᠦ᠋ᠨ ᠳᠣᠣᠷ᠎ᠠ᠂ ᠬᠠᠰ ᠴᠠᠭᠠᠨ ᠮᠣᠷᠢᠨ ᠤ᠋ ᠳᠡᠭᠡᠷ᠎ᠡ᠂ ᠰᠢᠲᠠᠭ ᠪᠣᠯᠣᠷ ᠤ᠋ᠨ ᠴᠠᠰᠤ ᠮᠥᠰᠥ ᠮᠡᠲᠦ ᠬᠡᠢᠪᠡᠩ ᠭᠡᠷᠡᠯᠲᠦ ᠰᠢᠨ ᠯᠤᠸᠠᠨ ᠵᠢᠶᠦ᠋ᠨ ᠵᠣ᠌ ᠢᠯᠡᠷᠡᠨ ᠭᠠᠷᠴᠤ ᠢᠷᠡᠭᠡᠳ᠂ ᠰᠢᠳᠠᠷ ᠳᠡᠷᠭᠡᠳᠡ ᠬᠣᠶᠠᠷ ᠬᠠᠵᠠᠭᠤ ᠳ᠋ᠤᠷ ᠬᠠᠰ ᠤ᠋ᠨ ᠰᠦᠬᠡ᠂ ᠠᠯᠮᠠᠰ ᠤ᠋ᠨ ᠰᠡᠯᠡᠮ᠎ᠡ᠂ ᠪᠣᠯᠣᠷ ᠪᠢᠯᠠᠭᠤ᠂ ᠤᠨᠳᠤᠷᠭ᠎ᠠ ᠮᠠᠨᠴᠤᠷᠭ᠎ᠠ ᠪᠠᠷᠢᠭᠰᠠᠨ ᠳᠥᠷᠪᠡᠨ ᠬᠣᠣᠰ ᠨᠠᠢ᠍ᠮᠠᠨ ᠬᠤᠪᠢᠯᠭᠠᠨ ᠥᠬᠢᠨ ᠬᠠᠰᠢᠵᠤ ᠵᠣᠭᠰᠣᠭᠠᠳ ᠵᠠᠷᠯᠢᠭ ᠪᠠᠭᠤᠯᠭᠠᠨ᠂ ᠠᡁᠥ᠋ᠩ ᠸᠠᠩ ᠳ᠋ᠦᠢ ᠶ᠋ᠢ ᠣᠷᠣᠭᠰᠢ ᠬᠣᠶᠠᠷ ᠵᠡᠷᠭᠡ ᠳᠡᠪᠰᠢᠭᠦᠯᠦᠨ ᠰᠥᠭᠥᠳᠬᠡᠵᠦ᠂ ᠵᠢᠶᠦ᠋ᠨ ᠵᠣ᠌ ᠬᠥᠬᠥᠭᠡ ᠬᠠᠷᠢᠶᠠᠴᠠᠢ ᠶ᠋ᠢᠨ ᠢᠷᠠᠭᠤ ᠵᠥᠭᠡᠯᠡᠨ ᠠᠶᠠᠰ ᠳᠠᠭᠤᠨ ᠢ᠋ᠶ᠋ᠠᠷ ᠵᠠᠷᠯᠢᠭ ᠪᠣᠯᠤᠷᠤᠨ᠄
《ᠮᠢᠨᠦ ᠡᠴᠢᠭᠡ ᠸᠠᠩ ᠬᠠᠭᠠᠨ ᠴᠢᠯᠡᠭᠡᠷᠬᠡᠭᠰᠡᠨ ᠡᠴᠡ ᠡᠳᠦᠷ ᠰᠥᠨᠢ ᠳᠣᠲᠣᠭᠠᠳᠤ ᠮᠡᠳᠡᠭᠡ ᠶ᠋ᠢ ᠠᠪᠤᠭᠤᠯᠪᠠᠰᠤ ᠬᠠᠭᠠᠨ ᠡᠵᠡᠨ ᠦ᠌ ᠭᠡᠭᠡᠬᠡᠨ ᠢ᠋ ᠬᠠᠯᠬᠠᠯᠠᠨ ᠪᠤᠯᠠᠩᠭᠢᠷᠲᠤᠭᠤᠯᠤᠨ ᠪᠣᠭᠳᠠ ᠶ᠋ᠢᠨ ᠭᠡᠭᠡᠨ ᠢ᠋ ᠴᠢᠯᠡᠭᠡ ᠲᠡᠢ ᠪᠣᠯᠭᠠᠭᠰᠠᠨ ᠶᠠᠯᠠᠲᠤ ᠨᠠᠢ᠍ᠮᠠᠨ ᠤ᠋ ᠶ᠋ᠢᠨ᠂ ᠪᠢᠩ ᠬᠣᠶᠠᠷ ᠰᠢᠮᠨᠤ ᠹᠧᠢ᠂ ᠲᠡᠭᠦᠨᠦ ᠲᠥᠷᠬᠥᠮ ᠦ᠋ᠨ ᠡᠴᠢᠭᠡ ᠴᠢᠦᠢ ᠴᠦ ᠯᠢᠦᠢ ᠯᠦ᠍ᠭᠡ ᠶᠠᠪᠤᠯᠴᠠᠨ᠂ ᠳᠣᠲᠣᠭᠠᠳᠤ ᠲᠠᠢᠭᠠᠨᠴᠤᠳ ᠯᠤᠭ᠎ᠠ ᠡᠳ᠋ ᠬᠠᠬᠤᠤᠯᠢ ᠪᠠᠷ ᠰᠦᠯᠪᠡᠭᠡᠯᠡᠨ ᠨᠢᠭᠡᠳᠴᠦ᠂ ᠭᠠᠳᠠᠭᠠᠳᠤ ᠲᠥᠷᠥ ᠳ᠋ᠦ᠍ᠷ ᠨᠠᠢ᠍ᠮᠠᠨ ᠤ᠋ ᠳᠥᠷᠪᠡᠨ ᠬᠣᠷᠣᠭ᠎ᠠ ᠭᠣᠣᠯ ᠤ᠋ᠨ ᠭᠠᠵᠠᠷ ᠢ᠋ᠶ᠋ᠠᠷ ᠪᠠᠷᠢᠮᠲᠠ ᠳᠡᠨᠵᠢ ᠪᠣᠯᠭᠠᠨ ᠲᠠᠨ ᠤ᠋ ᠳᠥᠷᠪᠡᠨ ᠬᠤᠰᠢᠭᠤᠨ ᠤ᠋ ᠳᠥᠷᠪᠡᠨ ᠲᠦᠮᠡᠨ ᠦ᠌ ᠴᠡᠷᠢᠭ ᠢ᠋ ᠵᠠᠯᠠᠪᠠ ᠭᠡᠮᠡᠨ ᠬᠣᠭᠣᠰᠣᠨ ᠠᠮᠠᠨ ᠢ᠋ᠶ᠋ᠠᠷ ᠠᠯᠳᠠᠷᠰᠢᠭᠤᠯᠤᠨ ᠬᠡᠯᠡᠵᠦ᠂ ᠳᠣᠲᠣᠭᠠᠳᠤ ᠤᠷᠲᠣᠨ᠎ᠠ ᠬᠠᠭᠠᠨ ᠤ᠋ ᠬᠠᠰ ᠡᠷᠳᠡᠨᠢ ᠶ᠋ᠢᠨ ᠲᠠᠮᠠᠭ᠎ᠠ ᠳᠠᠷᠤᠭᠰᠠᠨ ᠬᠠᠭᠤᠷᠮᠠᠭ ᠵᠠᠷᠯᠢᠭ ᠪᠢᠴᠢᠭ ᠡᠭᠦᠳᠴᠦ ᠤᠯᠠᠮᠵᠢᠯᠠᠨ᠂ ᠰᠢ ᠯᠢᠶᠠᠩ ᠤ᠋ᠨ ᠪᠠᠷᠠᠭᠤᠨ ᠬᠢᠵᠠᠭᠠᠷ ᠤ᠋ᠨ ᠬᠣᠲᠣᠩ ᠤ᠋ᠳ ᠤ᠋ᠨ ᠠᡁᠥ᠋ᠩ ᠨᠠᠷ ᠠ᠋ᠴᠠ ᠸᠠᠩ ᠳ᠋ᠦᠢ᠂ ᠰᠠᠩ ᠪᠤᠤ᠂ ᠸᠠ ᠰᠢ᠂ ᠰᠠ ᠰᠠ ᠲᠠᠨ ᠳᠥᠷᠪᠡᠭᠦᠯᠡ ᠶ᠋ᠢᠨ ᠳᠥᠷᠪᠡᠨ ᠲᠦᠮᠡᠨ ᠴᠡᠷᠢᠭ ᠢ᠋ ᠵᠠᠷᠯᠠᠵᠤ ᠨᠠᠢ᠍ᠮᠠᠨ ᠢ᠋ ᠥᠮᠥᠭᠯᠡᠨ᠂ ᠮᠣᠩᠭᠣᠯ ᠯᠤᠭ᠎ᠠ ᠪᠠᠢᠯᠳᠤ ᠬᠡᠮᠡᠭᠰᠡᠨ ᠢ᠋ ᠡᠴᠢᠭᠡ ᠸᠠᠩ ᠬᠠᠭᠤᠷᠮᠠᠭ ᠵᠠᠷᠯᠢᠭ ᠤ᠋ᠨ ᠦᠨᠡᠨ ᠢᠷᠣᠭᠠᠷ ᠢ᠋ ᠣᠯᠤᠮᠠᠭᠴᠠ᠂ ᠲᠠᠨ ᠲᠠᠨ ᠳ᠋ᠤᠷ ᠳᠠᠢᠯᠠᠨ ᠵᠠᠷᠯᠠᠨ ᠤᠬᠠᠭᠤᠯᠬᠤ ᠵᠠᠢ ᠦᠭᠡᠢ ᠪᠣᠯᠤᠭᠰᠠᠨ ᠲᠤᠯᠠ ᠵᠢᠶᠦ᠋ᠨ ᠵᠣ᠌ ᠨᠠᠳᠤᠷ ᠨᠢᠭᠡᠨ ᠰᠠᠯᠠᠭᠠᠨ ᠤ᠋ ᠨᠢᠰᠬᠦ ᠴᠡᠷᠢᠭ ᠥᠭᠴᠦ ᠡᠮᠦᠨ᠎ᠡ ᠵᠠᠮ ᠢ᠋ᠶ᠋ᠠᠷ ᠲᠠᠨ ᠤ᠋ ᠵᠦᠭ ᠤᠭᠲᠤᠨ ᠤᠬᠠᠭᠤᠯᠤᠨ ᠵᠠᠷᠯᠠᠷᠠ ᠢᠷᠡᠲᠡᠯ᠎ᠡ ᠪᠠᠰᠠ ᠴᠢᠪᠬᠢᠲᠡᠯ᠎ᠡ ᠮᠣᠩᠭᠣᠯ ᠤ᠋ᠨ ᠪᠡᠯᠭᠦᠳᠡᠢ ᠴᠢᠨ ᠸᠠᠩ ᠤ᠋ᠨ ᠭᠤᠷᠪᠠᠨ ᠵᠠᠮ ᠤ᠋ᠨ ᠬᠣᠷᠢᠨ ᠲᠦᠮᠡᠨ ᠦ᠌ ᠶᠡᠬᠡ ᠴᠡᠷᠢᠭ ᠲᠦ᠍ᠷ ᠠᠭᠤᠯᠵᠠᠲᠠᠯ᠎ᠠ ᠬᠠᠷᠢᠨ ᠰᠠᠢᠨ᠂ ᠬᠠᠷᠢᠯᠴᠠᠨ ᠵᠡᠪᠰᠡᠭ ᠲᠤᠯᠭᠠᠯᠴᠠᠨ ᠪᠠᠢᠯᠳᠤᠯᠴᠠᠭᠠᠳᠤᠢ ᠳ᠋ᠤᠷ ᠲᠠᠨ ᠤ᠋ ᠴᠡᠷᠢᠭ ᠰᠠᠶᠢ ᠬᠦᠷᠴᠦ ᠢᠷᠡᠪᠡ᠃ ᠤᠯᠤᠰ ᠤ᠋ᠨ ᠲᠠᠮᠠᠭᠠᠲᠤ ᠵᠠᠷᠯᠢᠭ ᠬᠡᠮᠡᠭᠴᠢ ᠨᠡᠢᠲᠡ ᠪᠡᠷ ᠴᠥᠮ ᠬᠠᠭᠠᠨ ᠠ᠋ᠴᠠ ᠳᠠᠯᠳᠠᠭᠤᠷ ᠡᠭᠦᠳᠦᠭᠰᠡᠨ ᠬᠠᠭᠤᠷᠮᠠᠭ ᠵᠠᠷᠯᠠᠯ ᠪᠥᠭᠡᠳ ᠲᠡᠷᠡ ᠪᠠᠷᠢᠮᠲᠠ ᠶ᠋ᠢᠨ ᠳᠡᠨᠵᠢ ᠪᠣᠯᠭᠠᠭᠰᠠᠨ ᠳᠥᠷᠪᠡᠨ ᠬᠣᠷᠣᠭ᠎ᠠ ᠶ᠋ᠢᠨ ᠭᠣᠣᠯ ᠮᠥᠷᠡᠨ ᠬᠡᠮᠡᠭᠴᠢ ᠨᠡᠢᠲᠡ ᠪᠡᠷ ᠴᠥᠮ ᠬᠣᠪ ᠬᠣᠭᠣᠰᠣᠨ ᠬᠡᠢᠳᠡᠮ ᠨᠡᠷ᠎ᠡ ᠶ᠋ᠢᠨ ᠲᠡᠳᠦᠢ᠂ ᠮᠠᠰᠢ ᠬᠣᠮᠣᠬᠠᠢ᠂ ᠨᠡᠩᠳᠡ ᠬᠠᠭᠤᠷᠮᠠᠭ ᠮᠡᠬᠡᠯᠡᠯ ᠦ᠋ᠨ ᠶᠠᠪᠤᠳᠠᠯ ᠪᠥᠭᠡᠳ ᠨᠢᠭᠡᠨ ᠴᠡᠷᠢᠭ ᠬᠣᠬᠢᠷᠠᠪᠠᠰᠤ᠂ ᠨᠢᠭᠡᠨ ᠬᠥᠮᠦᠨ ᠦ᠌ ᠠᠮᠢᠨ ᠪᠤᠰᠠᠨᠢᠬᠤ ᠪᠥᠭᠡᠳ ᠮᠣᠩᠭᠣᠯ ᠤᠯᠤᠰ ᠪᠠᠰᠠ ᠮᠠᠨ ᠤ᠋ ᠤᠯᠤᠰ ᠤ᠋ᠨ ᠤᠷᠢᠳᠠ ᠬᠠᠯᠳᠠᠨ ᠰᠠᠮᠠᠭᠤᠷᠠᠨ ᠳᠡᠭᠡᠷᠡᠮᠳᠡᠭᠰᠡᠨ ᠶᠠᠯ᠎ᠠ ᠳ᠋ᠤᠷ ᠴᠡᠷᠢᠭ ᠪᠠᠢᠭᠤᠯᠤᠨ ᠳᠠᠢᠯᠠᠵᠤ ᠳᠡᠢᠯᠦᠭᠰᠡᠨ ᠪᠥᠭᠡᠲᠡᠯ᠎ᠡ᠂ ᠵᠢᠷᠯᠤᠭ ᠬᠣᠲᠠ᠂ ᠯᠢ ᠵᠢᠢ ᠯᠢ ᠬᠣᠷᠣᠭ᠎ᠠ ᠶ᠋ᠢᠨ ᠲᠦᠰᠢᠮᠡᠯ ᠴᠡᠷᠢᠭ ᠦ᠋ᠨ ᠨᠢᠭᠡᠬᠡᠨ ᠬᠥᠮᠦᠨ ᠢ᠋ ᠴᠦ᠍ ᠪᠠᠷᠢᠵᠤ ᠠᠴᠢᠷᠠᠭᠰᠠᠨ ᠭᠠᠵᠠᠷ ᠦᠭᠡᠢ᠃ ᠬᠣᠶᠠᠳᠤᠭᠠᠷ ᠤᠳᠠᠭ᠎ᠠ ᠮᠥᠨ ᠬᠦ᠌ ᠡᠨᠡ ᠨᠠᠢ᠍ᠮᠠᠨ ᠤ᠋ ᠡᠴᠢᠭᠡ ᠬᠥᠪᠡᠭᠦᠨ ᠦ ᠳᠡᠭᠳᠡᠭᠡᠨ᠂ ᠮᠣᠩᠭᠣᠯ ᠤ᠋ᠨ ᠡᠵᠡᠨ ᠪᠡᠶ᠎ᠡ ᠪᠡᠷ ᠨᠢᠭᠡᠮᠦᠰᠦᠨ ᠪᠠᠷᠠᠲᠠᠯ᠎ᠠ ᠳᠠᠢᠯᠠᠭᠰᠠᠨ ᠪᠥᠭᠡᠲᠡᠯ᠎ᠡ ᠡᠩ ᠲᠡᠷᠢᠭᠦᠨ ᠳ᠋ᠦ᠍ᠷ ᠮᠢᠨᠦ ᠠᠪᠠᠭ᠎ᠠ ᠸᠠᠩ ᠮᠢᠨᠦ ᠪᠡᠶ᠎ᠡ ᠲᠡᠢ ᠲᠡᠷᠢᠭᠦᠯᠡᠨ ᠲᠦᠰᠢᠮᠡᠯ ᠴᠡᠷᠢᠭ ᠰᠤᠯᠠ ᠠᠷᠠᠳ ᠢᠷᠭᠡᠳ ᠲᠣᠷ ᠬᠦᠷᠲᠡᠯ᠎ᠡ ᠪᠠᠰᠠ ᠬᠦ᠌ ᠨᠢᠭᠡᠬᠡᠨ ᠬᠥᠮᠦᠨ ᠢ᠋ ᠴᠦ᠍ ᠪᠠᠷᠢᠵᠤ ᠠᠴᠢᠷᠠᠭᠰᠠᠨ ᠦᠭᠡᠢ ᠪᠡᠷ ᠦᠯᠦ ᠪᠠᠷᠠᠮ᠂ ᠮᠢᠨᠦ ᠪᠡᠶ᠎ᠡ ᠪᠠ ᠠᠪᠠᠭ᠎ᠠ ᠸᠠᠩ᠂ ᠠᠪᠠᠭ᠎ᠠ ᠡᠬᠡ᠂ ᠨᠢᠯᠬ᠎ᠠ ᠳᠡᠭᠦᠦ ᠬᠢᠭᠡᠳ ᠳᠡᠭᠡᠷ᠎ᠡ ᠳᠣᠣᠷ᠎ᠠ ᠳᠥᠷᠪᠡᠨ ᠵᠠᠭᠤᠨ ᠢᠯᠡᠭᠦᠦ ᠬᠥᠮᠦᠨ ᠠᠮᠠᠨ ᠢ᠋ ᠬᠠᠮᠠᠭᠠᠯᠠᠨ ᠤᠯᠤᠰ ᠲᠤᠷ ᠡᠭᠡᠭᠦᠯᠦᠭᠰᠡᠨ ᠮᠠᠰᠢᠳᠠ ᠬᠡᠲᠦᠢᠳᠦᠭᠰᠡᠨ ᠠᠴᠢ ᠬᠡᠰᠢᠭᠲᠦ ᠰᠠᠢᠨ ᠭᠠᠵᠠᠷ ᠳᠠᠪᠬᠤᠷ ᠳᠠᠪᠬᠤᠷ ᠪᠣᠢ ᠪᠥᠭᠡᠲᠡᠯ᠎ᠡ ᠲᠥᠷᠥᠭᠰᠡᠨ ᠠᠪᠠᠭ᠎ᠠ ᠪᠠᠨ ᠲᠠᠢᠶᠠᠩ ᠬᠠᠭᠠᠨ ᠢ᠋ ᠬᠠᠳᠬᠤᠨ ᠠᠯᠠᠭᠰᠠᠨ ᠪᠤᠷᠤᠭᠤ ᠪᠤᠯᠢᠯᠳᠤ ᠪᠤᠵᠠᠷ ᠪᠤᠷᠲᠠᠭ ᠶᠠᠪᠤᠲᠠᠯᠳᠤ ᠴᠢᠦᠢ ᠴᠦ ᠯᠢᠦᠢ ᠶ᠋ᠢ ᠥᠮᠥᠭᠯᠡᠵᠦ ᠪᠤᠷᠵᠢᠭᠢᠳ ᠮᠣᠩᠭᠣᠯ ᠯᠤᠭ᠎ᠠ ᠲᠡᠢᠨ ᠳᠡᠭᠳᠡᠭᠡᠬᠦ ᠢᠨᠦ ᠲᠡᠭᠷᠢ ᠶ᠋ᠢᠨ ᠶᠣᠰᠣᠨ ᠳ᠋ᠤᠷ ᠶᠡᠬᠡᠳᠡ ᠰᠥᠷᠦᠭᠰᠡᠨ ᠦᠭᠡᠢ ᠤᠤ ? ᠲᠡᠢᠮᠦ ᠶ᠋ᠢᠨ ᠲᠤᠯᠠ ᠮᠣᠩᠭᠣᠯ ᠤ᠋ᠨ ᠲᠠᠢᠪᠤᠤ ᠵᠢᠨᠦᠩ ᠡᠴᠢᠭᠡ ᠸᠠᠩ ᠳ᠋ᠤᠷ ᠡᠯᠴᠢ ᠵᠠᠷᠤᠨ ᠶᠠᠯ᠎ᠠ ᠠᠰᠠᠭᠤᠭᠰᠠᠨ᠎ᠠ᠂ ᠡᠴᠢᠭᠡ ᠸᠠᠩ ᠰᠠᠶᠢ ᠨᠠᠮᠠᠶᠢ ᠵᠠᠷᠤᠵᠤ ᠲᠠ ᠳᠥᠷᠪᠡᠭᠦᠯᠡ ᠳ᠋ᠦ᠍ᠷ ᠵᠠᠬᠢᠭᠤᠯᠵᠤ᠂ ᠴᠢᠦᠢ ᠴᠦ ᠯᠢᠦᠢ ᠶ᠋ᠢ ᠦᠳᠲᠡᠷ ᠲᠦᠷᠭᠡᠨ᠎ᠡ ᠪᠠᠷᠢᠵᠤ ᠮᠣᠩᠭᠣᠯ ᠤ᠋ᠨ ᠴᠢᠨ ᠸᠠᠩ ᠪᠡᠯᠭᠦᠳᠡᠢ ᠳ᠋ᠦ᠍ᠷ ᠲᠤᠰᠢᠶᠠᠭᠠᠳ ᠲᠠᠨ ᠤ᠋ ᠳᠥᠷᠪᠡᠨ ᠬᠦᠷᠢᠶ᠎ᠡ ᠴᠡᠷᠢᠭ ᠰᠢᠭᠤᠳ ᠮᠠᠨ ᠤ᠋ ᠤᠯᠤᠰ ᠲᠤᠷ ᠡᠭᠡᠵᠦ ᠡᠴᠢᠭᠡ ᠸᠠᠩ ᠳ᠋ᠤᠷ ᠨᠢᠭᠤᠷ ᠵᠣᠯᠭ᠎ᠠ᠂ ᠮᠢᠨᠦ ᠪᠡᠶ᠎ᠡ ᠬᠠᠭᠤᠴᠢᠨ ᠨᠠᠢ᠍ᠮᠠᠨ ᠢ᠋ᠶ᠋ᠠᠷ ᠡᠷᠭᠢᠮᠦᠢ᠃ ᠸᠠᠩ ᠳ᠋ᠦᠢ ᠠᡁᠥ᠋ᠩ ᠢ᠋ ᠤᠷᠲᠤᠳᠠ ᠰᠣᠨᠣᠰᠤᠭᠰᠠᠨ ᠴᠤ᠌ ᠨᠢᠭᠤᠷ ᠤᠴᠠᠷᠠᠭᠠᠳᠤᠢ᠂ ᠴᠢ ᠨᠠᠮᠠᠶᠢ ᠤᠷᠢᠳᠤ ᠡᠳᠦᠷ ᠪᠤᠰᠤ ᠴᠡᠷᠢᠭ ᠲᠦ᠍ᠷ ᠦᠵᠡᠭᠰᠡᠨ ᠭᠠᠵᠠᠷ ᠪᠣᠢ ᠤᠤ ᠦᠭᠡᠢ ᠤᠤ ? 》 ᠬᠡᠮᠡᠭᠰᠡᠨ ᠳ᠋ᠦ᠍ᠷ ᠠᡁᠥ᠋ᠩ ᠸᠠᠩ ᠳ᠋ᠦᠢ ᠮᠥᠷᠭᠥᠵᠦ ᠥᠭᠦᠯᠡᠷᠦᠨ : 《ᠵᠢᠶᠦ᠋ᠨ ᠵᠣ᠌ ᠶ᠋ᠢ ᠯᠢ ᠵᠢᠢ ᠯᠢ ᠬᠣᠷᠣᠭ᠎ᠠ ᠳ᠋ᠤᠷ ᠪᠸᠲ᠋ᠠ᠋ ᠶ᠋ᠢᠨ ᠡᠵᠡᠨ ᠳᠡᠭᠷᠢᠯᠢᠭ ᠲᠡᠮᠦᠵᠢᠨ ᠬᠡᠮᠡᠭᠴᠢ ᠯᠦ᠍ᠭᠡ ᠨᠢᠭᠤᠷ ᠤᠴᠠᠷᠠᠨ ᠶᠣᠰᠣ ᠬᠡᠯᠡᠯᠴᠡᠨ᠂ ᠤᠯᠤᠰ ᠲᠤᠷ ᠢ᠋ᠶ᠋ᠠᠨ ᠬᠦᠷᠭᠡᠭᠦᠯᠪᠡ ᠬᠡᠮᠡᠭᠰᠡᠨ ᠵᠡᠷᠭᠡ ᠶ᠋ᠢᠨ ᠣᠯᠠᠨ ᠵᠦᠢᠯ ᠦ᠋ᠨ ᠭᠠᠢᠬᠠᠮᠰᠢᠭ ᠨᠡᠷ᠎ᠡ ᠠᠯᠳᠠᠷ ᠢ᠋ ᠤᠷᠲᠤᠳᠠ ᠣᠯᠵᠤ ᠰᠣᠨᠣᠰᠤᠯᠤᠭᠠ᠃ ᠳᠡᠭᠡᠳᠦ ᠶ᠋ᠢᠨ ᠨᠢᠭᠤᠷ ᠲᠤᠷ ᠡᠨᠡ ᠡᠳᠦᠷ ᠰᠠᠶᠢ ᠣᠯᠵᠤ ᠪᠠᠷᠠᠭᠠᠳᠠᠪᠠᠢ 》ᠭᠡᠮᠡᠨ ᠳᠠᠬᠢᠨ ᠪᠠᠰᠠ ᠨᠢᠭᠡᠨᠲᠡ ᠮᠥᠷᠭᠥᠭᠰᠡᠨ᠎ᠡ ᠬᠠᠭᠤᠷᠮᠠᠭ ᠰᠢᠨ ᠯᠤᠸᠠᠨ ᠵᠢᠶᠦ᠋ᠨ ᠵᠣ᠌ ᠵᠠᠬᠢᠶ᠎ᠠ ᠥᠭᠴᠦ ᠲᠦᠰᠢᠭᠦᠯᠦᠨ ᠪᠣᠰᠬᠠᠵᠤ : 《ᠴᠡᠷᠢᠭ ᠦ᠋ᠨ ᠦᠢᠯᠡ ᠬᠡᠮᠡᠭᠴᠢ ᠰᠠᠯᠬᠢᠨ ᠭᠠᠯ ᠮᠡᠲᠦ ᠲᠦᠷᠭᠡᠯᠡᠪᠡᠰᠦ ᠵᠣᠬᠢᠮᠤᠢ᠂ ᠨᠠᠷᠢᠨ ᠠᠷᠭ᠎ᠠ ᠬᠡᠮᠡᠭᠴᠢ ᠦᠳᠲᠡᠷ ᠳᠦᠷᠭᠡᠨ᠎ᠡ ᠴᠠᠭᠠᠵᠠ ᠵᠠᠷᠯᠠᠵᠤ᠂ ᠴᠡᠷᠢᠭ ᠢ᠋ᠶ᠋ᠡᠨ ᠡᠭᠡᠭᠦᠯᠦᠨ᠂ ᠨᠥᠭᠦᠭᠡ ᠭᠤᠷᠪᠠᠨ ᠠᡁᠥ᠋ᠩ ᠯᠤᠭ᠎ᠠ ᠪᠠᠨ ᠰᠡᠷᠡᠭᠳᠡᠯ ᠦᠭᠡᠢ ᠪᠡᠷ ᠵᠥᠪᠳᠡᠵᠦ᠂ ᠴᠢᠦᠢ ᠴᠦ ᠯᠢᠦᠢ ᠶ᠋ᠢ ᠪᠡᠶ᠎ᠡ ᠤᠷᠪᠠᠬᠤ ᠵᠠᠢ ᠭᠠᠷᠭᠠᠯ ᠦᠭᠡᠢ ᠳᠠᠷᠤᠨ ᠪᠡᠷᠢ ! 》ᠭᠡᠮᠡᠨ᠂ ᠨᠢᠳᠦᠨ ᠦᠵᠡᠵᠦ ᠡᠷᠭᠢᠭᠦᠯᠦᠨ ᠳᠣᠪᠲᠣᠯᠭᠠᠭᠠᠳ ᠥᠪᠡᠷᠦᠨ ᠪᠡᠶ᠎ᠡ ᠪᠡᠷ ᠮᠥᠨ ᠵᠢᠭᠰᠠᠭᠠᠯ ᠢ᠋ᠶ᠋ᠠᠨ ᠱᠠᠭᠠᠷᠳᠠᠨ ᠬᠥᠳᠡᠯᠭᠡᠵᠦ ᠂ ᠡᠨᠡ ᠤᠳᠠᠭ᠎ᠠ ᠳ᠋ᠤᠷ ᠠᠯᠲᠠᠨᠱᠠᠭ᠎ᠠ ᠶ᠋ᠢᠨ ᠡᠴᠢᠭᠡ ᠲᠠᠢᠶᠠᠩ ᠬᠠᠭᠠᠨ ᠢ᠋ ᠬᠠᠳᠬᠤᠵᠤ ᠠᠯᠠᠭᠰᠠᠨ ᠲᠡᠭᠷᠢ ᠶ᠋ᠢᠨ ᠨᠠᠷᠠᠨ ᠢ᠋ ᠬᠠᠮᠲᠤ ᠦᠯᠦ ᠦᠵᠡᠬᠦ ᠥᠰᠢᠶᠡᠲᠡᠨ ᠢ᠋ ᠢᠨᠤ ᠣᠯᠵᠤ ᠪᠠᠷᠢᠭᠠᠳ᠂ ᠰᠣᠯᠣᠩᠭᠣᠸᠠ ᠬᠢᠭᠡᠳ ᠠᠯᠲᠠᠨᠱᠠᠭ᠎ᠠ ᠶ᠋ᠢᠨ ᠶᠡᠬᠡ ᠬᠣᠷᠣᠰᠤᠯ ᠢ᠋ ᠠᠷᠢᠯᠭᠠᠵᠤ ᠥᠭᠭᠦᠨ᠂ ᠬᠦᠨᠳᠦ ᠭᠠᠪᠢᠶ᠎ᠠ ᠪᠠᠢᠭᠤᠯᠰᠤ ᠭᠡᠮᠡᠨ᠂ ᠯᠤᠤ ᠶ᠋ᠢᠨ ᠮᠣᠷᠢ ᠪᠠᠨ ᠲᠠᠰᠢᠭᠤᠷᠳᠠᠨ ᠨᠢᠰᠬᠦ ᠵᠢᠭᠰᠠᠭᠠᠯ ᠢ᠋ᠶ᠋ᠠᠨ ᠰᠢᠪᠠᠳᠠᠨ ᠬᠣᠲᠣᠩ ᠤ᠋ᠨ ᠸᠠᠩ ᠳ᠋ᠦᠢ ᠶ᠋ᠢᠨ ᠴᠡᠷᠢᠭ ᠦ᠋ᠨ ᠰᠡᠭᠦᠯ ᠢ᠋ᠶ᠋ᠡᠷ ᠮᠥᠷᠳᠡᠨ ᠳᠠᠷᠤᠵᠤ ᠬᠡᠢᠰᠬᠡᠨ ᠳᠣᠪᠲᠣᠯᠤᠨ ᠳᠠᠷᠤᠨ ᠣᠷᠣᠪᠠ᠃ ᠬᠣᠢᠨ᠎ᠠ ᠠ᠋ᠴᠠ ᠪᠡᠯᠭᠦᠳᠡᠢ ᠴᠢᠨ ᠸᠠᠩ᠂ ᠠᠯᠲᠠᠨᠱᠠᠭ᠎ᠠ ᠬᠢᠭᠡᠳ ᠲᠡᠮᠦᠷ ᠵᠠᠩᠵᠤᠨ ᠤ᠋ ᠭᠤᠷᠪᠠᠨ ᠬᠦᠷᠢᠶ᠎ᠡ ᠴᠡᠷᠢᠭ ᠢ᠋ ᠵᠡᠷᠭᠡᠯᠡᠭᠦᠯᠦᠨ ᠵᠢᠭᠰᠠᠭᠠᠵᠤ ᠳᠠᠷᠤᠨ ᠣᠷᠣᠬᠤᠶ᠎ᠠ᠂ ᠴᠡᠷᠢᠭ ᠦ᠋ᠨ ᠲᠣᠭᠣᠰᠣᠨ ᠣᠭᠲᠠᠷᠭᠤᠢ ᠳ᠋ᠤᠷ ᠲᠤᠯᠵᠤ ᠠᠷᠤ ᠭᠠᠵᠠᠷ ᠤ᠋ᠨ ᠲᠠᠯ᠎ᠠ ᠪᠡᠯᠴᠢᠭᠡᠷ ᠠᠭᠤᠳᠠᠮ ᠳᠡᠯᠭᠡᠷ ᠲᠣᠷ ᠭᠤᠷᠪᠠᠨ ᠲᠦᠮᠡᠨ ᠴᠡᠷᠢᠭ ᠦ᠋ᠨ ᠰᠦᠷ ᠰᠦᠯᠳᠡ᠂ ᠲᠣᠭᠣᠰᠣ ᠲᠣᠷᠤᠮᠤ ᠳᠡᠭᠳᠡᠬᠦᠢ ᠳ᠋ᠦ᠍ᠷ ᠬᠣᠲᠣᠩ ᠤ᠋ᠨ ᠠᡁᠥ᠋ᠩ ᠸᠠᠩ ᠳ᠋ᠦᠢ ᠳᠣᠲᠣᠷ᠎ᠠ ᠪᠠᠨ ᠵᠠᠯᠪᠠᠷᠢᠨ᠂ ᠠᠷᠠᠢ ᠡᠨᠡ ᠪᠡᠶ᠎ᠡ ᠴᠢᠦᠢ ᠴᠦ ᠯᠢᠦᠢ ᠶ᠋ᠢᠨ ᠬᠤᠳᠠᠯ ᠮᠡᠬᠡ ᠳ᠋ᠦ᠍ᠷ ᠮᠡᠬᠡᠯᠡᠭᠳᠡᠨ ᠪᠠᠢᠵᠤ᠂ ᠮᠣᠩᠭᠣᠯ ᠤ᠋ᠨ ᠬᠣᠷᠢᠨ ᠲᠦᠮᠡᠨ ᠦ᠌ ᠶᠡᠬᠡ ᠲᠡᠢᠨ ᠳ᠋ᠦ᠍ᠷ ᠤᠨᠠᠨ ᠠᠯᠳᠠᠪᠠ ᠭᠡᠮᠡᠨ ᠮᠣᠷᠢ ᠪᠠᠨ ᠪᠠᠢᠨ ᠪᠠᠢᠨ ᠲᠠᠰᠢᠭᠤᠷᠳᠠᠨᠠᠮ ᠪᠥᠭᠡᠳ ᠪᠠᠰᠠ ᠡᠷᠭᠢᠨ ᠡᠷᠭᠢᠨ ᠬᠠᠷᠠᠵᠤ᠂ ᠮᠣᠩᠭᠣᠯ ᠤᠯᠤᠰ ᠤ᠋ᠨ ᠴᠡᠷᠢᠭ ᠦ᠋ᠨ ᠲᠣᠭᠣᠰᠣᠨ ᠢ᠋ ᠰᠢᠷᠲᠡᠨ ᠰᠢᠷᠲᠡᠨ ᠦᠵᠡᠵᠦ ᠱᠠᠭᠠᠷᠳᠠᠯ ᠤ᠋ᠨ ᠲᠤᠭ ᠢ᠋ᠶ᠋ᠠᠨ ᠬᠤᠷᠤᠢᠯᠠᠨ ᠬᠤᠷᠤᠢᠯᠠᠨ ᠤᠷᠤᠭᠰᠢᠯᠠᠨ ᠳᠣᠪᠲᠣᠯᠵᠤ᠂ ᠠᠮᠢᠰᠬᠤᠭ᠎ᠠ ᠶᠠᠳᠠᠵᠤ ᠰᠡᠬᠡᠭᠦᠯᠦᠨ ᠪᠥᠬᠥᠭᠦᠯᠦᠨ ᠶᠠᠪᠤᠭᠰᠠᠭᠠᠷ ᠬᠣᠶᠠᠳᠤᠭᠠᠷ ᠠᠩᠭᠢ ᠶ᠋ᠢᠨ ᠬᠣᠲᠣᠩ ᠤ᠋ᠨ ᠠᡁᠥ᠋ᠩ ᠰᠠᠩ ᠪᠤᠤ ᠳ᠋ᠤᠷ ᠤᠴᠠᠷᠠᠮᠠᠭᠴᠠ ᠮᠣᠷᠢᠨ ᠠ᠋ᠴᠠ ᠪᠠᠭᠤᠯ ᠦᠭᠡᠢ ᠲᠣᠯᠣᠭᠠᠢ ᠵᠠᠵᠢ ᠨᠡᠢᠯᠡᠯᠴᠡᠨ ᠨᠠᠷᠢᠨ ᠤᠴᠢᠷ ᠢ᠋ ᠨᠠᠷᠢᠪᠴᠢᠯᠠᠨ ᠬᠡᠯᠡᠵᠦ᠂ ᠮᠣᠩᠭᠣᠯ ᠤ᠋ᠨ ᠬᠣᠷᠢᠨ ᠲᠦᠮᠡᠨ ᠴᠡᠷᠢᠭ ᠦ᠋ᠨ ᠲᠣᠭᠣᠰᠣᠨ ᠭᠤᠴᠢᠨ ᠭᠠᠵᠠᠷ ᠤ᠋ᠨ ᠡᠮᠦᠨ᠎ᠡ ᠵᠡᠭᠦᠨ ᠰᠠᠯᠬᠢᠨ᠎ᠠ ᠬᠡᠢᠰᠦᠭᠳᠡᠨ ᠤᠷᠢᠳᠠ ᠬᠦᠷᠴᠦ ᠢᠷᠡᠮᠦᠢ ᠭᠡᠮᠡᠨ ᠬᠡᠯᠡᠯᠴᠡᠨ ᠰᠡᠭᠡᠭᠦᠯᠦᠭᠰᠡᠭᠡᠷ᠂ ᠭᠤᠷᠪᠠᠳᠤᠭᠠᠷ ᠪᠠᠭ ᠤ᠋ᠨ ᠠᡁᠥ᠋ᠩ ᠸᠠ ᠰᠢ ᠳ᠋ᠦ᠍ᠷ ᠵᠣᠯᠭᠠᠵᠤ ᠮᠥᠨ ᠶᠣᠰᠣᠭᠠᠷ ᠬᠡᠯᠡᠯᠴᠡᠵᠦ᠂ ᠲᠡᠭᠷᠢ ᠳ᠋ᠦ᠍ᠷ ᠵᠠᠯᠪᠠᠷᠢᠨ ᠠᠷᠠᠢ ᠡᠰᠡ ᠭᠡᠨᠡᠳᠡᠭᠳᠡᠪᠡ ᠬᠡᠮᠡᠯᠳᠦᠨ ᠬᠠᠲᠠᠷᠢᠭᠤᠯᠤᠭᠰᠠᠭᠠᠷ ᠰᠡᠭᠦᠯ ᠦ᠋ᠨ ᠪᠦᠯᠦᠭ ᠦ᠋ᠨ ᠠᡁᠥ᠋ᠩ ᠰᠠ ᠰᠠ ᠳ᠋ᠤᠷ ᠤᠴᠠᠷᠠᠵᠤ ᠬᠡᠳᠦᠬᠡᠨ ᠦᠭᠡᠰ ᠱᠣᠪᠬᠢᠨᠠᠮᠠᠭᠴᠠ ᠭᠡᠨᠡᠳᠲᠡ ᠬᠡᠩᠭᠡᠷᠭᠡ ᠴᠠᠩ ᠤ᠋ᠨ ᠳᠠᠭᠤᠨ ᠭᠠᠷᠴᠤ ᠭᠠᠳᠠᠭᠠᠳᠤ ᠬᠦᠷᠢᠶᠡᠨ ᠦ᠌ ᠠᡁᠥ᠋ᠩ ᠰᠠ ᠰᠠ ᠶ᠋ᠢᠨ ᠶᠡᠬᠡ ᠲᠤᠭ ᠲᠣᠭᠳᠣᠯᠵᠠᠨ ᠬᠥᠳᠡᠯᠵᠦ᠂ ᠪᠠᠰᠠ ᠮᠤᠬᠡ ᠶ᠋ᠢᠨ ᠪᠦᠷᠢᠶ᠎ᠡ ᠶ᠋ᠢᠨ ᠮᠠᠭᠤᠬᠠᠢ ᠵᠢᠪᠡᠭᠦᠨ ᠳᠠᠭᠤᠨ ᠭᠠᠷᠴᠤ ᠴᠡᠷᠢᠭ ᠦ᠋ᠨ ᠶᠠᠪᠤᠳᠠᠯ ᠤᠷᠪᠠᠨ ᠡᠷᠭᠢᠮᠡᠭᠴᠡ ᠲᠣᠯᠣᠭᠠᠢ ᠰᠡᠭᠦᠯ ᠵᠠᠯᠭᠠᠯᠳᠤᠭᠤᠯᠤᠨ᠂ ᠪᠠᠰᠠ ᠨᠢᠭᠡᠨᠲᠡ ᠮᠠᠭᠤᠬᠠᠢ ᠪᠦᠷᠢᠶ᠎ᠡ ᠶ᠋ᠢᠨ ᠳᠠᠭᠤᠨ ᠵᠠᠵᠢᠭᠢᠨᠠᠨ ᠭᠠᠷᠤᠮᠠᠭᠴᠠ᠂ ᠭᠠᠳᠠᠭᠠᠳᠤ ᠴᠡᠷᠢᠭ ᠴᠥᠮ ᠪᠡᠶ᠎ᠡ ᠤᠷᠪᠠᠨ ᠳᠣᠲᠣᠭᠰᠢ ᠬᠠᠨᠳᠤᠨ ᠵᠢᠭᠰᠠᠭᠠᠭᠰᠠᠨ ᠳ᠋ᠤᠷ ᠴᠢᠦᠢ ᠴᠦ ᠯᠢᠦᠢ ᠬᠡᠮᠡᠭᠴᠢ ᠲᠡᠭᠷᠢ ᠶ᠋ᠢᠨ ᠲᠥᠷᠥᠯᠬᠢ ᠤᠷᠠᠨ ᠪᠣᠯᠭᠣᠮᠵᠢᠲᠤ᠂ ᠰᠡᠴᠡᠨ ᠬᠤᠢᠬᠤᠷ ᠵᠢᠰᠤᠷ ᠬᠥᠮᠦᠨ ᠲᠤᠯᠠ ᠡᠨᠡ ᠥᠷᠯᠥᠭᠡ ᠶ᠋ᠢᠨ ᠨᠢᠳᠦ ᠵᠢᠷᠪᠠᠯᠵᠠᠨ᠂ ᠮᠢᠬ᠎ᠠ ᠳᠠᠲᠠᠯᠳᠠᠬᠤᠢ ᠳ᠋ᠤᠷ ᠬᠠᠷᠠᠬᠠᠨ ᠵᠢᠷᠦᠬᠡ ᠲᠦᠭᠰᠢᠨ ᠰᠡᠵᠢᠭᠯᠡᠵᠦ ᠪᠥᠬᠥᠶ᠎ᠡ᠂ ᠡᠳᠦᠭᠡ ᠡᠮᠦᠨᠡᠲᠦ ᠭᠤᠷᠪᠠᠨ ᠠᠩᠭᠢ ᠶ᠋ᠢᠨ ᠴᠡᠷᠢᠭ ᠦ᠋ᠨ ᠶᠡᠬᠡ ᠲᠤᠭ ᠡᠭᠡᠵᠦ ᠢᠷᠡᠬᠦᠶ᠎ᠡ᠂ ᠰᠠᠢᠨ ᠴᠥᠭᠡᠨ ᠮᠠᠭᠤ ᠦᠯᠡᠮᠵᠢ ᠶ᠋ᠢ ᠮᠡᠳᠡᠭᠡᠳ ᠶᠡᠬᠡᠯ᠎ᠡ ᠰᠡᠵᠢᠭᠯᠡᠨ ᠪᠥᠬᠥᠶ᠎ᠡ᠂ ᠭᠡᠨᠡᠳᠲᠡ ᠪᠠᠰᠠ ᠴᠠᠩ ᠴᠣᠬᠢᠨ ᠬᠡᠩᠭᠡᠷᠭᠡ ᠳᠡᠯᠡᠳᠴᠦ᠂ ᠬᠥᠮᠦᠨ ᠦ᠌ ᠮᠦ᠍ᠭᠡ ᠶ᠋ᠢᠨ ᠪᠦᠷᠢᠶᠡᠨ ᠦ᠌ ᠡᠲᠡᠭᠡᠳ ᠮᠠᠭᠤᠬᠠᠢ ᠳᠠᠭᠤᠨ ᠢ᠋ ᠰᠣᠨᠣᠰᠴᠤ᠂ ᠯᠠᠪ ᠰᠠᠨᠠᠭᠠᠨ ᠤ᠋ ᠭᠠᠳᠠᠨᠠᠬᠢ ᠬᠤᠪᠢᠰᠤᠯ ᠳᠡᠭᠳᠡᠭᠰᠡᠨ ᠢ ᠤᠬᠠᠵᠤ ᠮᠡᠳᠡᠭᠡᠳ᠂ ᠠᠩᠬ᠎ᠠ ᠴᠠᠩ ᠬᠡᠩᠭᠡᠷᠭᠡ ᠶ᠋ᠢᠨ ᠳᠠᠭᠤᠨ ᠭᠠᠷᠴᠤ᠂ ᠭᠠᠳᠠᠭᠠᠳᠤ ᠴᠡᠷᠢᠭ ᠦ᠋ᠨ ᠲᠣᠯᠣᠭᠠᠢ ᠰᠡᠭᠦᠯ ᠵᠠᠯᠭᠠᠯᠳᠤᠨ ᠳᠣᠲᠣᠷ᠎ᠠ ᠭᠠᠳᠠᠨ᠎ᠠ ᠡᠷᠭᠢᠵᠦ ᠤᠷᠪᠠᠬᠤ ᠳᠣᠬᠢᠶ᠎ᠠ ᠶ᠋ᠢ ᠰᠣᠨᠣᠰᠴᠤ ᠲᠥᠰᠥᠭᠯᠡᠭᠡᠳ᠂ ᠲᠤᠬᠠᠢ ᠳ᠋ᠤᠷ ᠨᠡᠢᠴᠡᠭᠦᠯᠦᠨ᠂ ᠲᠡᠳᠡᠨ ᠦ᠌ ᠳᠣᠬᠢᠶ᠎ᠠ ᠶ᠋ᠢ ᠳᠠᠭᠠᠭᠤᠯᠤᠨ ᠡᠷᠭᠢᠨ ᠶᠠᠪᠤᠭᠰᠠᠨᠠ᠂ ᠳᠠᠷᠤᠢ ᠶᠡᠬᠡ ᠴᠡᠷᠢᠭ ᠦ᠋ᠨ ᠭᠠᠳᠠᠭᠠᠳᠤ ᠮᠥᠷ ᠲᠣᠷ ᠤᠷᠪᠠᠨ ᠭᠠᠷᠴᠤ ᠪᠠᠢᠳᠠᠯ ᠪᠤᠰᠤ ᠶ᠋ᠢ ᠲᠣᠳᠣᠷᠬᠠᠢᠯᠠᠨ ᠲᠠᠨᠢᠭᠠᠳ᠂ ᠬᠤᠯᠤᠭᠠᠷ ᠴᠢᠬᠢ ᠪᠡᠨ ᠬᠤᠷᠳᠤᠨ ᠬᠤᠷᠳᠤᠨ ᠭᠦᠪᠢᠵᠦ᠂ ᠬᠣᠭᠣᠯᠠᠢ ᠪᠠᠨ ᠰᠣᠨᠢᠨ ᠰᠣᠨᠢᠨ ᠢ᠋ᠶ᠋ᠠᠷ ᠳᠤᠤᠭᠠᠷᠭᠠᠨ ᠲᠠᠲᠠᠵᠤ᠂ ᠳᠡᠷᠭᠡᠳᠡ ᠪᠡᠨ ᠪᠠᠢᠬᠤ ᠬᠡᠳᠦᠨ ᠠᠷᠪᠠᠨ ᠰᠢᠳᠠᠷ ᠠᠷᠠᠳ ᠢ᠋ ᠬᠣᠩᠰᠢᠶᠠᠷ ᠠᠮᠠ᠂ ᠬᠣᠰᠢᠭᠤ ᠡᠷᠡᠦ ᠪᠡᠨ ᠡᠷᠭᠢᠭᠦᠯᠦᠨ ᠲᠣᠭᠣᠷᠢᠭᠤᠯᠤᠨ ᠳᠣᠬᠢᠭᠠᠳ ᠨᠢᠭᠡᠨᠲᠡ ᠨᠠᠷᠢᠨ ᠴᠢᠪᠬᠠᠢ ᠳᠠᠭᠤᠨ ᠢ᠋ᠶ᠋ᠠᠷ ᠵᠠᠵᠢᠭᠢᠨᠠᠨ ᠴᠠᠷᠬᠢᠷᠠᠵᠤ᠂ ᠬᠡᠳᠦᠨ ᠠᠷᠪᠠᠨ ᠤ᠋ ᠣᠢᠷ᠎ᠠ ᠠᠷᠠᠳ ᠢ᠋ᠶ᠋ᠠᠨ ᠠᠪᠴᠤ᠂ ᠮᠣᠷᠢ ᠪᠠᠨ ᠭᠤᠶᠠᠳᠠᠵᠤ᠂ ᠡᠭᠡᠵᠦ ᠪᠤᠴᠠᠭᠤᠯᠤᠨ ᠨᠢᠰᠬᠦ ᠮᠡᠲᠦ ᠰᠢᠪᠲᠤᠯᠤᠨ ᠭᠠᠷᠴᠤ ᠪᠤᠷᠤᠭᠤᠯᠬᠤᠶᠠ᠂ ᠳᠥᠷᠪᠡᠨ ᠠᡁᠥ᠋ᠩ ᠦ᠋ᠨ ᠴᠡᠷᠢᠭ ᠬᠠᠷᠠᠬᠠᠨ ᠪᠢᠲᠡᠭᠦᠯᠡᠵᠦ ᠪᠥᠬᠥᠶ᠎ᠡ᠂ ᠪᠢᠲᠡᠭᠦᠯᠡᠭᠰᠡᠨ ᠴᠡᠷᠢᠭ ᠦ᠋ᠨ ᠡᠵᠡᠨ ᠢᠨᠦ ᠬᠡᠳᠦᠢᠨᠡᠢ ᠬᠠᠷᠢᠨ ᠴᠡᠷᠢᠭ ᠦ᠋ᠨ ᠬᠣᠷᠢᠶ᠎ᠠ ᠴᠠᠭᠠᠷᠢᠭ ᠤ᠋ᠨ ᠭᠠᠳᠠᠨ᠎ᠠ ᠦᠰᠦᠷᠦᠨ ᠭᠠᠷᠴᠤ᠂ ᠲᠠᠯ᠎ᠠ ᠶ᠋ᠢᠨ ᠮᠠᠩᠬᠠᠨ᠎ᠠ ᠦᠰᠦᠷᠬᠢᠯᠡᠨ ᠲᠣᠭᠯᠠᠬᠤ ᠠᠯᠠᠭᠳᠠᠭ᠎ᠠ ᠮᠡᠲᠦ᠂ ᠡᠷᠲᠡᠯᠵᠡᠨ ᠳᠤᠩᠬᠤᠯᠵᠠᠨ ᠳᠤᠲᠠᠭᠠᠨ ᠳᠣᠭᠳᠣᠯᠤᠯᠴᠠᠬᠤᠶᠠ᠂ ᠪᠦᠭᠦᠳᠡᠭᠡᠷ ᠲᠡᠰᠬᠡᠯ ᠥᠭᠡᠶ᠎ᠡ ᠢᠨᠢᠶᠡᠳᠦ ᠠᠯᠳᠠᠯᠴᠠᠵᠤ ᠰᠠᠶᠢ ᠴᠡᠷᠢᠭ ᠦ᠋ᠨ ᠨᠢᠰᠬᠦ ᠳᠣᠬᠢᠶ᠎ᠠ ᠲᠡᠮᠳᠡᠭ ᠢ᠋ ᠵᠠᠷᠯᠠᠲᠠᠯᠠ᠂ ᠭᠡᠨᠡᠳᠲᠡ ᠨᠠᠷᠢᠨ ᠴᠢᠪᠬᠠᠢ ᠢᠰᠬᠡᠷᠦᠯ ᠦ᠋ᠨ ᠴᠢᠮᠡᠭᠡ ᠭᠠᠷᠴᠤ᠂ ᠨᠢᠭᠡᠨ ᠵᠤᠷᠪᠤᠰ ᠤ᠋ᠨ ᠰᠣᠯᠣᠩᠭ᠎ᠠ ᠶ᠋ᠢᠨ ᠰᠤᠮᠤ᠂ ᠮᠠᠩᠨᠤᠭ ᠤ᠋ᠨ ᠵᠡᠪᠡ ᠮᠡᠲᠦ᠂ ᠨᠢᠭᠡᠨ ᠵᠤᠷᠪᠤᠰ ᠤ᠋ᠨ ᠬᠠᠷᠢᠶᠠᠴᠠᠢ ᠬᠠᠯᠢᠵᠤ ᠴᠠᠬᠤᠯᠠᠢ ᠱᠤᠩᠭᠤᠬᠤ ᠮᠡᠲᠦ ᠴᠡᠷᠢᠭ ᠮᠣᠷᠢᠨ ᠰᠠᠯᠬᠢᠨ ᠤ᠋ ᠵᠠᠪᠰᠠᠷ ᠢ᠋ᠶ᠋ᠠᠷ ᠰᠦᠷᠴᠢᠭᠢᠨᠡᠨ ᠳᠣᠭᠳᠣᠯᠤᠯᠴᠠᠨ᠂ ᠴᠡᠷᠢᠭ ᠦ᠋ᠨ ᠳᠤᠮᠳᠠᠭᠤᠷ ᠲᠠᠰᠤ ᠰᠢᠪᠲᠤᠯᠤᠨ ᠨᠡᠬᠡᠵᠦ ᠡᠴᠢᠪᠡ᠃ ᠰᠠᠢᠬᠠᠨ ᠭᠦᠦᠷ ᠦ᠋ᠨ ᠨᠢᠰᠭᠡ ᠬᠠᠷᠪᠤᠯᠭ᠎ᠠ ᠶ᠋ᠢᠨ ᠱᠠᠯᠠᠮᠠᠭᠠᠢ ᠬᠤᠷᠴᠠ ᠬᠤᠷᠳᠤᠨ ᠬᠣᠲᠣᠩ ᠤ᠋ᠳ ᠤ᠋ᠨ ᠴᠡᠷᠢᠭ ᠢ᠋ ᠭᠦᠢᠴᠡᠨ ᠬᠦᠷᠴᠦ ᠢᠷᠡᠲᠡᠯ᠎ᠡ᠂ ᠴᠢᠪᠬᠢᠲᠡᠯ᠎ᠡ ᠲᠡᠳᠡᠨ ᠦ᠌ ᠴᠡᠷᠢᠭ ᠦ᠋ᠨ ᠡᠷᠭᠢᠵᠦ ᠤᠷᠪᠠᠨ ᠬᠤᠪᠢᠯᠬᠤ ᠦᠶ᠎ᠡ ᠳ᠋ᠦ᠍ᠷ ᠲᠣᠬᠢᠶᠠᠯᠳᠤᠨ ᠰᠠᠶᠢ ᠬᠠᠮᠵᠢᠵᠤ ᠥᠭᠰᠦᠭᠡᠢ ᠬᠡᠮᠡᠲᠡᠯ᠎ᠡ᠂ ᠬᠤᠷᠳᠤᠨ ᠬᠤᠢᠬᠤᠷ ᠴᠢᠦᠢ ᠴᠦ ᠯᠢᠦᠢ ᠬᠡᠳᠦᠢᠨ ᠬᠠᠷᠢᠨ ᠴᠡᠷᠢᠭ ᠦ᠋ᠨ ᠬᠡᠷᠡᠮ ᠴᠠᠭᠠᠷᠢᠭ ᠤ᠋ᠨ ᠭᠠᠳᠠᠨ᠎ᠠ ᠦᠰᠦᠷᠬᠢᠯᠡᠨ ᠭᠠᠷᠴᠤ ᠪᠣᠷᠤᠭᠤᠯᠤᠨ ᠳᠤᠲᠠᠭᠠᠬᠤᠶ᠎ᠠ᠂ ᠬᠠᠭᠤᠷᠮᠠᠭ ᠰᠢᠨ ᠯᠤᠸᠠᠨ ᠵᠢᠶᠦ᠋ᠨ ᠵᠣ᠌ ᠶ᠋ᠢᠨ ᠬᠥᠩᠭᠡᠨ ᠭᠠᠪᠰᠢᠭᠠᠢ ᠮᠣᠷᠢᠲᠠᠨ ᠤ᠋ ᠲᠠᠪᠤᠨ ᠵᠠᠭᠤᠨ ᠬᠠᠷᠴᠠᠭᠠᠢ ᠱᠣᠩᠬᠣᠷ ᠤ᠋ᠨ ᠪᠠᠭ ᠨᠡᠷᠡᠲᠦ ᠨᠢᠰᠭᠡ ᠴᠡᠷᠢᠭ ᠦ᠋ᠳ ᠢ᠋ᠶ᠋ᠡᠨ ᠠᠪᠴᠤ᠂ ᠲᠠᠰᠤ ᠭᠤᠶᠠᠳᠠᠵᠤ ᠰᠢᠪᠲᠤᠯᠤᠨ ᠨᠡᠬᠡᠨ ᠣᠷᠣᠵᠤ ᠡᠴᠢᠭᠡᠳ᠂ ᠰᠠᠢᠬᠠᠨ ᠭᠦᠦᠷ ᠦ᠋ᠨ ᠤᠨᠤᠭᠰᠠᠨ ᠭᠡᠢᠰᠡ ᠰᠠᠷᠠᠯ ᠯᠤᠤ ᠶ᠋ᠢᠨ ᠠᠭᠲᠠ ᠬᠡᠳᠦᠨᠲᠡ ᠰᠤᠩᠭᠠᠮᠠᠭᠴᠠ ᠭᠦᠢᠴᠡᠨ ᠬᠦᠷᠦᠭᠡᠳ ᠳᠠᠷᠤᠢ ᠲᠠᠷᠨᠢ ᠪᠢᠰᠢᠯᠭᠠᠯ ᠤ᠋ᠨ ᠬᠣᠣᠷᠠᠲᠤ ᠭᠠᠩ ᠤ᠋ᠨ ᠵᠡᠪᠡ ᠪᠡᠷ ᠨᠢᠭᠡᠨᠲᠡ ᠬᠠᠷᠪᠤᠭᠰᠠᠨ ᠳ᠋ᠤᠷ ᠪᠢᠴᠢᠬᠠᠨ ᠭᠠᠩ ᠰᠢᠷᠪᠥᠰᠥ ᠪᠡᠷ ᠳᠠᠪᠲᠠᠭᠰᠠᠨ ᠨᠣᠮᠣᠨ ᠤ᠋ ᠬᠦᠴᠦᠨ ᠬᠠᠲᠠᠭᠤ ᠪᠥᠭᠡᠳ ᠵᠡᠪᠡ ᠶ᠋ᠢᠨ ᠦᠵᠦᠭᠦᠷ ᠪᠠᠰᠠ ᠬᠡᠲᠦᠷᠬᠡᠶ᠎ᠡ ᠬᠢᠷᠭᠠᠭᠤᠷ ᠮᠡᠲᠦ ᠬᠤᠷᠴᠠ ᠰᠠᠷᠴᠢᠭᠢᠨᠠᠮᠠ ᠪᠣᠯᠣᠳ ᠲᠡᠮᠦᠷ ᠢ ᠪᠠᠰᠠ ᠶᠠ ᠯᠦ᠍ ᠮᠥᠷᠡᠨ ᠦ᠌ ᠬᠣᠣᠷᠠᠲᠤ ᠪᠢᠯᠡᠭᠦᠦ ᠪᠡᠷ ᠪᠢᠯᠡᠭᠦᠳᠡᠵᠦ᠂ ᠬᠠᠷ᠎ᠠ ᠲᠠᠷᠨᠢ ᠪᠠᠷ ᠪᠦᠲᠦᠭᠡᠭᠰᠡᠨ ᠦ᠌ ᠤᠴᠢᠷ ᠲᠤᠷ ᠠᠯᠲᠠᠨ ᠮᠥᠩᠭᠥᠨ᠂ ᠭᠠᠤᠯᠢ ᠲᠡᠮᠦᠷ ᠢ ᠳᠠᠭᠠᠭᠠᠬᠤ ᠠᠨᠤ ᠭᠤᠯᠢᠷ ᠰᠢᠪᠡᠷ ᠢ᠋ ᠴᠠᠪᠴᠢᠬᠤ ᠠᠳᠠᠯᠢ ᠲᠤᠯᠠ᠂ ᠴᠢᠦᠢ ᠴᠦ ᠯᠢᠦᠢ ᠶ᠋ᠢᠨ ᠠᠯᠲᠠᠨ ᠤ᠋ ᠳᠠᠩ ᠬᠤᠶᠠᠭ ᠢ᠋ ᠨᠡᠪᠲᠡ ᠣᠷᠣᠵᠤ᠂ ᠪᠠᠷᠠᠭᠤᠨ ᠳᠠᠯᠤ ᠳ᠋ᠤᠷ ᠭᠣᠷᠣᠢᠲᠠᠯᠠ ᠭᠠᠳᠠᠵᠤ᠂ ᠴᠢᠦᠢ ᠴᠦ ᠯᠢᠦᠢ ᠶ᠋ᠢᠨ ᠬᠠᠭᠠᠰ ᠪᠡᠶ᠎ᠡ ᠤᠮᠳᠠᠷᠠᠨ ᠮᠠᠨᠠᠷᠠᠵᠤ᠂ ᠪᠠᠷᠠᠭᠤᠨ ᠭᠠᠷ ᠲᠠᠭᠠᠨ ᠪᠠᠷᠢᠭᠰᠠᠨ ᠡᠷᠳᠡᠨᠢ ᠶ᠋ᠢᠨ ᠵᠢᠳᠠ ᠪᠠᠨ ᠭᠠᠵᠠᠷ ᠲᠤᠷ ᠠᠯᠳᠠᠵᠤ᠂ ᠠᠮᠠᠨ ᠳ᠋ᠤᠷ ᠠᠶ᠎ᠠ ᠬᠠᠯᠠᠬᠠᠢ ᠭᠡᠮᠡᠨ ᠳᠠᠭᠤᠨ ᠠᠯᠳᠠᠵᠤ ᠶᠣᠣᠯᠠᠨ ᠪᠠᠷᠬᠢᠷᠠᠵᠤ᠂ ᠵᠡᠭᠦᠨ ᠭᠠᠷ ᠢ᠋ᠶ᠋ᠠᠷ ᠡᠮᠡᠭᠡᠯ ᠦ᠋ᠨ ᠪᠦᠭᠦᠷᠭᠡ ᠪᠡᠨ ᠶᠠᠭ ᠵᠠᠭᠤᠷᠠᠨ ᠲᠡᠪᠡᠷᠢᠲᠡᠯᠡ ᠰᠠᠢᠬᠠᠨ ᠭᠦᠦᠷ ᠦ᠋ᠨ ᠮᠣᠷᠢᠨ ᠳᠠᠬᠢᠨ ᠰᠣᠭᠰᠤᠷᠠᠨ᠂ ᠨᠢᠭᠡᠨᠲᠡ ᠰᠤᠩᠭᠠᠮᠠᠭᠴᠠ ᠭᠦᠢᠴᠡᠨ ᠬᠦᠷᠴᠦ ᠢᠷᠡᠭᠡᠳ ᠮᠥᠨ ᠬᠦ᠌᠂ ᠬᠤᠪᠢᠯᠭᠠᠨ ᠪᠢᠰᠢᠯᠭᠠᠲᠤ ᠰᠠᠷᠠᠨ ᠰᠡᠷᠪᠡᠭᠡᠲᠦ ᠭᠠᠩ ᠮᠣᠭᠠᠢ ᠶ᠋ᠢᠨ ᠰᠡᠭᠦᠯ ᠦ᠋ᠨ ᠵᠢᠳᠠ ᠪᠠᠷ ᠰᠤᠨᠢᠶᠠᠨ ᠪᠥᠬᠥᠢᠵᠦ ᠨᠢᠭᠡᠨᠲᠡ ᠵᠢᠳᠠᠯᠠᠭᠰᠠᠨ ᠳ᠋ᠤᠷ ᠪᠠᠰᠠ ᠴᠢᠪᠬᠢᠲᠡᠯ᠎ᠡ ᠴᠢᠦᠢ ᠴᠦ ᠯᠢᠦᠢ ᠶ᠋ᠢᠨ ᠵᠡᠭᠦᠨ ᠭᠤᠶ᠎ᠠ ᠨᠡᠪᠲᠡ ᠵᠢᠳᠠᠯᠠᠭᠳᠠᠭᠠᠳ᠂ ᠤᠯᠠᠭᠠᠨ ᠴᠢᠰᠤ ᠬᠣᠶᠠᠷ ᠡᠲᠡᠭᠡᠳ ᠰᠠᠳᠠᠭᠠᠨᠠᠨ ᠭᠠᠷᠴᠤ᠂ ᠮᠢᠬ᠎ᠠ ᠳᠡᠯᠪᠡᠷᠡᠨ᠂ ᠰᠢᠷᠪᠥᠰᠥ ᠲᠠᠰᠤᠷᠠᠨ᠂ ᠶᠠᠰᠤ ᠤᠮᠳᠠᠷᠠᠨ᠂ ᠵᠢᠷᠦᠬᠡ ᠡᠪᠡᠷᠰᠢᠶᠡᠨ᠂ ᠨᠢᠳᠦ ᠡᠷᠢᠶᠡᠯᠵᠡᠯᠡᠨ᠂ ᠰᠠᠨᠠᠭᠠᠨ ᠰᠠᠮᠠᠭᠤᠷᠠᠵᠤ᠂ ᠰᠠᠢᠬᠠᠨ ᠭᠦᠦᠷ ᠢ᠋ ᠳᠡᠭᠦᠦ ᠪᠡᠷᠢ ᠪᠡᠨ ᠰᠤᠯᠤᠩᠭᠤᠸ᠎ᠠ ᠪᠣᠯᠭᠠᠨ ᠲᠠᠰᠢᠶᠠᠷᠠᠨ ᠰᠠᠨᠠᠵᠤ ᠂ ᠬᠣᠶᠠᠷ ᠦᠵᠦᠭᠦᠷ ᠦ᠋ᠨ ᠡᠪᠡᠷᠰᠢᠶᠡᠯ ᠭᠠᠰᠢᠭᠤᠳᠠᠯ ᠳ᠋ᠤᠷ ᠲᠡᠰᠬᠡᠯ ᠦᠭᠡᠢ ᠲᠠᠰᠤᠷᠬᠠᠢ ᠬᠤᠷᠴᠠ ᠳᠠᠭᠤᠨ ᠠᠯᠳᠠᠵᠤ 《ᠠᠪᠠᠢ ᠬᠠᠯᠠᠬᠠᠢ᠂ ᠶᠤᠬᠠᠢ ᠰᠠᠢᠨ ᠳᠡᠭᠦᠦ ᠪᠡᠷᠢ᠂ ᠠᠮᠢᠨ ᠢ᠋ ᠮᠢᠨᠦ ᠠᠪᠤᠷᠠ 》 ᠭᠡᠮᠡᠨ 《ᠶᠣ ᠶᠣ ᠂ ᠬᠠᠢ ᠬᠠᠢ 》 ᠭᠡᠮᠡᠨ ᠰᠢᠲᠦ ᠵᠠᠭᠤᠨ ᠵᠠᠵᠢᠭᠢᠨᠠᠨ ᠪᠠᠷᠬᠢᠷᠠᠵᠤ ᠂ ᠰᠣᠯᠣᠭᠠᠢ ᠭᠠᠷ ᠢ᠋ᠶ᠋ᠠᠷ ᠮᠣᠷᠢ ᠪᠠᠨ ᠵᠠᠪ ᠰᠡᠪ ᠦᠭᠡᠢ ᠰᠢᠪᠰᠢᠨ ᠰᠠᠪᠠᠵᠤ ᠡᠮᠡᠭᠡᠯ ᠳ᠋ᠦ᠍ᠷ ᠬᠡᠪᠲᠡᠵᠦ ᠳᠣᠪᠲᠣᠯᠤᠨ ᠪᠤᠷᠤᠭᠤᠯᠬᠤᠶᠠ᠂ ᠲᠡᠷᠡ ᠮᠣᠷᠢ ᠴᠤ᠌ ᠮᠥᠨ ᠲᠦᠮᠡᠨ ᠮᠢᠩᠭᠠᠨ ᠮᠣᠷᠢᠳ ᠤ᠋ᠨ ᠳᠣᠲᠣᠷ᠎ᠠ ᠠ᠋ᠴᠠ ᠰᠣᠩᠭᠣᠵᠤ ᠰᠢᠯᠭᠠᠭᠰᠠᠨ ᠠᠷᠭᠤᠮᠠᠭ ᠬᠦᠯᠦᠭ ᠲᠤᠯᠠ ᠲᠡᠷᠡ ᠬᠦ᠌ ᠰᠠᠪᠠᠯᠭᠠᠨ ᠳ᠋ᠤᠷ ᠬᠡᠳᠦᠨᠲᠡ ᠳᠤᠭᠲᠤᠷᠤᠨ ᠪᠠᠰᠠ ᠨᠢᠭᠡᠨ ᠠᠯᠴᠠᠮ ᠤ᠋ᠨ ᠭᠠᠵᠠᠷ ᠵᠤᠭᠵᠠᠨ ᠭᠠᠷᠴᠤ ᠡᠴᠢᠬᠦᠶ᠎ᠡ ᠰᠠᠢᠬᠠᠨ ᠭᠦᠦᠷ ᠶᠡᠬᠡᠯ᠎ᠡ ᠶᠠᠭᠠᠷᠠᠨ ᠠᠯᠳᠠᠭᠤᠵᠠᠢ ᠭᠡᠮᠡᠨ ᠴᠢᠬᠤᠯᠳᠠᠬᠤᠢ ᠳ᠋ᠠᠭᠠᠨ ᠨᠢᠰᠭᠡ ᠵᠢᠳᠠ ᠶ᠋ᠢᠨ ᠴᠢᠭᠯᠡᠨ ᠴᠣᠬᠢᠬᠤ ᠵᠠᠪᠰᠢᠶᠠᠨ ᠢ᠋ ᠬᠡᠷᠡᠭᠯᠡᠨ ᠣᠨᠢᠯᠠᠵᠤ᠂ ᠴᠢᠭᠯᠡᠨ ᠴᠣᠬᠢᠨ ᠢᠯᠡᠭᠡᠭᠰᠡᠨ᠎ᠡ ᠴᠢᠪᠬᠢᠲᠡᠯ᠎ᠡ ᠠᠷᠤ ᠭᠣᠣᠯ ᠳ᠋ᠤᠷ ᠲᠣᠰᠴᠤ᠂ ᠴᠢᠦᠢ ᠴᠦ ᠯᠢᠦᠢ ᠶ᠋ᠢᠨ ᠭᠣᠣᠯ ᠨᠢᠷᠤᠭᠤᠨ ᠤ᠋ ᠦᠶᠡᠲᠦ ᠶᠠᠰᠤᠨ᠎ᠠ ᠲᠣᠰᠴᠤ ᠂ ᠬᠠᠯᠠᠭᠤᠴᠠᠨ ᠢᠨᠴᠠᠭᠯᠠᠨ ᠶᠣᠣᠯᠠᠬᠤᠶᠠ ᠲᠣᠬᠢᠶᠠᠯᠳᠤᠨ᠂ ᠨᠢᠭᠡᠨ ᠶᠡᠬᠡ ᠴᠢᠬᠤᠯᠳᠠᠭᠰᠠᠨ ᠬᠡᠢ ᠠᠷᠭᠠᠳᠠᠯ ᠦᠭᠡᠢ ᠳᠡᠯᠪᠡᠷᠡᠨ ᠭᠠᠷᠴᠤ ᠢᠷᠡᠭᠡᠳ ᠣᠩᠭᠣᠰᠤᠨ ᠠᠯᠳᠠᠭᠰᠠᠨ ᠳ᠋ᠤᠷ ᠰᠠᠢᠬᠠᠨ ᠭᠦᠦᠷ ᠡᠭᠡᠨᠡᠭᠲᠡ ᠨᠢᠭᠡᠨ ᠪᠢᠴᠢᠬᠠᠨ ᠨᠠᠰᠤᠨ ᠤ᠋ ᠬᠡᠭᠡᠨᠴᠢᠷ ᠪᠤᠯᠪᠠᠷᠠᠢ ᠢᠴᠢᠮᠡᠲᠡᠭᠡᠢ ᠥᠬᠢᠨ ᠬᠥᠮᠦᠨ ᠪᠥᠭᠡᠳ ᠠᠩᠬᠠᠨ ᠤ᠋ ᠰᠠᠮᠠᠭᠤᠷᠠᠨ ᠳᠠᠭᠤᠳᠠᠬᠤᠢ ᠳ᠋ᠤᠷ ᠳᠠᠷᠤᠢ ᠠᠷᠪᠠᠨ ᠬᠤᠪᠢ ᠶ᠋ᠢᠨ ᠢᠨᠢᠶᠡᠳᠦᠮ ᠲᠥᠷᠥᠨ ᠴᠢᠷᠮᠠᠢᠨ ᠳᠠᠷᠤᠵᠤ᠂ ᠰᠢᠲᠦ ᠵᠠᠭᠤᠨ ᠴᠢᠭᠢᠷᠠᠭᠰᠢᠨ ᠭᠠᠪᠢᠶ᠎ᠠ ᠪᠦᠲᠦᠭᠡᠰᠦᠭᠡᠢ ᠭᠡᠮᠡᠨ ᠪᠡᠪᠡᠬᠡᠢ ᠪᠡᠨ ᠵᠠᠭᠤᠨ ᠡᠨᠡ ᠨᠢᠭᠡᠨ ᠵᠢᠳᠠ ᠶ᠋ᠢ ᠨᠢᠰᠬᠡᠨ ᠴᠣᠬᠢᠭᠠᠳ᠂ ᠭᠣᠣᠯ ᠶᠠᠰᠤᠨ ᠤ᠋ ᠭᠦᠳᠦᠭᠦᠷ ᠶᠠᠰᠤᠨ᠎ᠠ ᠲᠣᠰᠴᠤ᠂ ᠵᠢᠳᠠ ᠶ᠋ᠢᠨ ᠦᠵᠦᠭᠦᠷ ᠭᠦᠨ ᠣᠷᠣᠵᠤ ᠲᠣᠷᠴᠤ ᠴᠢᠳᠠᠭᠰᠠᠨ ᠦᠭᠡᠢ ᠂ ᠭᠠᠵᠠᠷ ᠲᠤᠷ ᠤᠨᠠᠭᠠᠳ ᠂ ᠡᠨᠡ ᠨᠢᠭᠡᠨ ᠬᠡᠢ ᠭᠠᠷᠤᠭᠰᠠᠨ᠎ᠠ ᠲᠡᠰᠬᠡᠯ ᠦᠭᠡᠢ᠂ ᠫᠦᠰᠬᠢᠳᠡᠯᠡ ᠳᠠᠭᠤᠨ ᠠᠯᠳᠠᠲᠠᠯ᠎ᠠ ᠢᠨᠢᠶᠡᠭᠡᠳ ᠂ ᠪᠦᠬᠦᠯᠢ ᠪᠡᠶ᠎ᠡ ᠶ᠋ᠢᠨ ᠣᠮᠣᠭ ᠬᠢᠯᠢᠩ ᠴᠠᠭ ᠭᠱᠠᠨ᠎ᠠ ᠰᠠᠴᠤᠷᠠᠨ ᠰᠠᠷᠨᠢᠵᠤ᠂ ᠬᠠᠰ ᠴᠠᠭᠠᠨ ᠴᠢᠷᠠᠢ ᠤᠯᠠᠭᠠᠨ ᠲᠣᠭᠣᠷ ᠮᠡᠲᠦ ᠤᠯᠠᠢᠲᠠᠯ᠎ᠠ ᠢᠴᠢᠩᠭᠦᠷᠡᠨ ᠪᠤᠷᠤᠭᠤ ᠬᠠᠨᠳᠤᠨ ᠠᠮᠠ ᠪᠠᠨ ᠪᠥᠭᠯᠡᠵᠦ ᠢᠨᠢᠶᠡᠬᠦ ᠵᠠᠪᠰᠠᠷ᠎ᠠ᠂ ᠴᠢᠦᠢ ᠴᠦ ᠯᠢᠦᠢ ᠶ᠋ᠢᠨ ᠮᠣᠷᠢᠨ ᠬᠡᠳᠦ ᠬᠡᠳᠦᠨ ᠬᠠᠷᠠᠢᠯᠭᠠ ᠶ᠋ᠢᠨ ᠭᠠᠵᠠᠷ᠎ᠠ ᠵᠤᠭᠵᠠᠨ ᠭᠠᠷᠲᠠᠯ᠎ᠠ᠂ ᠰᠠᠢᠬᠠᠨ ᠭᠦᠦᠷ ᠦ᠋ᠨ ᠰᠢᠳᠠᠷ ᠳᠠᠭᠠᠯᠴᠠᠬᠤ ᠱᠠᠯᠠᠮᠠᠭᠠᠢ ᠬᠥᠩᠭᠡᠨ ᠭᠤᠷᠪᠠᠨ ᠳᠥᠷᠪᠡᠨ ᠨᠢᠰᠭᠡ ᠮᠣᠷᠢᠲᠤ ᠥᠬᠢᠳ ᠭᠦᠢᠴᠡᠨ ᠬᠦᠷᠴᠦ ᠢᠷᠡᠭᠡᠳ᠂ ᠠᠩᠬᠠᠨ ᠤ᠋ ᠠᠯᠳᠠᠭᠰᠠᠨ ᠡᠷᠳᠡᠨᠢ ᠶ᠋ᠢᠨ ᠵᠢᠳᠠ ᠪᠠ ᠥᠨᠥᠬᠡᠨ ᠦ᠌ ᠴᠣᠬᠢᠭᠰᠠᠨ ᠲᠠᠢ ᠬᠣᠶᠠᠷ ᠵᠢᠳᠠ ᠶ᠋ᠢ ᠲᠡᠭᠦᠨ ᠠᠪᠴᠤ :
《ᠵᠢᠶᠦ᠋ᠨ ᠵᠣ᠌᠂ ᠶᠠᠭᠤᠨ ᠳ᠋ᠤ᠌ ᠪᠠᠢᠯᠳᠤᠭᠠᠨ ᠤ᠋ ᠳᠣᠲᠣᠷ᠎ᠠ ᠪᠠᠶᠠᠰᠬᠤᠯᠠᠩ ᠲᠥᠷᠥᠵᠦ ᠮᠦᠰᠢᠶᠡᠬᠦ ᠠᠵᠠᠢ ? 》ᠬᠡᠮᠡᠭᠰᠡᠨ ᠳ᠋ᠦ᠍ᠷ ᠰᠠᠢᠬᠠᠨ ᠭᠦᠦᠷ ᠦ᠋ᠨ ᠴᠢᠷᠠᠢ ᠬᠦᠵᠦᠭᠦᠦ ᠨᠡᠩ ᠢᠯᠡᠭᠦᠦ ᠴᠢᠰᠤ ᠮᠡᠲᠦ ᠣᠯᠪᠠᠯᠵᠠᠨ᠂ ᠠᠮᠠ ᠪᠠᠨ ᠳᠠᠷᠤᠨ ᠬᠥᠮᠥᠰᠬᠡ ᠪᠡᠨ ᠠᠲᠤᠷᠢᠨ ᠲᠡᠰᠪᠦᠷᠢᠯᠡᠬᠦᠶ᠎ᠡ ᠪᠡᠷᠬᠡ ᠪᠡᠷ ᠪᠥᠭᠰᠢᠨ ᠢᠨᠢᠶᠡᠵᠦ᠂ ᠭᠠᠷ ᠢ᠋ᠶ᠋ᠠᠨ ᠰᠠᠵᠢᠨ ᠪᠤᠤ ᠠᠰᠠᠭᠤ ᠭᠡᠮᠡᠨ ᠲᠣᠬᠢᠬᠤ ᠪᠥᠭᠡᠳ ᠬᠠᠰ ᠡᠭᠡᠳᠡᠭ ᠦ᠋ᠨ ᠬᠤᠶᠠᠭ ᠤ᠋ᠨ ᠬᠠᠨᠴᠤᠢ ᠪᠠᠷ ᠤᠷᠤᠭᠤᠯ ᠢ᠋ᠶ᠋ᠠᠨ ᠬᠠᠯᠬᠠᠯᠠᠨ᠂ ᠶᠠᠭᠰᠢᠨ ᠢᠨᠢᠶᠡᠵᠦ ᠠᠮᠢᠰᠬᠤᠯ ᠢ᠋ ᠲᠡᠭᠰᠢᠯᠡᠨ᠂ ᠳᠠᠬᠢᠨ ᠴᠡᠷᠢᠭ ᠦ᠋ᠨ ᠲᠡᠷᠢᠭᠦᠨ ᠮᠣᠷᠢᠨ ᠳ᠋ᠤᠷ ᠭᠦᠢᠴᠡᠵᠦ ᠢᠷᠡᠭᠰᠡᠨ ᠢ᠋ ᠲᠡᠭᠰᠢᠯᠡᠨ ᠬᠥᠭᠡᠭᠡᠵᠦ ᠡᠴᠢᠲᠡᠯ᠎ᠡ᠂ ᠴᠢᠦᠢ ᠴᠦ ᠯᠢᠦᠢ ᠶ᠋ᠢᠨ ᠮᠣᠷᠢᠨ ᠳᠣᠪᠲᠣᠯᠤᠭᠰᠠᠭᠠᠷ ᠬᠠᠭᠠᠰ ᠭᠠᠵᠠᠷ ᠭᠠᠷᠴᠤ᠂ ᠲᠣᠭᠣᠰᠣ ᠪᠤᠲᠠᠷᠠᠭᠤᠯᠤᠨ ᠪᠣᠷᠤᠭᠤᠯᠤᠨ ᠳᠤᠲᠠᠭᠠᠮᠤᠢ᠃ ᠳᠠᠷᠠᠭ᠎ᠠ ᠪᠠᠷ ᠴᠡᠷᠢᠭ ᠦ᠋ᠨ ᠪᠠᠷᠠᠭᠤᠨ ᠡᠲᠡᠭᠡᠳ ᠦ᠋ᠨ ᠶᠡᠬᠡ ᠡᠵᠡᠨ᠂ ᠬᠦᠩ ᠱᠠᠩᠱᠤ ᠰᠣᠯᠣᠩᠭᠤᠸ᠎ᠠ ᠶ᠋ᠢᠨ ᠤᠷᠲᠤ ᠮᠣᠭᠠᠢ ᠶ᠋ᠢᠨ ᠬᠠᠰ ᠴᠠᠭᠠᠨ ᠯᠤᠤ ᠮᠣᠷᠢᠨ ᠮᠥᠨ ᠬᠣᠷᠢᠭᠠᠳ ᠮᠣᠷᠢᠲᠠᠨ ᠢ᠋ ᠠᠪᠤᠨ ᠬᠦᠷᠴᠦ ᠢᠷᠡᠭᠡᠳ ᠂ ᠬᠠᠲᠠᠭᠤ ᠳᠠᠭᠤᠨ ᠢ᠋ᠶ᠋ᠠᠷ ᠵᠢᠮᠡᠯᠡᠨ ᠥᠭᠦᠯᠡᠷᠦᠨ :
《ᠡᠨᠡ ᠠᠯᠢᠶ᠎ᠠ ᠠᠪᠠᠬᠠᠢ ᠶᠠᠭᠤᠲᠠᠢ ᠲᠡᠨᠡᠭ᠂ ᠶᠠᠭᠤᠨᠲᠤ ᠳᠡᠮᠡᠢᠯᠡ ᠲᠡᠨᠡᠭᠷᠡᠨ ᠪᠠᠶᠠᠷᠯᠠᠮᠤᠢ? ᠡᠨᠡ ᠴᠢᠦᠢ ᠴᠦ ᠯᠢᠦᠢ ᠬᠡᠮᠡᠭᠴᠢ ᠮᠢᠨᠦ ᠬᠠᠳᠠᠮ ᠤ᠋ᠨ ᠬᠠᠭᠠᠨ ᠡᠴᠢᠭᠡ ᠶ᠋ᠢ ᠬᠥᠨᠥᠭᠡᠭᠰᠡᠨ ᠂ ᠪᠢᠳᠡᠨ ᠯᠦ᠍ᠭᠡ ᠲᠡᠭᠷᠢ ᠶ᠋ᠢᠨ ᠨᠠᠷᠠᠨ ᠢ᠋ ᠬᠠᠮᠲᠤ ᠦᠯᠦ ᠦᠵᠡᠬᠦ᠂ ᠡᠵᠡᠨ ᠡᠴᠢᠭᠡ ᠶ᠋ᠢᠨ ᠬᠦᠨᠳᠦ ᠥᠰᠢᠶᠡᠲᠦ ᠲᠤᠰ ᠡᠰᠡᠷᠭᠦᠴᠡᠯ ᠪᠥᠭᠡᠲᠡᠯ᠎ᠡ᠂ ᠨᠢᠳᠦᠨ ᠡᠮᠦᠨ᠎ᠡ ᠠᠮᠢᠳᠤ ᠪᠠᠷ ᠭᠠᠷᠭᠠᠪᠠᠰᠤ ᠪᠣᠯᠤᠮᠤᠢ ᠤᠤ ? ᠳᠦᠷᠭᠡᠨ᠎ᠡ ! 》 ᠭᠡᠮᠡᠨ᠂ ᠵᠠᠭᠤᠨ ᠮᠣᠷᠢᠲᠠᠨ ᠬᠦᠷᠦᠯᠴᠡᠬᠦ ᠦᠭᠡᠢ ᠪᠡᠷ ᠭᠤᠷᠪᠠᠨ ᠪᠠᠭ ᠵᠣᠬᠢᠶᠠᠨ᠂ ᠮᠣᠳᠣ ᠲᠣᠭᠰᠢᠨ ᠱᠠᠭᠠᠷᠳᠠᠵᠤ ᠲᠠᠰᠢᠭᠤᠷᠳᠠᠨ᠂ ᠳᠠᠪᠬᠢᠨ ᠳᠣᠪᠲᠣᠯᠤᠨ ᠨᠡᠬᠡᠵᠦ ᠣᠷᠣᠪᠠ᠃ ᠡᠨᠡ ᠦᠶ᠎ᠡ ᠳ᠋ᠦ᠍ᠷ ᠴᠢᠦᠢ ᠴᠦ ᠯᠢᠦᠢ ᠶ᠋ᠢ ᠳᠠᠭᠠᠵᠤ ᠮᠣᠷᠢ ᠳ᠋ᠠᠭᠠᠨ ᠢᠲᠡᠭᠡᠭᠰᠡᠨ ᠠᠷᠠᠳ ᠬᠥᠭᠡᠷᠦᠬᠦᠢ ᠨᠢᠭᠡᠬᠡᠨ ᠬᠥᠮᠦᠨ ᠴᠦ᠍ ᠦᠯᠡᠭᠰᠡᠨ ᠦᠭᠡᠢ᠂ ᠬᠤᠷᠳᠤᠨ ᠮᠣᠷᠢᠲᠤ ᠴᠡᠷᠢᠭ ᠪᠠ ᠡᠬᠡᠨᠡᠷ ᠥᠬᠢᠳ ᠪᠦᠷᠢᠨ᠎ᠡ ᠠᠯᠠᠭᠳᠠᠵᠤ᠂ ᠴᠢᠦᠢ ᠴᠦ ᠯᠢᠦᠢ ᠡᠭᠡᠨᠡᠭᠲᠡ ᠰᠠᠢᠨ ᠮᠣᠷᠢᠨ ᠳ᠋ᠤᠷ ᠢᠲᠡᠭᠡᠵᠦ᠂ ᠬᠦᠨᠳᠦ ᠰᠢᠷᠬᠠᠲᠤ ᠪᠡᠶ᠎ᠡ ᠭᠠᠪ ᠭᠠᠭᠴᠠᠭᠠᠷ ᠵᠤᠭᠵᠠᠨ ᠭᠠᠷᠴᠤ ᠨᠢᠳᠦᠨ ᠦ᠌ ᠦᠵᠦᠭᠦᠷ ᠪᠦᠬᠦᠢ ᠬᠤᠰᠤ ᠬᠤᠨᠳᠠᠷ ᠰᠠᠬᠤᠯᠠᠭ ᠵᠤᠵᠠᠭᠠᠨ ᠤᠷᠭᠤᠭᠰᠠᠨ ᠬᠠᠷᠠᠩᠭᠤᠢ ᠪᠠᠯᠠᠷ ᠵᠡᠪᠡ ᠶ᠋ᠢᠨ ᠠᠮᠠᠨ᠎ᠠ ᠰᠢᠷᠭᠤᠯᠠᠨ ᠣᠷᠣᠵᠤ ᠡᠴᠢᠭᠰᠡᠨ ᠳ᠋ᠦ᠍ᠷ ᠰᠣᠯᠣᠩᠭᠣᠸᠠ ᠬᠠᠰ ᠰᠢᠳᠦ ᠪᠡᠨ ᠬᠠᠭ᠎ᠠ ᠬᠠᠵᠠᠵᠤ᠂ ᠰᠠᠢᠬᠠᠨ ᠭᠦᠦᠷ ᠯᠦ᠍ᠭᠡ ᠬᠣᠶᠠᠷ ᠠᠭᠤᠯᠠᠨ ᠤ᠋ ᠬᠠᠮᠠᠷ ᠢ᠋ ᠥᠭᠡᠳᠡᠯᠡᠨ ᠭᠠᠷᠲᠠᠯ᠎ᠠ᠂ ᠶᠡᠬᠡ ᠴᠡᠷᠢᠭ ᠮᠥᠨ ᠭᠦᠢᠴᠡᠨ ᠬᠦᠷᠴᠦ ᠢᠷᠡᠭᠡᠳ᠂ ᠠᠯᠲᠠᠨᠱᠠᠭ᠎ᠠ ᠠᠪᠤ ᠬᠠᠭᠠᠨ ᠮᠢᠨᠦ ᠭᠡᠮᠡᠨ ᠳᠠᠭᠤ ᠲᠠᠯᠪᠢᠨ ᠤᠬᠢᠯᠠᠵᠤ ᠤᠯᠠᠪᠤᠷᠲᠤ ᠵᠡᠪᠡ ᠶ᠋ᠢ ᠲᠡᠮᠦᠷ ᠰᠠᠭᠤᠯᠠᠭ᠎ᠠ ᠶ᠋ᠢᠨ ᠴᠠᠭᠠᠷᠢᠭ ᠮᠡᠲᠦ ᠳᠣᠯᠣᠭᠠᠨ ᠳᠠᠪᠬᠤᠷ ᠬᠠᠭᠠᠵᠤ ᠠᠪᠤᠪᠠ᠃ ᠡᠨᠡ ᠤᠳᠠᠬ᠎ᠠ ᠳ᠋ᠤᠷ ᠴᠢᠦᠢ ᠴᠦ ᠯᠢᠦᠢ ᠶ᠋ᠢᠨ ᠠᠮᠢᠨ ᠵᠠᠶᠠᠭ᠎ᠠ ᠬᠠᠮᠢᠭᠠᠰᠢ ᠪᠣᠯᠬᠤ ᠶ᠋ᠢ ᠲᠠᠯᠪᠢᠯ ᠦᠭᠡᠢ ᠳᠣᠣᠷᠠᠲᠤ ᠳᠡᠪᠲᠡᠷ ᠲᠣᠷ ᠦᠵᠡᠭᠳᠡᠬᠦᠢ᠃
