ᠨᠢᠳᠦ- ᠳ· ᠨᠠᠴᠤᠭᠳᠣᠷᠵᠢНүд-Д.Нацагдорж
ᠳ· ᠨᠠᠴᠤᠭᠳᠣᠷᠵᠢ
ᠡᠬᠡ ᠡᠴᠡ ᠠᠩᠬ᠎ᠠ ᠲᠥᠷᠥᠭᠡᠳ
ᠡᠷᠬᠡ ᠳᠤᠷ᠎ᠠ ᠪᠠᠷ ᠢ᠋ᠶ᠋ᠠᠨ ᠬᠥᠮᠦᠵᠢᠪᠡ᠃
ᠠᠪᠤ ᠡᠵᠢ ᠶ᠋ᠢ ᠪᠡᠨ ᠦᠵᠡᠵᠦ ᠪᠠᠶᠠᠷᠯᠠᠪᠠ᠃
ᠠᠬ᠎ᠠ ᠳᠡᠭᠦᠦ ᠪᠡᠨ ᠬᠠᠷᠠᠵᠤ ᠪᠠᠬᠠᠳᠤᠪᠠ᠃
ᠳᠥᠷᠪᠡᠨ ᠵᠦᠭ ᠨᠠᠢ᠍ᠮᠠᠨ ᠵᠣᠪᠬᠢᠰ
ᠬᠢᠵᠠᠭᠠᠷ ᠦᠭᠡᠢ ᠠᠭᠤᠳᠠᠮ ᠲᠤᠩᠭᠠᠯᠠᠭ᠂
ᠲᠡᠭᠦᠨ ᠦ᠌ ᠳᠣᠲᠣᠷᠠᠬᠢ ᠠᠭᠤᠯᠠ ᠤᠰᠤ
ᠦᠨᠡᠬᠡᠷ ᠭᠠᠢᠬᠠᠮᠰᠢᠭᠲᠠᠢ ᠰᠠᠢᠬᠠᠨ᠃
ᠨᠠᠢᠭᠤᠨ ᠨᠠᠢᠭᠤᠨ ᠭᠠᠩᠬᠤᠬᠤ ᠴᠡᠴᠡᠭ
ᠨᠢᠳᠦᠨ ᠳ᠋ᠦ᠍ ᠲᠤᠰᠬᠤ ᠳ᠋ᠤ᠌ ᠦᠵᠡᠰᠬᠦᠯᠡᠩ ᠲᠡᠢ
ᠨᠠᠭᠠᠳᠤᠮ ᠴᠡᠩᠭᠡᠯ ᠦ᠋ᠨ ᠰᠠᠢᠬᠠᠨ ᠴᠢᠮᠡᠭ
ᠨᠢᠭᠤᠷ ᠤ᠋ᠨ ᠡᠮᠦᠨ᠎ᠡ ᠭᠣᠶᠣᠮᠰᠣᠭ᠃
ᠡᠨᠡ ᠳᠡᠯᠡᠬᠡᠢ ᠶ᠋ᠢᠨ ᠦᠵᠡᠰᠬᠦᠯᠡᠩ
ᠡᠢᠮᠦ ᠯᠡ ᠰᠠᠢᠬᠠᠨ᠂ ᠲᠡᠢᠮᠦ ᠯᠡ ᠰᠣᠨᠢᠨ
ᠡᠭᠦᠨ ᠢ᠋ ᠦᠵᠡᠵᠦ᠂ ᠲᠡᠭᠦᠨ ᠢ᠋ ᠬᠠᠷᠠᠪᠠᠴᠤ
ᠡᠨᠡ ᠨᠠᠰᠤ ᠬᠠᠨᠤᠰᠢ ᠦᠭᠡᠢ᠂ ᠭᠡᠲᠡᠯ᠎ᠡ
ᠶᠠᠭᠤᠨ ᠤ᠋ ᠬᠠᠷᠠᠭ᠎ᠠ ᠶ᠋ᠢ ᠪᠤᠤ ᠮᠡᠳᠡ
ᠬᠡᠨ ᠦ᠌ ᠭᠠᠷ ᠢ᠋ ᠬᠡᠨ ᠮᠡᠳᠡ
ᠬᠠᠷᠠᠭ᠎ᠠ ᠨᠢᠳᠦ ᠨᠢ ᠮᠠᠭᠤᠳᠠᠭᠰᠠᠭᠠᠷ
ᠬᠠᠷᠠᠯᠭᠠᠨ ᠪᠠᠷᠤᠢ ᠪᠣᠯᠪᠠ᠃
ᠲᠣᠳᠣ ᠶᠠᠭᠤᠮ᠎ᠠ ᠪᠥᠷᠲᠥᠭᠡᠨᠡᠵᠦ
ᠲᠣᠳᠣᠷᠬᠠᠢ ᠰᠡᠳᠬᠢᠯ ᠪᠦᠷᠬᠦᠭᠳᠡᠬᠦ ᠳ᠋ᠦ᠍
ᠤᠬᠠᠭᠠᠨ ᠰᠠᠨᠠᠭ᠎ᠠ ᠪᠠᠴᠢᠮᠳᠠᠵᠤ
ᠣᠳᠣ ᠶᠠᠭᠠᠬᠢᠬᠤ ᠪᠠᠨ ᠭᠠᠢᠬᠠᠪᠠ᠃
ᠠᠴᠢ ᠲᠠᠢ ᠭᠡᠰᠡᠨ ᠳ᠋ᠡᠭᠡᠨ ᠣᠴᠢᠪᠠ᠃
ᠠᠪᠤᠷᠠᠯ ᠳᠠᠭᠠᠳᠬᠠᠯ ᠢ᠋ ᠦᠢᠯᠡᠳᠦᠭᠦᠯᠪᠡ᠃
ᠡᠮ ᠳᠠᠩ ᠢ᠋ ᠤᠤᠭᠤᠪᠠ᠃
ᠡᠨᠡ ᠲᠡᠷᠡ ᠳ᠋ᠦ᠍ ᠵᠠᠯᠪᠠᠷᠢᠪᠠ᠃
ᠬᠠᠷᠠᠯᠭᠠᠨ ᠠ᠋ᠴᠠ ᠪᠠᠨ ᠬᠠᠷᠠᠩᠭᠤᠢᠯᠠᠪᠠ᠃
ᠬᠠᠷᠠᠬᠤ ᠦᠵᠡᠬᠦ ᠴᠤ ᠦᠭᠡᠢ ᠪᠣᠯᠪᠠ᠃
ᠤᠯᠢᠭᠯᠠᠭᠰᠠᠨ ᠰᠡᠳᠬᠢᠯ ᠨᠢ ᠴᠥᠬᠥᠪᠡ᠃
ᠣᠷᠴᠢᠯᠠᠩ ᠳᠡᠯᠡᠬᠡᠢ ᠶ᠋ᠢ ᠮᠠᠷᠲᠠᠪᠠ᠃
ᠡᠭᠦᠳᠡ ᠬᠠᠭᠠᠯᠭ᠎ᠠ ᠣᠯᠬᠤ ᠪᠠᠨ ᠪᠣᠯᠢᠪᠠ᠃
ᠦᠷ᠎ᠡ ᠬᠡᠦᠬᠡᠳ ᠢ᠋ᠶ᠋ᠡᠨ ᠦᠵᠡᠬᠦ ᠪᠡᠨ ᠪᠠᠢᠪᠠ᠃
ᠰᠠᠢᠨ ᠬᠥᠮᠦᠨ ᠢ᠋ᠶ᠋ᠡᠷ ᠠᠯᠬᠤᠮ ᠬᠥᠲᠥᠯᠦᠭᠦᠯᠪᠡ᠃
ᠰᠠᠭᠠᠷ ᠬᠥᠮᠦᠨ ᠳ᠋ᠦ᠍ ᠨᠠᠭᠠᠳᠤᠮ ᠪᠣᠯᠪᠠ᠃
ᠨᠠᠷᠠ ᠮᠠᠨᠳᠤᠪᠠᠴᠤ ᠭᠡᠷᠡᠯ ᠦᠭᠡᠢ
ᠨᠠᠰᠤᠨ ᠠᠮᠢᠳᠤᠷᠠᠪᠠᠴᠤ ᠶᠢᠷᠲᠢᠨᠴᠦ ᠦᠭᠡᠢ
ᠠᠷᠪᠠᠨ ᠵᠢᠯ ᠦ᠋ᠨ ᠬᠠᠷᠠᠩᠭᠤᠢ
ᠠᠭᠤᠰᠬᠢ ᠵᠢᠷᠦᠬᠡ ᠶ᠋ᠢ ᠪᠠᠴᠢᠮᠳᠠᠭᠤᠯᠪᠠ᠃
ᠰᠠᠨᠠᠮᠰᠠᠷ ᠦᠭᠡᠢ ᠪᠠᠢᠲᠠᠯ᠎ᠠ
ᠰᠠᠢᠨ ᠬᠥᠮᠦᠨ ᠲᠣᠬᠢᠶᠠᠯᠳᠤᠪᠠ᠃
ᠰᠠᠨᠠᠭᠠᠨ ᠳ᠋ᠤ᠌ ᠦᠭᠡᠢ ᠭᠠᠢᠬᠠᠮᠰᠢᠭᠲᠤ
ᠨᠢᠳᠦᠨ ᠦ᠌ ᠡᠮᠴᠢ ᠳ᠋ᠦ᠍ ᠤᠴᠠᠷᠠᠭᠤᠯᠪᠠ᠃
ᠬᠠᠷᠠᠩᠭᠤᠢ ᠨᠢᠳᠦᠨ ᠳ᠋ᠦ᠍ ᠭᠡᠭᠡ ᠣᠷᠣᠵᠤ
ᠭᠡᠷᠡᠯᠲᠦ ᠡᠳᠦᠷ ᠲᠣᠳᠣ ᠭᠢᠯᠪᠠᠪᠠ᠃
ᠬᠠᠭᠤᠴᠢᠨ ᠳᠡᠯᠡᠬᠡᠢ ᠶ᠋ᠢ ᠳᠠᠬᠢᠨ ᠦᠵᠡᠵᠦ
ᠠᠮᠢᠳᠤᠷᠠᠯ ᠤ᠋ᠨ ᠵᠠᠮ ᠢ᠋ ᠲᠣᠳᠣ ᠬᠠᠷᠠᠪᠠ᠃
1935 ᠣᠨ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ᠄ ᠣᠳᠬᠠᠨᠰᠣ᠎ᠠ
