ᠬᠠᠯᠳᠠᠪᠤᠷᠢᠲᠤ ᠡᠪᠡᠳᠴᠢᠨ- ᠳ· ᠨᠠᠴᠤᠭᠳᠣᠷᠵᠢХалдварт өвчин-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠳᠠᠪᠤᠷᠢᠲᠤ ᠡᠪᠡᠳᠴᠢᠨ- ᠳ· ᠨᠠᠴᠤᠭᠳᠣᠷᠵᠢХалдварт өвчин-Д.Нацагдорж

ᠬᠠᠯᠳᠠᠪᠤᠷᠢᠲᠤ ᠡᠪᠡᠳᠴᠢᠨ- ᠳ· ᠨᠠᠴᠤᠭᠳᠣᠷᠵᠢХалдварт өвчин-Д.Нацагдорж

2024-06-05

261

       ᠳ· ᠨᠠᠴᠤᠭᠳᠣᠷᠵᠢ 

ᠠᠳᠠ ᠴᠢᠳᠬᠥᠷ᠂ ᠯᠤᠤᠰ ᠰᠠᠪᠳᠠᠭ 
ᠠᠯᠲᠠ ᠮᠥᠩᠭᠥ᠂ ᠠᠪᠤᠷᠠᠯ ᠭᠦᠷᠢᠮ  
ᠡᠷᠭᠦᠴᠡ ᠲᠠᠯᠪᠢᠴᠠ᠂ ᠰᠦᠵᠢᠭ ᠪᠢᠰᠢᠷᠡᠯ 
ᠠᠷᠭᠠᠯᠠᠭᠠᠳ ᠠᠷᠭᠠᠯᠠᠭᠠᠳ ᠪᠠᠷᠠᠬᠤ ᠦᠭᠡᠢ᠃

ᠬᠡᠩᠭᠡᠷᠭᠡ ᠴᠠᠩ᠂ ᠬᠤᠩᠬ᠎ᠠ ᠳᠠᠮᠠᠷᠤ 
ᠬᠡᠴᠢᠨᠡᠨ ᠴᠣᠬᠢᠪᠠᠴᠤ ᠨᠡᠮᠡᠷᠢ ᠦᠭᠡᠢ᠃
ᠬᠢᠯᠢᠨᠴᠡ ᠭᠠᠮᠰᠢᠭ᠂ ᠭᠠᠢ ᠲᠦᠢᠳᠬᠡᠷ 
ᠬᠡᠴᠢᠨᠡᠨ ᠵᠠᠯᠪᠠᠷᠢᠪᠠᠴᠤ ᠲᠤᠰᠠ ᠦᠭᠡᠢ᠃

ᠬᠠᠯᠳᠠᠪᠤᠷᠢᠲᠤ ᠡᠪᠡᠳᠴᠢᠨ ᠦ᠌ ᠠᠮᠢ ᠲᠠᠢ ᠨᠢᠶᠠᠨ
ᠬᠠᠮᠤᠭ ᠤ᠋ᠨ ᠥᠴᠦᠬᠡᠨ ᠵᠢᠵᠢᠭ ᠠᠮᠢᠲᠠᠨ᠃
ᠬᠠᠷᠠᠬᠤ ᠡᠷᠬᠡᠲᠡᠨ ᠳ᠋ᠦ᠍ ᠦᠯᠦ ᠦᠵᠡᠭᠳᠡᠬᠦ ᠪᠠᠢᠲᠠᠯ᠎ᠠ ᠪᠠᠨ
ᠬᠠᠰᠢ ᠨᠢᠭᠡ ᠳᠠᠭᠤ ᠴᠢᠮᠡᠭᠡᠨ ᠡᠴᠡ ᠶᠠᠭᠠᠬᠢᠵᠤ ᠠᠷᠢᠯᠤᠨ᠎ᠠ᠃

ᠷᠠᠰᠢᠶᠠᠨ ᠨᠠᠩᠴᠢᠳ ᠢ᠋ ᠠᠳᠢᠰᠯᠠᠭᠰᠠᠨ ᠰᠢᠯᠦᠰᠦᠨ ᠳ᠋ᠦ᠍ ᠨᠢᠶᠠᠨ ᠣᠷᠣᠰᠢᠨ᠎ᠠ᠃
ᠠᠮᠠ ᠠᠮᠠ ᠠ᠋ᠴᠠ ᠲᠠᠮᠠᠬᠢ ᠲᠠᠮᠠᠬᠢᠯᠠᠪᠠᠯ ᠠᠳᠠᠯᠢᠬᠠᠨ ᠪᠥᠭᠡᠳ
ᠠᠷᠭ᠎ᠠ ᠰᠢᠯᠲᠠᠭᠠᠨ ᠢ᠋ ᠮᠡᠳᠡᠭᠰᠡᠨ ᠰᠢᠨᠵᠢᠯᠡᠬᠦ ᠤᠬᠠᠭᠠᠨ ᠤ᠋ ᠡᠮᠨᠡᠯᠭᠡ
ᠠᠮᠠᠷᠬᠠᠨ ᠪᠥᠭᠡᠳ ᠬᠢᠯᠪᠠᠷᠬᠠᠨ ᠰᠥᠨᠥᠭᠡᠵᠦ ᠴᠢᠳᠠᠨ᠎ᠠ᠃

                  1935 ᠣᠨ

   ᠦᠰᠦᠭ ᠠᠮᠢᠯᠠᠭᠤᠯᠤᠭᠴᠢ᠄ ᠭᠠᠷᠮ ‍ᠠ᠋
   ᠬᠢᠨᠠᠭᠴᠢ᠄ ᠣᠳᠬᠠᠨᠰᠣ᠎ᠠ