ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦМогжоохон даагатай Жогжоохон хүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦМогжоохон даагатай Жогжоохон хүү

ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦМогжоохон даагатай Жогжоохон хүү

ᠠᠩᠭᠢᠯᠠᠯ:ᠳᠣᠮᠣᠭ ᠦᠯᠢᠭᠡᠷ
2024-05-30

730

ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ

    ᠡᠷᠲᠡ ᠳᠡᠭᠡᠷ᠎ᠡ ᠴᠠᠭ ᠲᠤ᠌ ᠨᠢᠭᠡ ᠶᠠᠪᠤᠳᠠᠯ ᠪᠣᠯᠤᠭᠰᠠᠨ ᠶᠤᠮ ᠭᠡᠳᠡᠭ᠂ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠭᠡᠵᠦ ᠨᠤᠲᠤᠭ ᠤᠰᠤᠨ ᠳ᠋ᠤ᠌ ᠨᠡᠷᠡᠲᠡᠢ ᠬᠡᠯᠡᠮᠡᠭᠡᠢ ᠬᠤᠷᠴᠠ ᠦᠭᠡ ᠲᠡᠢ ᠬᠦᠦ ᠪᠠᠢᠵᠠᠢ᠃
ᠨᠢᠭᠡ ᠡᠳᠦᠷ ᠵᠤᠭᠵᠤᠭᠤᠬᠠᠨ ᠬᠦᠦ ᠮᠤᠭᠵᠤᠭᠤᠬᠠᠨ ᠳᠠᠭ᠎ᠠ ᠪᠠᠨ ᠤᠨᠤᠭᠠᠳ᠂ ᠲᠠᠷᠳᠠᠩᠬᠠᠨ ᠵᠠᠮ ᠢ᠋ᠶ᠋ᠠᠷ ᠰᠢᠪᠲᠤᠷᠠᠩᠬᠠᠨ ᠳᠠᠪᠬᠢᠵᠤ ᠶᠠᠪᠤᠬᠤ ᠳ᠋ᠤ᠌ ᠰᠢᠯᠤᠭᠤᠬᠠᠨ ᠨᠦᠬᠡ ᠤᠷᠤᠭᠤ ᠱᠤᠯᠲᠤᠩᠬᠠᠨ ᠵᠤᠷᠠᠮ᠎ᠠ ᠭᠤᠯᠳᠤᠩᠬᠠᠨ ᠭᠡᠳ ᠣᠷᠣᠴᠢᠬᠠᠵᠠᠢ ᠭᠡᠨ᠎ᠡ᠃ ᠲᠡᠭᠡᠭᠡᠳ ᠵᠤᠷᠠᠮ᠎ᠠ ᠶ᠋ᠢᠨ ᠨᠦᠬᠡ ᠶ᠋ᠢ ᠣᠬᠣᠩᠬᠠᠨ ᠣᠳᠤᠩᠬᠠᠨ ᠰᠠᠭᠤᠵᠤ ᠯᠠ ᠪᠠᠢᠲᠠᠯ᠎ᠠ᠂ ᠬᠠᠷ᠎ᠠ ᠠᠵᠢᠷᠭ᠎ᠠ ᠤᠨᠤᠭᠰᠠᠨ ᠬᠠᠷ᠎ᠠ ᠳᠠᠬᠤ ᠲᠠᠢ ᠲᠦᠰᠢᠮᠡᠯ ᠢᠷᠡᠭᠡᠳ᠄《ᠵᠠ ᠂ᠴᠢ ᠴᠦ᠍ ᠶᠠᠭᠤ ᠬᠢᠵᠦ ᠪᠠᠢᠭ᠎ᠠ ᠬᠦᠦ ᠪᠣᠢ ?》ᠭᠡᠵᠦ ᠠᠰᠠᠭᠤᠵᠠᠢ᠃ ᠲᠡᠭᠡᠬᠦ ᠳ᠋ᠦ᠍ ᠨᠢ ᠬᠦᠦ᠄《ᠰᠢᠯᠤᠭᠤᠬᠠᠨ ᠨᠦᠬᠡ ᠤᠷᠤᠭᠤ ᠱᠤᠯᠲᠤᠩᠬᠠᠨ ᠵᠤᠷᠠᠮ᠎ᠠ ᠭᠤᠯᠳᠤᠩᠬᠠᠨ ᠭᠡᠳ ᠣᠷᠣᠴᠢᠬᠠᠬᠤ ᠪᠠᠷ ᠨᠢ ᠤᠬᠤᠩᠬᠠᠨ ᠤᠳᠤᠩᠬᠠᠨ ᠰᠠᠭᠤᠵᠤ ᠪᠠᠢᠨ᠎ᠠ》ᠭᠡᠵᠦ ᠬᠠᠷᠢᠭᠤᠯᠤᠭᠰᠠᠨ ᠳ᠋ᠤ᠌ ᠲᠦᠰᠢᠮᠡᠯ᠄《ᠬᠥᠶᠢ ᠶᠣᠷᠣ ᠤᠤ ? ᠶᠠᠭᠠᠬᠢᠭᠰᠠᠨ ᠪᠡᠯᠡᠨ ᠴᠡᠴᠡᠨ ᠦᠭᠡ ᠲᠡᠢ ᠭᠠᠢᠬᠠᠯ ᠪᠣᠢ ᠴᠢ? ᠵᠠᠮ ᠵᠠᠢᠯᠠ》ᠭᠡᠵᠦ ᠰᠢᠷᠦᠭᠦᠬᠡᠨ ᠳᠤᠤᠭᠠᠷᠤᠯ᠎ᠠ ᠭᠡᠨ᠎ᠡ᠃ ᠵᠤᠭᠵᠤᠭᠤᠬᠠᠨ ᠬᠦᠦ ᠰᠠᠭᠤᠭᠰᠠᠨ ᠭᠠᠵᠠᠷ ᠢ᠋ᠶ᠋ᠠᠨ ᠬᠡᠳᠦ ᠴᠣᠬᠢᠭᠠᠳ᠄《ᠵᠠᠮ ᠠ᠋ ᠂ᠴᠢᠮ᠎ᠠ ᠶ᠋ᠢ ᠵᠠᠢᠯᠠ ᠭᠡᠵᠦ ᠪᠠᠢᠨ᠎ᠠ》ᠭᠡᠵᠦ ᠬᠡᠨᠡᠭ ᠬᠡᠯᠡᠭᠡᠳ ᠵᠤᠷᠠᠮ᠎ᠠ ᠶ᠋ᠢᠨ ᠨᠦᠬᠡ ᠤᠷᠤᠭᠤ ᠤᠰᠤ ᠴᠢᠳᠬᠤᠭᠠᠳ ᠰᠠᠭᠤᠵᠠᠢ ᠭᠡᠨ᠎ᠡ᠃ ᠲᠦᠰᠢᠮᠡᠯᠴᠢ ᠦᠭᠡ ᠰᠥᠷᠦᠭᠰᠡᠨ ᠬᠦᠦ ᠳ᠋ᠦ᠍ ᠠᠢᠬᠤᠪᠲᠤᠷ ᠠᠭᠤᠷᠯᠠᠵᠤ᠄《ᠴᠢᠮ᠎ᠠ ᠶ᠋ᠢ ᠪᠢ ᠵᠠᠮ ᠲᠠᠯᠪᠢᠵᠤ ᠥᠭ ᠭᠡᠵᠦ ᠪᠠᠢᠨ᠎ᠠ᠂ᠦᠭᠡᠢ ᠶᠠᠭᠤᠨ᠂ ᠠᠮᠠᠨ ᠤ᠋ ᠰᠦ ᠨᠢ ᠠᠷᠢᠯᠤᠭ᠎ᠠ ᠦᠭᠡᠢ ᠪᠠᠢᠵᠤ ᠠᠢᠬᠤᠪᠲᠤᠷ ᠲᠣᠮᠣ ᠦᠭᠡ ᠲᠡᠢ ᠵᠣᠯᠢᠭ ᠪᠣᠢ?》ᠭᠡᠵᠦ ᠴᠢᠩᠭ᠎ᠠ ᠳᠠᠭᠤ ᠪᠠᠷ ᠵᠠᠩᠳᠤᠷᠤᠯ᠎ᠠ ᠭᠡᠨ᠎ᠡ᠃《ᠲᠦᠰᠢᠮᠡᠯ ᠭᠤᠸᠠᠢ᠂ ᠲᠠᠤᠯᠠᠢ ᠶ᠋ᠢᠨ ᠪᠥᠵᠥᠩ ᠲᠥᠷᠥᠭᠰᠡᠨ ᠭᠠᠵᠠᠷ ᠢ᠋ᠶ᠋ᠠᠨ ᠭᠤᠷᠪᠠ ᠬᠣᠨᠣᠬᠤ ᠶᠤᠮ ᠪᠣᠯ ᠲᠥᠭᠡᠷᠢᠳᠡᠭ ᠦᠭᠡᠢ ᠭᠡᠳᠡᠭ᠂ ᠥᠨᠳᠡᠭᠡᠨ ᠡᠴᠡ ᠪᠡᠨ ᠭᠠᠷᠤᠭᠰᠠᠨ ᠠᠩᠭᠠᠬᠠᠢ ᠬᠦᠷᠲᠡᠯ᠎ᠡ ᠭᠤᠷᠪᠠ ᠬᠣᠨᠣᠭᠠᠳ ᠥᠳᠥ ᠰᠥᠳᠥ ᠪᠡᠨ ᠳᠡᠯᠭᠡᠳᠡᠭ ᠪᠤᠰᠤ ᠤᠤ? ᠲᠡᠭᠡᠬᠦ ᠳ᠋ᠦ᠍ ᠬᠥᠮᠦᠨ ᠦ᠌ ᠬᠦᠦ ᠨᠠᠳᠠ ᠳ᠋ᠤ᠌ ᠡᠨᠡ ᠵᠡᠷᠭᠡ ᠶ᠋ᠢᠨ ᠦᠭᠡ ᠪᠠᠢᠯᠭᠦᠢ ᠳᠡ》ᠭᠡᠵᠦ ᠵᠤᠭᠵᠤᠭᠤᠬᠠᠨ ᠬᠦᠦ ᠬᠡᠯᠡᠵᠦ ᠣᠷᠬᠢᠯ᠎ᠠ ᠭᠡᠨ᠎ᠡ᠃ ᠲᠦᠰᠢᠮᠡᠯᠴᠢ ᠬᠡᠯᠡᠬᠦ ᠦᠭᠡ ᠦᠭᠡᠢ ᠪᠣᠯᠤᠭᠰᠠᠨ ᠳ᠋ᠤ᠌ ᠪᠠᠨ ᠪᠠᠬᠠᠨ ᠪᠠᠯᠠᠭᠳᠠᠵᠤ᠄《ᠡᠨᠡ ᠦᠭᠡᠢ ᠶᠣᠷᠣ ᠠ᠋᠂ ᠶᠠᠭᠠᠬᠢᠭᠰᠠᠨ ᠶᠡᠬᠡ ᠦᠭᠡ ᠲᠡᠢ ᠮᠣᠨᠳᠢ ᠪᠣᠢ ᠬᠥᠶᠢ᠂ ᠵᠠ ᠵᠠ ᠲᠡᠷᠡ ᠴᠦ᠍ ᠶᠠᠭᠠᠬᠢᠬᠤᠪ᠂ ᠤᠰᠤ ᠶᠠᠮᠠᠷ ᠪᠠᠢᠨ᠎ᠠ?》᠃ ᠵᠤᠭᠵᠤᠭᠤᠬᠠᠨ ᠬᠦᠦ ᠬᠤᠪᠢᠩ ᠲᠠᠢ ᠤᠰᠤᠨ ᠤᠷᠤᠭᠤ ᠥᠩᠭᠡᠢᠵᠦ ᠬᠠᠷᠠᠭᠰᠠᠨ ᠢ᠋ᠶ᠋ᠠᠨ ᠄《ᠤᠰᠤ ᠤᠤ? ᠤᠰᠤ ᠬᠠᠷ᠎ᠠ ᠯᠠ ᠪᠠᠢᠨ᠎ᠠ᠂ ᠬᠠᠮᠢᠭ᠎ᠠ ᠭᠠᠵᠠᠷ ᠤ᠋ᠨ ᠤᠰᠤᠨ ᠬᠠᠷ᠎ᠠ ᠪᠠᠢᠳᠠᠭ ᠪᠠᠢᠨ᠎ᠠ ᠳᠠ》ᠭᠡᠬᠦ ᠳ᠋ᠦ᠍ ᠲᠦᠰᠢᠮᠡᠯ ᠪᠦᠷ ᠴᠦ᠍ ᠠᠭᠤᠷᠰᠠᠨ᠄《 ᠠ᠂ ᠪᠢ ᠴᠢᠮ᠎ᠠ ᠠ᠋ᠴᠠ ᠬᠠᠷ᠎ᠠ ᠴᠠᠭᠠᠨ ᠢ᠋ ᠨᠢ ᠠᠰᠠᠭᠤᠭ᠎ᠠ ᠤᠤ? ᠤᠰᠤᠨ ᠤ᠋ ᠶᠡᠬᠡ ᠪᠠᠭ᠎ᠠ ᠶ᠋ᠢ ᠨᠢ ᠠᠰᠠᠭᠤᠵᠤ ᠪᠠᠢᠨ᠎ᠠ》ᠭᠡᠵᠦ ᠵᠠᠩᠳᠤᠷᠤᠯ᠎ᠠ᠃《ᠠ ᠥᠷᠥᠰᠢᠶᠡᠭᠡᠷᠡᠢ ᠲᠦᠰᠢᠮᠡᠯ ᠭᠤᠸᠠᠢ ᠮᠢᠨᠢ᠂ ᠭᠣᠣᠯ ᠤ᠋ᠨ ᠤᠰᠤ ᠤᠤ? ᠦᠭᠡᠢ ᠮᠢᠨᠦ ᠬᠠᠷᠠᠭᠰᠠᠨ ᠢ᠋ᠶ᠋ᠠᠷ ᠪᠣᠯ ᠲᠦᠷᠦᠭᠦᠦ ᠰᠦᠷᠦᠭ ᠬᠣᠨᠢ᠂ ᠠᠵᠢᠷᠭ᠎ᠠ ᠠᠳᠤᠭᠤ ᠤᠰᠤ ᠤᠤᠭᠤᠭᠠᠳ ᠭᠠᠷᠤᠭᠰᠠᠨ ᠳᠠ᠂ ᠳᠠᠷᠠᠭᠠᠬᠠᠨ ᠨᠢ ᠪᠢ ᠬᠣᠶᠠᠷ ᠴᠤ᠌ ᠲᠤᠩᠬᠤ ᠤᠰᠤ ᠠᠪᠤᠭᠰᠠᠨ᠂ ᠴᠠᠭᠠᠨ᠎ᠠ ᠨᠢ ᠦᠯᠡᠳᠡᠵᠦ ᠯᠡ ᠪᠠᠢᠨ᠎ᠠ ᠳᠠ》ᠭᠡᠵᠡᠢ᠃ ᠲᠦᠰᠢᠮᠡᠯ᠄《 ᠵᠠ ᠶᠠᠭᠠᠬᠢᠬᠤᠪ᠂ ᠴᠢ ᠠᠷᠭ᠎ᠠ ᠦᠭᠡᠢ ᠶᠡᠬᠡ ᠪᠡᠯᠡᠨ ᠴᠡᠴᠡᠨ ᠦᠭᠡ ᠲᠡᠢ ᠬᠦᠦ ᠶᠦᠮ ᠂ ᠵᠠ᠂ ᠴᠢ ᠲᠡᠢᠮᠦ ᠯᠡ ᠰᠦᠷᠡᠬᠡᠢ ᠶᠦᠮ ᠪᠣᠯ ᠨᠠᠮ᠎ᠠ ᠶ᠋ᠢ ᠡᠨᠡ ᠤᠨᠤᠵᠤ ᠪᠠᠢᠭ᠎ᠠ ᠮᠣᠷᠢᠨ ᠠ᠋ᠴᠠ ᠮᠢᠨᠢ ᠪᠠᠭᠤᠯᠭᠠᠭᠠᠳ ᠲᠡᠭᠡ》ᠭᠡᠵᠦ ᠲᠦᠰᠢᠮᠡᠯ ᠬᠡᠯᠡᠭᠡᠳ ᠡᠮᠡᠭᠡᠯ ᠳᠡᠭᠡᠷ᠎ᠡ ᠪᠡᠨ ᠯᠠᠪᠬᠢᠨ ᠰᠠᠭᠤᠯ᠎ᠠ ᠃
ᠲᠡᠭᠡᠬᠦ ᠳ᠋ᠦ᠍ ᠨᠢ ᠵᠤᠭᠵᠤᠭᠤᠬᠠᠨ ᠬᠦᠦ᠄《ᠲᠦᠰᠢᠮᠡᠯ ᠭᠤᠸᠠᠢ᠂ ᠦᠨᠡᠨ ᠳ᠋ᠦ᠍ ᠪᠡᠨ ᠪᠣᠯ ᠲᠠᠨ ᠢ᠋ ᠮᠣᠷᠢᠨ ᠠ᠋ᠴᠠ ᠴᠢᠨᠢ ᠪᠠᠭᠤᠯᠭᠠᠴᠢᠬᠠᠬᠤ ᠪᠠᠷ ᠡᠷᠳᠡᠮ ᠨᠠᠳᠠ ᠳ᠋ᠤ᠌ ᠠᠯᠠᠭ᠎ᠠ ᠯᠠ ᠳᠠ᠂ ᠭᠡᠬᠦ ᠳ᠋ᠦ᠍ ᠪᠡᠨ ᠮᠣᠷᠢᠨ ᠠ᠋ᠴᠠ ᠪᠠᠨ ᠪᠠᠭᠤᠭᠠᠳ ᠢᠷᠡᠬᠦ ᠶᠦᠮ ᠪᠣᠯ ᠪᠤᠴᠠᠭᠠᠭᠠᠳ ᠮᠣᠷᠳᠠᠭᠤᠯᠴᠢᠬᠠᠬᠤ ᠪᠠᠷ ᠡᠷᠳᠡᠮ ᠪᠣᠯ ᠪᠠᠢᠨ᠎ᠠ ᠬᠦ᠂ ᠪᠠᠢᠨ᠎ᠠ》 ᠭᠡᠵᠦ ᠵᠤᠭᠵᠤᠭᠤᠬᠠᠨ ᠬᠦᠦ ᠬᠡᠯᠡᠯ᠎ᠡ᠃ ᠲᠡᠭᠡᠲᠡᠯ᠎ᠡ ᠴᠢᠨᠢ ᠲᠦᠰᠢᠮᠡᠯ ᠬᠦᠦ ᠶ᠋ᠢᠨ ᠦᠭᠡᠨ ᠳ᠋ᠦ᠍ ᠦᠨᠡᠮᠰᠢᠨ ᠮᠣᠷᠢᠨ ᠠ᠋ᠴᠠ ᠪᠠᠨ ᠪᠠᠭᠤᠭᠠᠳ ᠶᠡᠬᠡᠯ᠎ᠡ ᠯᠡ ᠳᠣᠳᠢᠭᠠᠷ ᠵᠣᠭᠰᠣᠵᠤ᠄《 ᠵᠠ᠂ ᠵᠠ ᠴᠢ ᠣᠳᠣ ᠨᠠᠮ᠎ᠠ ᠶ᠋ᠢ ᠮᠣᠷᠢᠨ ᠳ᠋ᠤ᠌ ᠮᠢᠨᠢ ᠪᠤᠴᠠᠭᠠᠭᠠᠳ ᠮᠣᠷᠳᠠᠭᠤᠯᠤᠭᠠᠳ ᠲᠡᠭᠡ ᠯᠡ ᠳᠡ᠂ ᠠ》ᠭᠡᠵᠦ ᠶᠡᠬᠡᠯ᠎ᠡ ᠲᠣᠬᠣᠭᠤᠷᠬᠠᠨ ᠢᠨᠢᠶᠡᠯ᠎ᠡ ᠭᠡᠨ᠎ᠡ᠃《 ᠪᠢ ᠰᠠᠶᠢ ᠲᠠᠨ ᠢ᠋ ᠮᠣᠷᠢᠨ ᠠ᠋ᠴᠠ ᠴᠢᠨᠢ ᠬᠠᠭᠤᠷᠤᠭᠠᠳ ᠪᠠᠭᠤᠯᠭᠠᠴᠢᠬᠠᠯ᠎ᠠ ᠰᠢᠦ ᠳᠡ᠂ ᠲᠦᠰᠢᠮᠡᠯ ᠭᠤᠸᠠᠢ》ᠭᠡᠵᠦ ᠵᠤᠭᠵᠤᠭᠤᠬᠠᠨ ᠬᠦᠦ ᠵᠤᠮᠠᠯᠵᠠᠬᠤ ᠳ᠋ᠤ᠌᠂ ᠲᠦᠰᠢᠮᠡᠯ ᠠᠢᠬᠤᠪᠲᠤᠷ ᠶᠡᠬᠡ ᠪᠡᠷ ᠠᠭᠤᠷᠯᠠᠨ᠄《ᠥᠩ᠂ ᠴᠢ ᠨᠠᠮ᠎ᠠ ᠶ᠋ᠢ ᠴᠢᠳᠠᠨ᠎ᠠ ᠭᠡᠨ᠎ᠡ᠂ᠴᠢᠮ᠎ᠠ ᠰᠢᠭ ᠮᠠᠭᠤ ᠬᠦᠦ ᠶ᠋ᠢ ᠲᠩᠷᠢ ᠨᠢᠷᠭᠡᠵᠦ ᠪᠠᠢᠪᠠᠯ ᠲᠠᠭᠠᠷᠠᠨ᠎ᠠ》ᠭᠡᠵᠦ ᠬᠠᠰᠬᠢᠷᠤᠯ᠎ᠠ᠃ ᠲᠡᠭᠡᠬᠦ ᠳ᠋ᠦ᠍ ᠨᠢ ᠵᠤᠭᠵᠤᠭᠤᠬᠠᠨ ᠬᠦᠦ ᠪᠦᠷ ᠲᠣᠭᠣᠭᠰᠠᠨ ᠰᠢᠨᠵᠢ ᠦᠭᠡᠢ᠄《ᠲᠡᠭᠡᠪᠡᠯ ᠳᠡᠯ ᠲᠡᠢ ᠪᠡᠷ ᠨᠢ ᠠᠵᠢᠷᠭ᠎ᠠ ᠶ᠋ᠢ ᠴᠢᠨᠢ ᠨᠢᠷᠭᠡᠭ᠂ ᠳᠠᠭ᠎ᠠ ᠲᠠᠢ ᠪᠠᠷ ᠨᠢ ᠳᠠᠭ᠎ᠠ ᠶ᠋ᠢ ᠮᠢᠨᠢ ᠥᠷᠥᠰᠢᠶᠡᠭ᠂ ᠥᠨᠳᠥᠷ ᠢ᠋ᠶ᠋ᠡᠷ ᠨᠢ ᠲᠠᠨ ᠢ᠋ ᠨᠢᠷᠭᠡᠭ᠂ ᠥᠴᠦᠬᠡᠨ ᠪᠠᠯᠴᠢᠷ ᠢ᠋ᠶ᠋ᠠᠷ ᠨᠢ ᠨᠠᠮ᠎ᠠ ᠶ᠋ᠢ ᠥᠷᠥᠰᠢᠶᠡᠭ》ᠭᠡᠬᠦ ᠳ᠋ᠦ᠍᠂ ᠲᠦᠰᠢᠮᠡᠯ᠄《ᠦᠭᠡᠢ ᠶᠡᠷᠦ᠂ ᠢ ᠢ᠂ ᠴᠢᠮ᠎ᠠ ᠶ᠋ᠢ ᠳᠡ᠂ ᠢ ᠶᠠᠭᠠᠬᠢᠶ᠎ᠠ ᠳᠠ ᠪᠠᠢᠵᠠ᠂ ᠶᠡᠷᠦ ᠨᠢ ᠴᠢ ᠶᠠᠭᠠᠬᠢᠭᠰᠠᠨ ᠵᠠᠳᠠᠷᠠᠭᠰᠠᠨ ᠬᠦᠦ ᠪᠣᠢ! ᠡᠵᠡᠨ ᠨᠣᠶᠠᠨ ᠤ᠋ ᠪᠠᠨ ᠲᠦᠰᠢᠮᠡᠯ ᠢ᠋ ᠲᠩᠷᠢ ᠨᠢᠷᠭᠡᠭ ᠭᠡᠵᠦ ᠬᠠᠷᠢᠶᠠᠨ᠎ᠠ ᠭᠡᠨ᠎ᠡ? ᠵᠠ ᠡᠭᠦᠨ ᠢ᠋ ᠴᠢᠨᠢ ᠶᠠᠭᠠᠬᠢᠭᠰᠠᠨ ᠴᠤ᠌ ᠵᠦᠭᠡᠷ ᠥᠩᠭᠡᠷᠡᠭᠡᠬᠦ ᠦᠭᠡᠢ ᠳᠡ》ᠭᠡᠵᠦ ᠵᠠᠨᠤᠭᠠᠳ ᠶᠠᠪᠤᠭᠠᠳ ᠥᠭᠴᠡᠢ᠃
ᠢᠩᠭᠢᠭᠡᠳ ᠲᠦᠰᠢᠮᠡᠯ ᠡᠵᠡᠨ ᠨᠣᠶᠠᠨ ᠤ᠋ ᠪᠠᠨ ᠬᠠᠲᠤᠨ ᠳ᠋ᠤ᠌ ᠪᠠᠷᠠᠯᠬᠠᠵᠤ᠂ ᠶᠡᠬᠡᠯ᠎ᠡ ᠵᠣᠪᠠᠭᠰᠠᠨ ᠴᠢᠷᠠᠢ ᠭᠠᠷᠭᠠᠨ ᠢᠩᠭᠢᠵᠦ ᠠᠢᠯᠠᠳᠬᠠᠯ᠎ᠠ᠃《ᠡᠷᠬᠢᠮ ᠳᠡᠭᠡᠳᠦ ᠬᠠᠲᠤᠨ ᠮᠢᠨᠢ ᠠ᠋᠂ ᠪᠢ ᠬᠡᠯᠡ ᠠᠮᠠ ᠪᠠᠷ ᠳᠠᠭᠠᠷᠢᠭᠤᠯᠵᠤ ᠬᠡᠴᠡᠭᠦᠦ ᠪᠠᠢᠳᠠᠯ ᠳ᠋ᠤ᠌ ᠣᠷᠣᠭᠠᠳ ᠪᠠᠢᠨ᠎ᠠ᠂ ᠦᠭᠡᠢ ᠴᠦ᠍ ᠣᠳᠣ ᠲᠦᠰᠢᠮᠡᠯ ᠨᠠᠮ᠎ᠠ ᠶ᠋ᠢ ᠲᠩᠷᠢ ᠨᠢᠷᠭᠡᠭ ᠭᠡᠵᠦ ᠬᠠᠷᠢᠶᠠᠵᠤ ᠵᠥᠭᠡᠵᠦ ᠪᠠᠢᠨ᠎ᠠ᠂ ᠡᠨᠡ ᠨᠢ ᠶᠡᠷᠦ ᠨᠢ ᠵᠥᠪ ᠤᠤ ᠪᠤᠷᠤᠭᠤ ᠤᠤ?》ᠭᠡᠵᠦ ᠢᠷᠡᠭᠡᠳ ᠯᠡ ᠤᠷᠤᠭᠤᠯ ᠠᠮᠠ ᠪᠠᠨ ᠤᠨᠵᠠᠢᠯᠭᠠᠨ᠂ ᠤᠬᠢᠯᠠᠩᠨᠠᠨ ᠪᠠᠢᠵᠤ ᠭᠣᠮᠣᠳᠠᠯ ᠭᠠᠷᠭᠠᠯ᠎ᠠ᠃ ᠲᠡᠭᠡᠬᠦ ᠳ᠋ᠦ᠍ ᠨᠢ ᠬᠠᠲᠤᠨ ᠠᠪᠠᠬᠠᠢᠲᠠᠨ ᠶᠡᠬᠡᠳᠡ ᠬᠢᠯᠢᠩᠨᠡᠨ᠄《ᠦᠭᠡᠢ ᠶᠣᠷᠣ ᠠ᠋ ᠂ᠬᠡᠨ ᠭᠡᠭᠴᠢ ᠨᠢ ᠲᠡᠢᠮᠦ ᠠᠢᠬᠤᠪᠲᠤᠷ ᠬᠡᠷᠡᠭ ᠥᠳᠥᠭᠡᠪᠡ? ᠣᠳᠣᠬᠠᠨ ᠴᠠᠭᠠᠳᠤᠬᠢ ᠶ᠋ᠢ ᠪᠡᠨ ᠠᠪᠤᠭᠠᠳ ᠢᠷ᠎ᠡ》ᠭᠡᠵᠦ ᠲᠤᠰᠢᠶᠠᠯ᠎ᠠ᠃
ᠲᠦᠰᠢᠮᠡᠯᠴᠢ ᠲᠡᠷᠡ ᠳᠣᠣᠷ᠎ᠠ ᠪᠠᠨ ᠪᠤᠴᠠᠵᠤ ᠣᠴᠢᠭᠠᠳ ᠬᠦᠦ ᠳ᠋ᠦ᠍᠄《 ᠵᠠ᠂ ᠵᠠ ᠪᠤᠰᠢᠭᠤᠬᠠᠨ ᠨᠠᠮ᠎ᠠ ᠶ᠋ᠢ ᠳᠠᠭᠠᠵᠤ ᠶᠠᠪᠤ᠂ ᠬᠠᠲᠤᠨ ᠠᠪᠠᠬᠠᠢᠲᠠᠨ ᠴᠢᠮ᠎ᠠ ᠶ᠋ᠢ ᠳᠠᠭᠤᠳᠠᠭᠤᠯᠤᠭᠰᠠᠨ》ᠭᠡᠰᠡᠨ ᠳ᠋ᠦ᠍᠂ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠶᠡᠷᠦ ᠲᠣᠭᠣᠭᠰᠠᠨ ᠰᠢᠨᠵᠢ ᠦᠭᠡᠢ ᠰᠠᠭᠤᠵᠤ᠄《ᠢᠮᠠᠭᠠᠨ ᠲᠣᠯᠣᠭᠠᠢ ᠶᠠᠮᠪᠠᠨ ᠳ᠋ᠤ᠌ ᠣᠷᠣᠳᠠᠭ ᠦᠭᠡᠢ᠂ ᠶᠠᠨᠲᠠᠭᠠᠷ ᠬᠠᠲᠤᠨ ᠵᠠᠷᠭᠤ ᠰᠢᠭᠦᠳᠡᠭ ᠦᠭᠡᠢ᠂ ᠲᠡᠮᠡᠭᠡᠨ ᠲᠣᠯᠣᠭᠠᠢ ᠲᠠᠪᠰᠢᠨ ᠳ᠋ᠤ᠌ ᠣᠷᠣᠳᠠᠭ ᠦᠭᠡᠢ᠂ ᠳᠡᠨᠳᠡᠭᠡᠷ ᠬᠠᠲᠤᠨ ᠵᠠᠷᠭᠤ ᠰᠢᠭᠦᠳᠡᠭ ᠦᠭᠡᠢ ᠶᠦᠮ᠂ ᠬᠠᠷᠢᠨ ᠬᠣᠨᠢᠨ ᠲᠣᠯᠣᠭᠠᠢ ᠬᠣᠢᠮᠣᠷ ᠵᠠᠯᠠᠷᠠᠳᠠᠭ ᠶᠤᠮ ᠴᠢᠨᠢ ᠬᠣᠲᠠᠯᠠᠭᠠᠷ ᠰᠠᠢᠬᠠᠨ ᠨᠣᠶᠠᠨ ᠢ᠋ᠶ᠋ᠠᠷ ᠢ᠋ᠶ᠋ᠠᠨ ᠰᠢᠭᠦᠯᠭᠡᠨ᠎ᠡ》ᠭᠡᠳ ᠭᠡᠳᠡᠢᠭᠡᠳ ᠰᠠᠭᠤᠴᠢᠬᠠᠵᠠᠢ᠃ ᠲᠡᠭᠡᠲᠡᠯ᠎ᠡ ᠴᠦ᠍ ᠤᠳᠠᠯ ᠦᠭᠡᠢ ᠬᠠᠲᠤᠨ ᠤ᠋ ᠵᠠᠷᠤᠴᠠ ᠬᠦᠷᠴᠦ ᠢᠷᠡᠭᠡᠳ᠂ ᠵᠤᠭᠵᠤᠭᠤᠬᠠᠨ ᠬᠦᠦ ᠶ᠋ᠢ ᠪᠠᠷᠢᠵᠤ ᠠᠪᠤᠭᠠᠳ ᠬᠠᠷ᠎ᠠ ᠭᠡᠷ ᠲᠦ᠍ ᠬᠣᠷᠢᠴᠢᠬᠠᠴᠠᠢ᠃
ᠭᠤᠷᠪᠠ ᠬᠣᠨᠣᠭ ᠤ᠋ᠨ ᠳᠠᠷᠠᠭ᠎ᠠ ᠡᠵᠡᠨ ᠨᠣᠶᠠᠨᠲᠠᠨ ᠥᠪᠡᠷ ᠢ᠋ᠶ᠋ᠡᠨ ᠢᠷᠡᠵᠦ ᠂ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠶ᠋ᠢ ᠰᠢᠭᠦᠬᠦ ᠪᠣᠯᠵᠠᠢ᠃
《 ᠵᠠ ᠬᠦᠦ ᠮᠢᠨᠢ ᠴᠢ ᠶᠠᠭᠤᠨ ᠳ᠋ᠤ᠌ ᠡᠵᠡᠨ ᠨᠣᠶᠠᠨ ᠤ᠋ ᠪᠠᠨ ᠬᠠᠲᠤᠨ ᠢ᠋ ᠪᠠᠰᠤᠮᠵᠢᠯᠠᠵᠤ᠂ ᠴᠡᠴᠡᠨ ᠴᠡᠯᠮᠡᠭ ᠲᠦᠰᠢᠮᠡᠯ ᠢ᠋ ᠮᠢᠨᠢ ᠳᠣᠷᠣᠮᠵᠢᠯᠠᠪᠠ?》ᠭᠡᠵᠦ ᠬᠥᠮᠥᠰᠬᠡ ᠵᠠᠩᠭᠢᠳᠤᠨ ᠠᠰᠠᠭᠤᠯ᠎ᠠ ᠭᠡᠨ᠎ᠡ᠃ ᠬᠠᠷᠢᠨ ᠮᠤᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠬᠠᠷᠠᠴᠠ ᠪᠤᠷᠤᠭᠤᠯᠠᠭᠰᠠᠨ ᠴᠤ᠌ ᠦᠭᠡᠢ ᠲᠠᠢᠪᠤᠩ ᠭᠡᠭᠴᠢ ᠨᠢ ᠡᠢᠨᠬᠦ ᠥᠴᠢᠯ᠎ᠡ᠃《ᠡᠵᠡᠨ ᠳᠡᠭᠡᠳᠦᠰ ᠮᠢᠨᠢ ᠠ᠋᠂ ᠲᠠ ᠮᠢᠨᠦ ᠶᠠᠷᠢᠬᠤ ᠶ᠋ᠢ ᠪᠣᠯᠭᠣᠭᠠᠵᠤ ᠬᠠᠢᠷᠠᠯᠠᠨ᠎ᠠ ᠤᠤ? ᠦᠭᠡᠢ ᠵᠤᠭᠵᠤᠭᠤᠬᠠᠨ ᠬᠦᠦ ᠪᠢ ᠮᠤᠭᠵᠤᠭᠤᠬᠠᠨ ᠳᠠᠭ᠎ᠠ ᠪᠠᠨ ᠤᠨᠤᠭᠠᠳ᠂ ᠴᠤᠢᠰᠤᠷᠤᠩ ᠤ᠋ᠨ ᠵᠠᠮ ᠢ᠋ᠶ᠋ᠠᠷ ᠤᠢᠰᠷᠠᠩᠬᠠᠨ ᠴᠣᠭᠭᠢᠵᠤ ᠶᠠᠪᠤᠬᠤ ᠳ᠋ᠤ᠌᠂ ᠰᠢᠯᠤᠭᠤᠬᠠᠨ ᠨᠦᠬᠡ ᠤᠷᠤᠭᠤ ᠱᠤᠯᠲᠤᠩᠬᠠᠨ ᠵᠤᠷᠠᠮ᠎ᠠ ᠭᠤᠯᠳᠤᠩᠬᠠᠨ ᠭᠡᠳ ᠣᠷᠣᠴᠢᠬᠠᠬᠤ ᠪᠠᠷ ᠨᠢ ᠪᠠᠷᠢᠬᠤ ᠭᠡᠳ ᠣᠬᠣᠩᠬᠠᠨ ᠤᠳᠤᠩᠬᠠᠨ ᠰᠠᠭᠤᠵᠤ ᠪᠠᠢᠭᠰᠠᠨ ᠶᠤᠮ ᠠ᠋᠂ ᠲᠡᠭᠡᠲᠡᠯ᠎ᠡ ᠲᠠᠨ ᠤ᠋ ᠲᠦᠰᠢᠮᠡᠯ ᠬᠦᠷᠴᠦ ᠢᠷᠡᠭᠡᠳ᠄〈ᠵᠠᠮ ᠵᠠᠢᠯᠠ᠂ ᠲᠩᠷᠢ ᠨᠢᠷᠭᠡᠭ ᠴᠢᠮ᠎ᠠ ᠶ᠋ᠢ〉ᠭᠡᠵᠦ ᠬᠦᠦ ᠨᠠᠮ᠎ᠠ ᠶ᠋ᠢ ᠳᠣᠷᠣᠮᠵᠢᠯᠠᠭᠰᠠᠨ ᠪᠢᠯᠡ᠂ ᠲᠡᠭᠡᠬᠦᠯᠡᠷ ᠨᠢ ᠪᠢ ᠳᠡᠯ ᠲᠡᠢ ᠪᠡᠷ ᠨᠢ ᠠᠵᠢᠷᠭ᠎ᠠ ᠶ᠋ᠢ ᠴᠢᠨᠢ ᠨᠢᠷᠭᠡᠭ᠂ ᠳᠠᠭ᠎ᠠ ᠲᠠᠢ ᠪᠠᠷ ᠨᠢ ᠳᠠᠭ᠎ᠠ ᠶ᠋ᠢ ᠮᠢᠨᠢ ᠥᠷᠥᠰᠢᠶᠡᠭ᠂ ᠥᠨᠳᠥᠷ ᠢ᠋ᠶ᠋ᠡᠷ ᠨᠢ ᠲᠠᠨ ᠢ᠋ ᠨᠢᠷᠭᠡᠭ᠂ ᠥᠴᠦᠬᠡᠨ ᠪᠠᠯᠴᠢᠷ ᠢ᠋ᠶ᠋ᠠᠷ ᠨᠢ ᠨᠠᠮ᠎ᠠ ᠶ᠋ᠢ ᠥᠷᠥᠰᠢᠶᠡᠭ ᠭᠡᠳ ᠬᠡᠯᠡᠴᠢᠬᠡᠭᠰᠡᠨ ᠮᠢᠨᠢ ᠦᠨᠡᠨ》ᠭᠡᠵᠦ ᠥᠴᠢᠯ᠎ᠡ᠃ ᠨᠣᠶᠠᠨ ᠰᠠᠬᠠᠯ ᠢ᠋ᠶ᠋ᠠᠨ ᠢᠮᠡᠷᠦᠨ ᠬᠡᠰᠡᠭ ᠴᠢᠮᠡᠭᠡ ᠦᠭᠡᠢ ᠰᠠᠭᠤᠭᠠᠳ᠄《 ᠥᠩ ᠥᠩ᠂ ᠵᠠ ᠲᠡᠭᠡᠪᠡᠯ ᠴᠢ ᠶᠠᠭᠤᠨ ᠳ᠋ᠤ᠌ ᠬᠠᠲᠤᠨ ᠢ᠋ ᠮᠢᠨᠢ ᠬᠡᠯᠡ ᠠᠮᠠ ᠪᠠᠷ ᠳᠠᠭᠠᠷᠢᠨ ᠭᠤᠲᠤᠭᠠᠪᠠ?》ᠭᠡᠵᠦ ᠠᠰᠠᠭᠤᠬᠤ ᠳ᠋ᠤ᠌ ᠨᠢ᠄《ᠡᠵᠡᠨ ᠨᠣᠶᠠᠨᠲᠠᠨ ᠮᠢᠨᠢ ᠠ᠋᠂ ᠡᠷᠲᠡᠨ ᠡᠴᠡ ᠨᠠᠭᠠᠰᠢ ᠬᠠᠲᠤᠨ ᠬᠥᠮᠦᠨ ᠵᠠᠷᠭᠤ ᠰᠢᠭᠦᠵᠦ᠂ ᠬᠠᠭᠠᠳ ᠨᠣᠶᠠᠳ ᠤ᠋ᠨ ᠡᠮᠦᠨᠡᠭᠦᠷ ᠣᠷᠣᠳᠠᠭ ᠶᠣᠰᠣ ᠪᠣᠯ ᠪᠠᠢᠳᠠᠭ ᠦᠭᠡᠢ ᠪᠢᠯᠡ᠂ ᠲᠡᠭᠡᠭᠡᠳ ᠯᠡ ᠪᠢ〈ᠢᠮᠠᠭᠠᠨ ᠲᠣᠯᠣᠭᠠᠢ ᠶᠠᠮᠪᠠᠨ ᠳ᠋ᠤ᠌ ᠣᠷᠣᠳᠠᠭ ᠦᠭᠡᠢ᠂ ᠶᠠᠨᠲᠠᠭᠠᠷ ᠬᠠᠲᠤᠨ ᠵᠠᠷᠭᠤ ᠰᠢᠭᠦᠳᠡᠭ ᠦᠭᠡᠢ᠂ ᠲᠡᠮᠡᠭᠡᠨ ᠲᠣᠯᠣᠭᠠᠢ ᠲᠠᠪᠰᠢᠨ ᠳ᠋ᠤ᠌ ᠣᠷᠣᠳᠠᠭ ᠦᠭᠡᠢ᠂ ᠳᠡᠨᠳᠡᠭᠡᠷ ᠬᠠᠲᠤᠨ ᠵᠠᠷᠭᠤ ᠰᠢᠭᠦᠳᠡᠭ ᠦᠭᠡᠢ ᠂ ᠬᠣᠨᠢᠨ ᠲᠣᠯᠣᠭᠠᠢ ᠬᠣᠢᠮᠣᠷ ᠵᠠᠯᠠᠷᠠᠳᠠᠭ ᠪᠣᠯᠬᠣᠷ ᠬᠣᠲᠠᠯᠠᠭᠠᠷ ᠰᠠᠢᠬᠠᠨ ᠨᠣᠶᠠᠨ ᠢ᠋ᠶ᠋ᠠᠷ ᠢ᠋ᠶ᠋ᠠᠨ ᠰᠢᠭᠦᠯᠭᠡᠨ᠎ᠡ〉ᠭᠡᠳ ᠬᠡᠯᠡᠴᠢᠬᠡᠭᠰᠡᠨ ᠮᠢᠨᠢ ᠦᠨᠡᠨ ᠠ᠋᠂ ᠥᠴᠦᠬᠡᠨ ᠮᠠᠭᠤ ᠬᠦᠦ ᠳ᠋ᠦ᠍ ᠬᠢᠭᠰᠡᠨ ᠭᠡᠮ ᠨᠢᠭᠦᠯ ᠭᠡᠪᠡᠯ ᠡᠭᠦᠨ ᠡᠴᠡ ᠥᠭᠡᠷ᠎ᠡ ᠪᠠᠢᠬᠤ ᠦᠭᠡᠢ ᠪᠢᠯᠡ᠃ ᠡᠵᠡᠨ ᠳᠡᠭᠡᠳᠦᠰ ᠮᠢᠨᠢ ᠲᠠ ᠪᠣᠯᠭᠣᠭᠠᠵᠤ ᠬᠠᠢᠷᠠᠯᠠ》ᠭᠡᠵᠦ ᠬᠡᠯᠡᠭᠡᠳ ᠮᠡᠬᠦᠢᠨ ᠰᠥᠭᠥᠳᠦᠯ᠎ᠡ᠃
ᠨᠣᠶᠠᠨ ᠴᠤ᠌ ᠨᠢᠭᠡ ᠶ᠋ᠢ ᠪᠣᠳᠣᠪᠠ ᠪᠣᠯᠤᠯᠲᠠᠢ ᠠᠯᠤᠰ ᠢ᠋ ᠬᠠᠷᠠᠨ ᠬᠡᠰᠡᠭ ᠰᠠᠭᠤᠭᠰᠠᠨ ᠢ᠋ᠶ᠋ᠠᠨ᠄《ᠥᠩ᠂ ᠵᠠ ᠵᠠ᠂ ᠴᠡᠴᠡᠨ ᠦᠭᠡ ᠴᠡᠭᠡᠵᠢᠨ ᠳ᠋ᠦ᠍᠂ ᠴᠡᠴᠡᠭ ᠨᠠᠪᠴᠢ ᠠᠭᠤᠯᠠᠨ ᠳ᠋ᠤ᠌ ᠭᠡᠳᠡᠭ᠂ ᠤ᠌ᠭ ᠨᠢ ᠪᠠᠭ᠎ᠠ ᠪᠠᠯᠴᠢᠷ ᠲᠡᠳᠦᠢ ᠴᠦ᠍᠂ ᠤᠬᠠᠭᠠᠨ ᠲᠠᠢ ᠲᠥᠷᠥᠭᠰᠡᠨ ᠬᠦᠦ ᠶᠦᠮ ᠠ᠋ ᠴᠢ᠂ ᠬᠠᠭᠠᠨ ᠲᠥᠷᠥ ᠳ᠋ᠦ᠍ ᠪᠡᠨ ᠲᠡᠷᠰᠯᠡᠬᠦ ᠪᠡᠷ ᠬᠠᠷ᠎ᠠ ᠮᠠᠭᠤ ᠦᠢᠯᠡ ᠬᠢᠭᠡ ᠦᠭᠡᠢ ᠪᠣᠯᠬᠣᠷ ᠴᠢᠮ᠎ᠠ ᠶ᠋ᠢ ᠪᠢ ᠥᠷᠥᠰᠢᠶᠡᠵᠦ ᠪᠠᠢᠨ᠎ᠠ᠂ ᠢᠩᠭᠢᠭᠡᠳ ᠬᠦᠦ ᠮᠠᠨᠢ ᠢᠷᠡᠭᠰᠡᠨ ᠵᠠᠮ ᠢ᠋ᠶ᠋ᠠᠷ ᠢ᠋ᠶ᠋ᠠᠨ ᠰᠤᠷᠤᠭᠰᠠᠨ ᠳᠠᠭᠤᠤ ᠪᠠᠨ ᠳᠠᠭᠤᠯᠠᠭᠠᠳ ᠪᠤᠴᠠ ᠳᠠ》ᠭᠡᠵᠦ ᠬᠡᠯᠡᠭᠡᠳ ᠢᠨᠢᠶᠡᠮᠰᠦᠭᠯᠡᠨ ᠥᠲᠡᠯ᠎ᠡ᠃
ᠢᠩᠭᠢᠭᠡᠳ ᠵᠤᠭᠵᠤᠭᠤᠬᠠᠨ ᠬᠦᠦ ᠮᠤᠭᠵᠤᠭᠤᠬᠠᠨ ᠳᠠᠭ᠎ᠠ ᠪᠠᠨ ᠤᠨᠤᠭᠠᠳ᠂ ᠢᠷᠡᠭᠰᠡᠨ ᠵᠠᠮ ᠢ᠋ᠶ᠋ᠠᠷ ᠢ᠋ᠶ᠋ᠠᠨ ᠰᠤᠷᠤᠭᠰᠠᠨ ᠳᠠᠭᠤᠤ ᠪᠠᠨ ᠳᠠᠭᠤᠯᠠᠭᠠᠳ ᠪᠤᠴᠠᠭᠰᠠᠨ ᠶᠤᠮ ᠭᠡᠳᠡᠭ᠃
ᠳᠠᠭᠤᠤ᠄
ᠮᠤᠭᠵᠤᠭᠤᠬᠠᠨ ᠳᠠᠭ᠎ᠠ ᠲᠠᠢ
ᠵᠤᠭᠵᠤᠭᠤᠬᠠᠨ ᠬᠦᠦ ᠪᠢ
ᠨᠠᠮᠬᠠᠨ ᠨᠢᠷᠤᠭᠤ ᠲᠠᠢ
ᠨᠠᠮᠰᠠᠭᠠᠷ ᠬᠠᠮᠠᠷ ᠲᠠᠢ ᠁

   ᠦᠰᠦᠭ ᠠᠮᠢᠯᠠᠭᠤᠯᠵᠤ ᠬᠠᠲᠠᠭᠴᠢ᠄ ᠾᠦᠩ ᠸᠧᠢ
   ᠬᠢᠨᠠᠭᠴᠢ᠄ ᠰᠡᠴᠡᠨᠴᠢᠮᠡᠭ ᠂ᠮᠥᠴᠢᠷ