ᠤᠨᠵᠢᠭᠢᠷ ᠰᠢᠷ᠎ᠠ ᠬᠢᠶᠠᠭУнжгар шар хиаг ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠵᠢᠭᠢᠷ ᠰᠢᠷ᠎ᠠ ᠬᠢᠶᠠᠭУнжгар шар хиаг

ᠤᠨᠵᠢᠭᠢᠷ ᠰᠢᠷ᠎ᠠ ᠬᠢᠶᠠᠭУнжгар шар хиаг

2024-06-05

300

ᠤᠨᠵᠢᠭᠢᠷ ᠰᠢᠷ᠎ᠠ ᠬᠢᠶᠠᠭ

           ᠦᠶᠡᠲᠦ ᠤᠷᠭᠤᠮᠠᠯ ᠤ᠋ᠨ ᠢᠵᠠᠭᠤᠷ 
      ᠣᠯᠠᠨ ᠨᠠᠰᠤᠲᠤ ᠡᠪᠡᠰᠦᠯᠢᠭ ᠤᠷᠭᠤᠮᠠᠯ᠂ ᠰᠠᠬᠠᠯ ᠦᠨᠳᠦᠰᠦ ᠲᠡᠢ᠃ ᠰᠦᠷᠡᠯ ᠨᠢ50—70cm ᠥᠨᠳᠥᠷ ᠰᠢᠯᠤᠭᠤᠨ ᠤᠷᠭᠤᠨ᠎ᠠ᠂ ᠶᠡᠷᠦ ᠳ᠋ᠡᠭᠡᠨ ᠭᠤᠷᠪᠠᠨ ᠦᠶ᠎ᠡ ᠲᠡᠢ ᠪᠥᠭᠡᠳ ᠤᠭ ᠬᠡᠰᠡᠭ ᠦ᠋ᠨ ᠦᠶ᠎ᠡ ᠨᠢ ᠡᠪᠦᠳᠦᠭ ᠮᠡᠲᠦ ᠮᠤᠷᠤᠢ ᠶᠤᠮ᠃ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠣᠬᠣᠷ ᠪᠥᠭᠡᠳ ᠦᠰᠦ ᠦᠭᠡᠢ᠂ ᠭᠡᠪᠡᠴᠦ ᠡᠰᠢᠨ ᠦ᠌ ᠤᠭ ᠤ᠋ᠨ ᠬᠡᠰᠡᠭ ᠦ᠋ᠨ ᠨᠠᠪᠴᠢᠨ ᠤ᠋ ᠲᠣᠭᠳᠣᠢ ᠨᠢ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠤᠷᠲᠤ ᠪᠥᠭᠡᠳ ᠦᠰᠦ ᠲᠡᠢ; ᠨᠠᠪᠴᠢ ᠨᠢ ᠲᠡᠭᠰᠢᠬᠡᠨ ᠬᠠᠪᠲᠠᠭᠠᠢ᠂6—8cm ᠤᠷᠲᠤ3—5mm ᠥᠷᠭᠡᠨ᠂ ᠬᠣᠶᠠᠷ ᠲᠠᠯ᠎ᠠ ᠨᠢ ᠪᠦᠷ ᠰᠢᠷᠦᠭᠦᠨ ᠪᠤᠶᠤ ᠠᠷᠤ ᠨᠢ ᠭᠢᠯᠦᠭᠡᠷ᠂ ᠬᠠᠶᠠ ᠳᠡᠭᠡᠳᠦ ᠲᠠᠯ᠎ᠠ ᠳ᠋ᠤᠨᠢ ᠲᠠᠷᠠᠮᠠᠭ ᠦᠰᠦ ᠲᠡᠢ᠃ ᠲᠦᠷᠦᠭᠦᠦ ᠬᠡᠯᠪᠡᠷᠢᠲᠦ  ᠪᠠᠭ ᠴᠡᠴᠡᠭ ᠨᠢ ᠨᠡᠯᠢᠶᠡᠳ ᠢᠬᠴᠤ᠂ ᠶᠡᠷᠦ ᠳ᠋ᠡᠭᠡᠨ ᠮᠤᠷᠤᠢ ᠰᠠᠷᠤᠢ ᠪᠥᠭᠡᠳ ᠤᠨᠵᠢᠢᠭᠰᠠᠨ ᠦᠵᠦᠭᠦᠷ ᠲᠡᠢ᠂5—12cm ᠤᠷᠲᠤ; ᠵᠢᠵᠢᠭ ᠲᠦᠷᠦᠭᠦᠦ ᠨᠢ ᠲᠡᠩᠭᠡᠯᠢᠭ ᠦ᠋ᠨ ᠨᠢᠭᠡ ᠲᠠᠯ᠎ᠠ ᠳ᠋ᠤ᠌ ᠪᠠᠢᠷᠢᠯᠠᠭᠰᠠᠨ ᠰᠢᠭ᠋ ᠶᠦᠮ᠂ ᠶᠡᠷᠦ ᠳ᠋ᠡᠭᠡᠨ ᠦᠶ᠎ᠡ ᠪᠦᠷᠢ ᠳ᠋ᠦ᠍ᠨᠢ ᠬᠣᠶᠠᠷ ᠵᠢᠵᠢᠭ ᠲᠦᠷᠦᠭᠦᠦ ᠲᠡᠢ; ᠲᠦᠷᠦᠭᠦᠦ ᠶ᠋ᠢᠨ ᠲᠡᠩᠭᠡᠯᠢᠭ ᠲᠤᠨᠢ ᠦᠰᠦ ᠲᠡᠢ; ᠵᠢᠵᠢᠭ ᠲᠦᠷᠦᠭᠦᠦ ᠨᠢ ᠪᠠᠷᠢᠭᠤᠯ ᠦᠭᠡᠢ ᠪᠤᠶᠤ ᠮᠠᠰᠢ ᠣᠬᠣᠷ ᠪᠠᠷᠢᠭᠤᠯ ᠲᠠᠢ᠂12—15mm ᠤᠷᠲᠤ᠂3—4 ᠴᠡᠴᠡᠭ ᠲᠡᠢ ᠪᠣᠯᠪᠠᠴᠤ ᠲᠡᠭᠦᠨ ᠦ᠌2—3 ᠦᠷᠡᠯᠡᠨ᠎ᠡ᠂ ᠪᠣᠯᠪᠠᠰᠤᠷᠠᠪᠠᠯ ᠪᠣᠷᠣᠪᠲᠤᠷ ᠪᠣᠯᠤᠨ᠎ᠠ; ᠬᠣᠶᠠᠷ ᠬᠠᠯᠢᠰᠤ ᠨᠢ ᠪᠠᠷᠤᠭ ᠢᠵᠢᠯ ᠤᠷᠲᠤ᠂ ᠤᠷᠲᠤ ᠱᠤᠪᠲᠤᠭᠠᠷ ᠦᠵᠦᠭᠦᠷ ᠲᠡᠢ ᠪᠤᠶᠤ1—4mm ᠤᠷᠲᠤ ᠰᠤᠷ ᠲᠠᠢ᠂3—4 ᠢᠯᠡ ᠮᠥᠷᠲᠡᠭᠡᠨ ᠰᠢᠷᠦᠭᠦᠨ ᠰᠤᠳᠠᠯ ᠲᠠᠢ᠂ ᠨᠢᠭᠡᠳᠦᠭᠡᠷ ᠴᠡᠴᠡᠭ ᠡᠴᠡ ᠣᠬᠣᠷ ᠶᠤᠮ; ᠭᠠᠳᠠᠷ ᠬᠡᠪᠡᠭ ᠨᠢ ᠲᠠᠪᠤᠨ ᠰᠤᠳᠠᠯ ᠲᠠᠢ᠂ ᠵᠢᠵᠢᠭ ᠦᠰᠦ ᠲᠡᠢ᠂ ᠣᠷᠣᠢ ᠳ᠋ᠤᠨᠢ ᠰᠤᠷ ᠲᠠᠢ᠂ ᠰᠠᠭᠤᠷᠢ ᠲᠠᠪᠠᠭ ᠤ᠋ᠨ ᠬᠣᠶᠠᠷ ᠬᠠᠪᠢ ᠶ᠋ᠢᠨ ᠦᠰᠦ ᠨᠢ ᠪᠠᠬᠠᠨ ᠤᠷᠲᠤ; ᠰᠤᠷ ᠨᠢ12—20mm ᠤᠷᠲᠤ᠂ ᠰᠢᠷᠦᠭᠦᠨ᠂ ᠭᠠᠳᠠᠭᠰᠢ ᠮᠤᠷᠤᠢ; ᠳᠣᠲᠣᠷ ᠬᠡᠪᠡᠭ ᠨᠢ ᠭᠠᠳᠠᠷ ᠬᠡᠪᠡᠭ ᠲᠡᠢ ᠢᠵᠢᠯ ᠤᠷᠲᠤ᠂ ᠠᠷᠤ ᠨᠢᠷᠤᠭᠤ ᠳ᠋ᠤᠨᠢ ᠰᠢᠷᠬᠡᠭ ᠰᠢᠭ ᠦᠰᠦ ᠲᠡᠢ; ᠲᠣᠭᠣᠰᠣᠪᠴᠢ ᠨᠢ1—1.8mm ᠤᠷᠲᠤ᠂ ᠪᠣᠯᠪᠠᠰᠤᠷᠠᠪᠠᠯ ᠬᠠᠷᠠᠯᠠᠨ᠎ᠠ; ᠤᠮᠠᠢ ᠶ᠋ᠢᠨ ᠦᠵᠦᠭᠦᠷ ᠲᠤᠨᠢ ᠴᠡᠯᠮᠡᠨ ᠦᠰᠦ ᠲᠡᠢ᠃
   ᠣᠯᠠᠩᠬᠢ ᠳ᠋ᠠᠭᠠᠨ ᠬᠡᠭᠡᠷ᠎ᠡ ᠲᠠᠯ᠎ᠠ ᠪᠠᠷ ᠤᠷᠭᠤᠨ᠎ᠠ᠃
   ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨᠰᠢ᠂ ᠭᠠᠨᠰᠦ᠂ ᠬᠥᠬᠡᠨᠠᠭᠤᠷ᠂ ᠰᠧᠴᠤᠸᠠᠨ ᠵᠡᠷᠭᠡ ᠮᠣᠵᠢ ᠣᠷᠣᠨ ᠳ᠋ᠤ᠌ ᠤᠷᠭᠤᠳᠠᠭ᠃ ᠪᠣᠷᠳᠣᠭ᠎ᠠ ᠡᠪᠡᠰᠦ᠃

      ᠬᠢᠲᠠᠳ ᠨᠡᠷ᠎ᠡ᠄垂穗披碱草
      ᠠᠩᠭ᠌ᠯᠢ ᠨᠡᠷ᠎ᠡ᠄Elymus   nutans   Griseb᠂

      ᠦᠰᠦᠭ ᠠᠮᠢᠯᠠᠭᠤᠯᠤᠭᠴᠢ᠄ ᠣ · ᠰᠡᠴᠡᠨᠲᠤ
      ᠬᠢᠨᠠᠭᠴᠢ᠄ ᠫᠤ· ᠴᠠᠭᠠᠨ