ᠡᠷᠳᠡᠮ ᠦᠨ ᠥᠯᠥᠭᠡᠢ ᠬᠠᠢᠷ᠎ᠠ ᠶᠢᠨ ᠳᠡᠯᠡᠬᠡᠢЭрдмийн өлгий хайрын дэлхий ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠮ ᠦᠨ ᠥᠯᠥᠭᠡᠢ ᠬᠠᠢᠷ᠎ᠠ ᠶᠢᠨ ᠳᠡᠯᠡᠬᠡᠢЭрдмийн өлгий хайрын дэлхий

ᠡᠷᠳᠡᠮ ᠦᠨ ᠥᠯᠥᠭᠡᠢ ᠬᠠᠢᠷ᠎ᠠ ᠶᠢᠨ ᠳᠡᠯᠡᠬᠡᠢЭрдмийн өлгий хайрын дэлхий

ᠠᠩᠭᠢᠯᠠᠯ:ᠳᠠᠭᠤᠤ ᠬᠥᠭᠵᠢᠮ
2024-06-04

865

ᠡᠷᠳᠡᠮ ᠦᠨ ᠥᠯᠥᠭᠡᠢ ᠬᠠᠢᠷ᠎ᠠ ᠶᠢᠨ ᠳᠡᠯᠡᠬᠡᠢ

   ᠦᠭᠡ᠄ ᠠ᠊ ·  ᠰᠠᠢᠨᠴᠣᠭᠲᠣ 
   ᠠᠶ᠎ᠠ᠄ ᠳᠧ ᠮᠢᠩ 
   ᠬᠡᠦᠬᠡᠳ ᠦ᠋ᠨ ᠬᠣᠭᠣᠯᠠᠢ᠄ ᠤᠬᠠᠭᠠᠨ 
   ᠳᠧ ᠮᠢᠩ ᠳᠠᠭᠤᠯᠠᠨ᠎ᠠ 

ᠠ ᠪᠠᠳᠠᠷᠠᠬᠤ ᠰᠤᠷᠭᠠᠭᠤᠯᠢ ᠮᠢᠨᠢ 
ᠲᠠ ᠪᠢᠳᠡᠨ ᠦ᠌ ᠬᠠᠢᠷ᠎ᠠ ᠶ᠋ᠢᠨ ᠳᠡᠯᠡᠬᠡᠢ 
ᠡᠷᠲᠡ ᠲᠡᠦᠬᠡ ᠡᠴᠡ ᠪᠡᠨ ᠥᠪ ᠰᠣᠶᠣᠯ ᠲᠠᠢ 
ᠡᠵᠡᠨ ᠨᠤᠲᠤᠭ ᠲᠤ ᠪᠠᠨ ᠳᠠᠷᠬᠠᠨ ᠠᠯᠳᠠᠷ ᠲᠠᠢ 
ᠡᠷᠳᠡᠮᠲᠡᠨ ᠪᠠᠭᠰᠢ ᠨᠠᠷ ᠤ᠋ᠨ ᠵᠢᠳᠬᠦᠯ ᠦ᠋ᠨ ᠮᠥᠷ ᠲᠡᠢ 
ᠡᠬᠡ ᠰᠤᠷᠭᠠᠭᠤᠯᠢ ᠮᠢᠨᠢ ᠰᠡᠳᠬᠢᠯ ᠳ᠋ᠦ᠍ ᠤᠶᠠᠭ᠎ᠠ ᠲᠠᠢ 
ᠪᠠᠶᠠᠨᠬᠠᠷ᠎ᠠ ᠶ᠋ᠢᠨ ᠴᠡᠩᠬᠡᠷ ᠪᠠᠷ᠎ᠠ ᠲᠠᠢ
ᠪᠠᠭᠠᠲᠤᠷ ᠪᠢᠯᠢᠭ ᠦ᠋ᠨ ᠳᠡᠯᠭᠡᠷ ᠰᠣᠶᠣᠮᠵᠢ ᠲᠠᠢ
ᠪᠠᠭᠠᠴᠤᠳ ᠵᠠᠯᠠᠭᠤᠴᠤᠳ ᠨᠢ ᠬᠦᠰᠡᠯ ᠦ᠋ᠨ ᠵᠢᠭᠦᠷ ᠲᠡᠢ
ᠪᠢᠳᠡᠨ ᠦ᠌ ᠰᠤᠷᠭᠠᠭᠤᠯᠢ ᠳᠡᠭᠦᠯᠢᠯ ᠦ᠋ᠨ ᠲᠠᠪᠴᠠᠩ
ᠠ ᠪᠠᠳᠠᠷᠠᠬᠤ ᠰᠤᠷᠭᠠᠭᠤᠯᠢ ᠮᠢᠨᠢ
ᠡᠷᠳᠡᠮ ᠦ᠋ᠨ ᠥᠯᠥᠭᠡᠢ
ᠠ ᠪᠠᠳᠠᠷᠠᠬᠤ ᠰᠤᠷᠭᠠᠭᠤᠯᠢ ᠮᠢᠨᠢ
ᠲᠠ ᠪᠢᠳᠡᠨ ᠦ᠌ ᠬᠠᠢᠷ᠎ᠠ ᠶ᠋ᠢᠨ ᠳᠡᠯᠡᠬᠡᠢ

ᠰᠢᠷᠠᠬᠠᠳᠠᠨ ᠤ᠋ ᠰᠡᠷᠭᠦᠯᠡᠩ ᠤᠨᠢᠶᠠᠷ ᠲᠠᠢ
ᠰᠡᠳᠬᠢᠯ ᠰᠡᠷᠭᠦᠭᠡᠮ᠎ᠡ ᠢᠷᠠᠭᠤ ᠤᠩᠰᠢᠯᠭ᠎ᠠ ᠲᠠᠢ
ᠰᠢᠨᠳᠠᠰᠤ ᠴᠢᠩᠭᠠᠯᠠᠬᠤ ᠶ᠋ᠢᠨ ᠠᠷᠢᠭᠤᠨ ᠰᠤᠷᠭᠠᠯ ᠲᠠᠢ
ᠰᠠᠢᠬᠠᠨ ᠰᠤᠷᠭᠠᠭᠤᠯᠢ ᠮᠢᠨᠢ ᠴᠡᠴᠡᠷᠯᠢᠭᠴᠢ ᠶ᠋ᠢᠨ ᠮᠦᠰᠢᠶᠡᠯ
ᠤᠷᠤᠰᠬᠠᠯᠲᠤ ᠴᠣᠣᠯ ᠭᠣᠣᠯ ᠤ᠋ᠨ ᠤᠶᠠᠩᠭ᠎ᠠ ᠶ᠋ᠢᠨ ᠡᠭᠡᠰᠢᠭ ᠲᠡᠢ
ᠤᠭᠰᠠᠭ᠎ᠠ ᠮᠣᠩᠭᠣᠯ ᠤ᠋ᠨ ᠬᠡᠢᠮᠣᠷᠢ ᠵᠢᠪᠬᠤᠭ᠎ᠠ ᠲᠠᠢ
ᠣᠶᠤᠨ ᠤ᠋ ᠲᠤᠯᠭ᠎ᠠ ᠪᠠᠨ ᠪᠠᠳᠠᠷᠠᠭᠠᠬᠤ ᠢᠷᠦᠭᠡᠯ ᠲᠡᠢ
ᠤᠬᠠᠭᠠᠨᠲᠠᠢ ᠰᠤᠷᠭᠠᠭᠤᠯᠢ ᠮᠢᠨᠢ ᠢᠷᠡᠭᠡᠳᠦᠢ ᠶ᠋ᠢᠨ ᠴᠠᠮᠬᠠᠭ
ᠠ ᠪᠠᠳᠠᠷᠠᠬᠤ ᠰᠤᠷᠭᠠᠭᠤᠯᠢ ᠮᠢᠨᠢ
ᠡᠷᠳᠡᠮ ᠦ᠋ᠨ ᠥᠯᠥᠭᠡᠢ
ᠠ ᠪᠠᠳᠠᠷᠠᠬᠤ ᠰᠤᠷᠭᠠᠭᠤᠯᠢ ᠮᠢᠨᠢ
ᠲᠠ ᠪᠢᠳᠡᠨ ᠦ᠌ ᠬᠠᠢᠷ᠎ᠠ ᠶ᠋ᠢᠨ ᠳᠡᠯᠡᠬᠡᠢ
ᠠ ᠪᠠᠳᠠᠷᠠᠬᠤ ᠰᠤᠷᠭᠠᠭᠤᠯᠢ ᠮᠢᠨᠢ ᠡᠷᠳᠡᠮ ᠦ᠋ᠨ ᠥᠯᠥᠭᠡᠢ
ᠠ ᠪᠠᠳᠠᠷᠠᠬᠤ ᠰᠤᠷᠭᠠᠭᠤᠯᠢ ᠮᠢᠨᠢ 
ᠲᠠ ᠪᠢᠳᠡᠨ ᠦ᠌ ᠬᠠᠢᠷ᠎ᠠ ᠶ᠋ᠢᠨ ᠳᠡᠯᠡᠬᠡᠢ
ᠲᠠ ᠪᠢᠳᠡᠨ ᠦ᠌ ᠬᠠᠢᠷ᠎ᠠ ᠶ᠋ᠢᠨ ᠳᠡᠯᠡᠬᠡᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ ᠪᠠᠭᠰᠢ᠄ ᠢᠷᠡᠭᠡᠳᠦᠢ