ᠨᠦᠮᠵᠦᠭ ᠳᠤᠯᠠᠭᠠᠨ ᠬᠣᠷᠸ᠎ᠠ- ᠪᠠᠲᠤᠰᠦ᠋ᠬᠡНүнжиг дулаан хорвоо-Батсүх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠦᠮᠵᠦᠭ ᠳᠤᠯᠠᠭᠠᠨ ᠬᠣᠷᠸ᠎ᠠ- ᠪᠠᠲᠤᠰᠦ᠋ᠬᠡНүнжиг дулаан хорвоо-Батсүх

ᠨᠦᠮᠵᠦᠭ ᠳᠤᠯᠠᠭᠠᠨ ᠬᠣᠷᠸ᠎ᠠ- ᠪᠠᠲᠤᠰᠦ᠋ᠬᠡНүнжиг дулаан хорвоо-Батсүх

ᠠᠩᠭᠢᠯᠠᠯ:ᠳᠠᠭᠤᠤ ᠬᠥᠭᠵᠢᠮ
2024-06-01

697

ᠨᠦᠮᠵᠦᠭ ᠳᠤᠯᠠᠭᠠᠨ ᠬᠣᠷᠸ᠎ᠠ

   ᠰᠢᠯᠦᠭ᠄ ᠷᠠ᠊· ᠴᠢᠯᠠᠭᠤ 
   ᠠᠶ᠎ᠠ᠄ ᠪᠠᠲᠤᠰᠦ᠋ᠬᠡ 
   ᠳᠠᠭᠤᠴᠢᠨ᠄ ᠪᠠᠲᠤᠰᠦ᠋ᠬᠡ 

ᠦᠷ ᠦ᠋ᠨ ᠭᠡᠭᠡ ᠪᠡᠷ ᠠᠳᠤᠭᠤᠨ ᠳ᠋ᠤ᠌ ᠪᠠᠨ ᠮᠣᠷᠳᠠᠭᠠᠳ 
ᠦᠳᠡᠰᠢ ᠶ᠋ᠢᠨ ᠪᠦᠷᠦᠢ ᠪᠡᠷ ᠮᠠᠨᠠᠭᠠᠨ ᠳ᠋ᠤ᠌ ᠪᠠᠨ ᠢᠰᠬᠡᠷᠦᠭᠰᠡᠨ 
ᠤᠷᠲᠤ ᠶ᠋ᠢᠨ ᠳᠠᠭᠤᠨ ᠤ᠋ ᠡᠭᠡᠰᠢᠭ ᠰᠢᠷᠤᠩᠬᠠᠢᠯᠠᠭᠠᠳ 
ᠣᠳᠣᠨ ᠰᠦᠷᠦᠭ ᠦ᠋ᠨ ᠬᠡᠰᠢᠭ ᠬᠤᠷᠤᠢᠯᠠᠭᠰᠠᠨ 
ᠮᠢᠨᠦ ᠠᠪᠤ ᠮᠠᠯᠴᠢᠨ ᠬᠥᠮᠦᠨ ᠳᠡ 
ᠮᠢᠩᠭᠠᠲᠤ ᠶ᠋ᠢᠨ ᠭᠠᠪᠢᠶᠠᠲᠤ ᠡᠵᠡᠨ ᠬᠥᠮᠦᠨ ᠳᠡ 

ᠡᠷ᠎ᠡ ᠬᠦᠯᠦᠭ ᠦ᠋ᠨ ᠨᠢᠷᠤᠭᠤᠨ ᠳᠡᠭᠡᠷ᠎ᠡ 
ᠡᠨᠡᠬᠡᠨ ᠨᠠᠰᠤ ᠪᠠᠨ ᠡᠯᠡᠭᠡᠵᠦ ᠰᠠᠭᠤᠭᠰᠠᠨ
ᠡᠭᠡᠪᠦᠷ ᠳᠤᠯᠠᠭᠠᠨ ᠨᠤᠲᠤᠭ ᠢ᠋ᠶ᠋ᠠᠨ ᠥᠮᠴᠢᠷᠬᠡᠵᠦ
ᠳᠡᠭᠡᠪᠦᠷ ᠴᠠᠭᠠᠨ ᠭᠡᠷ ᠲᠤ ᠪᠠᠨ ᠬᠠᠩᠬᠠᠢᠭᠰᠠᠨ
ᠮᠢᠨᠦ ᠠᠪᠤ ᠮᠠᠯᠴᠢᠨ ᠬᠥᠮᠦᠨ ᠳᠡ
ᠮᠠᠩᠨᠤᠭ ᠲᠠᠯ᠎ᠠ ᠳ᠋ᠤ᠌ ᠪᠠᠨ ᠡᠵᠡᠨ ᠬᠥᠮᠦᠨ ᠳᠡ

ᠣᠶᠤᠨ ᠪᠣᠳᠣᠯ ᠳ᠋ᠤ᠌ ᠪᠠᠨ ᠪᠦᠬᠦᠨ ᠢ᠋ ᠲᠤᠩᠭᠠᠭᠰᠠᠨ
ᠣᠯᠠᠨ ᠤ᠋ ᠳᠤᠮᠳᠠ ᠪᠠᠨ ᠠᠯᠳᠠᠷᠰᠢᠬᠤ ᠦᠢᠯᠡᠰ ᠲᠡᠢ
ᠬᠠᠢᠷ᠎ᠠ ᠪᠠᠷ ᠢᠪᠡᠭᠡᠵᠦ ᠬᠣᠷᠸ᠎ᠠ ᠶ᠋ᠢ ᠠᠷᠭᠠᠳᠠᠭᠰᠠᠨ
ᠳᠣᠮᠣᠭ ᠰᠢᠭ᠋ ᠳᠠᠭᠤᠷᠢᠰᠬᠤ ᠦᠨᠡᠨ ᠳᠤᠷᠠᠳᠬᠠᠯ ᠲᠠᠢ
ᠮᠢᠨᠦ ᠠᠪᠤ ᠮᠠᠯᠴᠢᠨ ᠬᠥᠮᠦᠨ ᠳᠡ
ᠨᠦᠮᠵᠦᠭ ᠳᠤᠯᠠᠭᠠᠨ ᠬᠣᠷᠸ᠎ᠠ ᠳᠠ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠳᠠᠭᠴᠢ᠄ ᠰᠣᠳᠣ
   ᠬᠢᠨᠠᠭᠴᠢ᠄ ᠣᠳᠬᠠᠨᠰᠤ᠎ᠠ
   ᠰᠢᠩᠭᠡᠭᠡᠨ ᠦᠢᠯᠡᠳᠦᠭᠴᠢ᠄ ᠾᠦᠩ ᠸᠧᠢ