ᠡᠷᠡᠭᠦᠯ ᠡᠩᠬᠡ ᠠᠮᠢᠳᠤᠷᠠᠬᠤ 10 ᠠᠷᠭ᠎ᠠЭрүүл энх амьдрах 10 арга ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠭᠦᠯ ᠡᠩᠬᠡ ᠠᠮᠢᠳᠤᠷᠠᠬᠤ 10 ᠠᠷᠭ᠎ᠠЭрүүл энх амьдрах 10 арга

ᠡᠷᠡᠭᠦᠯ ᠡᠩᠬᠡ ᠠᠮᠢᠳᠤᠷᠠᠬᠤ 10 ᠠᠷᠭ᠎ᠠЭрүүл энх амьдрах 10 арга

ᠠᠩᠭᠢᠯᠠᠯ:ᠡᠷᠡᠭᠦᠯ ᠡᠩᠬᠡ
2022-05-28

715

ᠡᠷᠡᠭᠦᠯ ᠡᠩᠬᠡ ᠠᠮᠢᠳᠤᠷᠠᠬᠤ ᠶ᠋ᠢᠨ 10 ᠠᠷᠭ᠎ᠠ


    ᠡᠷᠡᠭᠦᠯ ᠡᠩᠬᠡ ᠶᠠᠪᠤᠪᠠᠯ ᠮᠢᠩᠭ᠎ᠠ ᠪᠠᠢᠲᠤᠭᠠᠢ ᠲᠦᠮᠡ ᠪᠤᠮᠠᠨ ᠪᠣᠯᠤᠨ᠎ᠠ᠃ ᠬᠥᠮᠦᠨ ᠡᠷᠡᠭᠦᠯ ᠠᠮᠢᠳᠤᠷᠠᠬᠤ ᠶ᠋ᠢᠨ ᠲᠤᠯᠠᠳᠠ ᠥᠪᠡᠷ ᠦ᠋ᠨ ᠬᠢᠵᠦ ᠴᠢᠳᠠᠬᠤ ᠪᠣᠯᠤᠯᠴᠠᠭ᠎ᠠ ᠲᠠᠢ ᠪᠦᠬᠦᠨ ᠢ᠋ ᠬᠢᠳᠡᠭ ᠪᠠᠢᠬᠤ ᠬᠡᠷᠡᠭᠲᠡᠢ᠃ ᠭᠡᠪᠡᠴᠦ ᠵᠠᠷᠢᠮ ᠦᠶ᠎ᠡ ᠳ᠋ᠦ᠍ ᠠᠮᠢᠳᠤᠷᠠᠯ ᠳ᠋ᠠᠭᠠᠨ ᠮᠥᠷᠳᠡᠯᠭᠡ ᠪᠣᠯᠭᠠᠬᠤ ᠡᠩ ᠦ᠋ᠨ ᠬᠡᠳᠦᠨ ᠵᠦᠢᠯ ᠢ᠋ ᠴᠦ᠍ ᠲᠡᠷᠡ ᠪᠦᠷ ᠠᠩᠵᠠᠭᠠᠷᠠᠬᠤ ᠦᠭᠡᠢ ᠪᠠᠢᠬᠤ ᠨᠢ ᠪᠣᠢ᠃
1. ᠵᠡᠭᠦᠷᠮᠡᠭᠯᠡᠵᠦ ᠰᠤᠷ!
ᠬᠡᠷᠪᠡ ᠲᠠ ᠨᠣᠢᠷ ᠰᠠᠢᠲᠠᠢ ᠪᠣᠯ ᠪᠣᠯᠤᠮᠵᠢ ᠲᠠᠢ ᠦᠶ᠎ᠡ ᠳ᠋ᠡᠭᠡᠨ ᠪᠠᠭ᠎ᠠ ᠵᠡᠷᠭᠡ ᠤᠨᠲᠠᠵᠤ ᠪᠠᠢ᠃ ᠢᠩᠭᠢᠵᠦ ᠴᠢᠳᠠᠪᠠᠯ ᠲᠠᠨ ᠤ᠋ ᠪᠡᠶ᠎ᠡ ᠪᠣᠯᠤᠨ ᠣᠶᠤᠨ ᠤ᠋ ᠴᠢᠳᠠᠪᠬᠢ ᠳ᠋ᠤ᠌ ᠡᠶᠡᠷᠭᠦ ᠪᠡᠷ ᠨᠥᠯᠥᠭᠡᠯᠡᠵᠦ᠂ ᠪᠦᠲᠦᠭᠡᠯᠴᠢ ᠴᠢᠳᠠᠪᠤᠷᠢ ᠶ᠋ᠢ ᠳᠡᠭᠡᠭᠰᠢᠯᠡᠭᠦᠯᠦᠨ᠎ᠡ᠃ ᠦᠳᠡ ᠶ᠋ᠢᠨ ᠬᠣᠭᠣᠯᠠᠨ ᠤ᠋ ᠳᠠᠷᠠᠭ᠎ᠠ ᠪᠠᠭ᠎ᠠ ᠵᠡᠷᠭᠡ ᠵᠡᠭᠦᠷᠮᠡᠭᠯᠡᠬᠦ ᠨᠢ ᠲᠤᠩ ᠠᠰᠢᠭᠲᠠᠢ ᠭᠡᠵᠦ ᠡᠷᠳᠡᠮᠲᠡᠳ ᠦᠵᠡᠳᠡᠭ᠃ ᠭᠤᠲᠤᠯ ᠢ᠋ᠶ᠋ᠠᠨ ᠲᠠᠢᠯᠤᠭᠠᠳ᠂ ᠬᠥᠰᠢᠭ ᠢ᠋ᠶ᠋ᠡᠨ ᠬᠠᠭᠠᠭᠠᠳ 14 ᠮᠢᠨᠦ᠋ᠲ ᠯᠡ ᠲᠠᠢᠪᠤᠩ ᠤᠨᠲᠠᠵᠤ ᠴᠢᠳᠠᠳᠠᠭ ᠪᠠᠢᠬᠤ ᠬᠡᠷᠡᠭᠲᠡᠢ᠃
2 . ᠵᠥᠪ ᠰᠠᠭᠤᠵᠤ ᠰᠤᠷ!
ᠶᠡᠬᠡᠩᠬᠢ ᠬᠥᠮᠦᠰ ᠰᠠᠨᠳᠠᠯᠢ ᠳᠡᠭᠡᠷ᠎ᠡ ᠪᠤᠷᠤᠭᠤ ᠰᠠᠭᠤᠵᠤ᠂ ᠤᠷᠤᠭᠰᠢ ᠪᠠᠨ ᠬᠡᠳᠦ ᠲᠣᠩᠭᠣᠢᠭᠰᠠᠨ ᠠ᠋ᠴᠠ ᠲᠡᠩᠴᠡᠪᠦᠷᠢ ᠪᠡᠨ ᠠᠯᠳᠠᠵᠤ᠂ ᠶᠡᠬᠡ ᠡᠪ ᠦᠭᠡᠢ ᠪᠠᠢᠳᠠᠯ ᠳ᠋ᠤ᠌ ᠣᠷᠣᠳᠠᠭ ᠪᠣᠯᠬᠤ ᠶ᠋ᠢ ᠡᠮᠴᠢ ᠮᠡᠷᠭᠡᠵᠢᠯᠲᠡᠨ ᠨᠦ᠍ᠭᠦᠳ ᠲᠣᠭᠲᠠᠭᠠᠵᠠᠢ᠃ ᠬᠡᠷᠪᠡ ᠲᠠ ᠶᠡᠬᠡᠩᠬᠢ ᠴᠠᠭ ᠢ᠋ᠶ᠋ᠠᠨ ᠰᠢᠷᠡᠭᠡᠨ ᠦ᠌ ᠠᠷᠤ ᠳ᠋ᠤ᠌ ᠥᠩᠭᠡᠷᠡᠭᠦᠯᠳᠡᠭ ᠪᠣᠯ ᠪᠡᠶ᠎ᠡ ᠳ᠋ᠡᠭᠡᠨ ᠠᠯᠢ ᠪᠣᠯᠬᠤ ᠡᠪᠲᠡᠢᠬᠡᠨ ᠪᠠᠢᠳᠠᠯ ᠢ᠋ᠶ᠋ᠠᠷ ᠰᠠᠭᠤᠵᠤ ᠪᠠᠢ᠃ ᠰᠠᠨᠳᠠᠯᠢ ᠲᠣᠭᠲᠠᠪᠤᠷᠢᠲᠠᠢ᠂ ᠲᠦᠰᠢᠯᠭᠡ ᠨᠢ ᠲᠣᠬᠢᠷᠠᠭᠰᠠᠨ᠂ ᠥᠭᠡᠵᠡᠭ᠂ ᠡᠪᠦᠳᠦᠭ ᠬᠣᠶᠠᠷ ᠴᠢᠨᠢ ᠨᠢᠭᠡ ᠲᠦᠪᠰᠢᠨ ᠳ᠋ᠦ᠍ ᠪᠠᠢᠷᠢᠯᠠᠵᠤ ᠥᠰᠥᠭᠡᠢ ᠴᠢᠨᠢ ᠱᠠᠯᠠᠨ ᠳᠡᠭᠡᠷ᠎ᠡ ᠪᠦᠲᠦᠨ ᠲᠠᠯᠪᠢᠭᠳᠠᠭᠰᠠᠨ ᠪᠠᠢᠬᠤ ᠱᠠᠭᠠᠷᠳᠠᠯᠭ᠎ᠠ ᠲᠠᠢ᠃
3 . ᠰᠡᠳᠬᠢᠵᠦ ᠰᠤᠷ!
ᠠᠯᠢᠪᠠ ᠶᠠᠭᠤᠮ᠎ᠠ ᠶ᠋ᠢ ᠬᠥᠮᠦᠨ ᠶᠠᠭᠠᠬᠢᠵᠤ ᠬᠦᠯᠢᠶᠡᠵᠦ ᠠᠪᠬᠤ ᠠ᠋ᠴᠠ ᠪᠦᠬᠦ ᠵᠦᠢᠯ ᠰᠢᠯᠲᠠᠭᠠᠯᠠᠳᠠᠭ ᠪᠣᠯᠬᠤ ᠶ᠋ᠢ ᠡᠷᠳᠡᠮᠲᠡᠳ ᠲᠣᠭᠲᠠᠭᠠᠵᠠᠢ᠃ ᠲᠤᠬᠠᠢ ᠶ᠋ᠢᠨ ᠠᠵᠢᠯ ᠢ᠋ ᠬᠢᠵᠦ ᠭᠦᠢᠴᠡᠳᠬᠡᠬᠦ ᠳ᠋ᠡᠭᠡᠨ ᠬᠡᠴᠡᠭᠦᠦ ᠪᠠᠢᠬᠤ ᠲᠠᠯ᠎ᠠ ᠪᠠᠷ ᠨᠢ ᠪᠤᠰᠤ᠂ ᠬᠠᠷᠢᠨ ᠡᠨᠡ ᠠᠵᠢᠯ ᠢ᠋ ᠬᠡᠷᠬᠢᠨ ᠶᠠᠭᠠᠬᠢᠵᠤ ᠠᠮᠵᠢᠯᠲᠠ ᠲᠠᠢ ᠳᠠᠭᠤᠰᠬᠠᠬᠤ ᠲᠤᠬᠠᠢ ᠯᠠ ᠪᠣᠳᠣᠳᠠᠭ ᠪᠣᠯ ᠲᠠ ᠶᠠᠭᠤ ᠶ᠋ᠢ ᠴᠦ᠍ ᠬᠢᠵᠦ ᠴᠢᠳᠠᠨ᠎ᠠ᠃
4 . ᠪᠡᠶ᠎ᠡ ᠪᠡᠨ ᠰᠤᠯᠠᠯᠠᠵᠤ ᠪᠠᠢ!
ᠵᠠᠷᠢᠮ ᠲᠣᠬᠢᠶᠠᠯᠳᠤᠯ ᠳ᠋ᠤ᠌ ᠶᠠᠭᠤ ᠴᠤ᠌ ᠬᠢᠬᠦ ᠦᠭᠡᠢ ᠵᠦᠭᠡᠷ ᠪᠠᠢᠬᠤ ᠨᠢ ᠬᠠᠮᠤᠭ ᠤ᠋ᠨ ᠵᠣᠪᠠᠯᠠᠩ ᠲᠠᠢ ᠶᠤᠮ ᠰᠢᠭ᠋ ᠪᠠᠢᠳᠠᠭ᠃ ᠭᠡᠬᠦ ᠳ᠋ᠡᠭᠡᠨ ᠬᠡᠰᠡᠭ ᠬᠤᠭᠤᠴᠠᠭᠠᠨ ᠳ᠋ᠤ᠌ ᠵᠦᠭᠡᠷ ᠰᠠᠭᠤᠬᠤ ᠳ᠋ᠤ᠌ ᠪᠡᠶ᠎ᠡ ᠶ᠋ᠢᠨ ᠢᠳᠡᠪᠬᠢᠵᠢᠯ ᠰᠠᠢᠵᠢᠷᠠᠳᠠᠭ ᠪᠠᠢᠨ᠎ᠠ᠃ ᠢᠩᠭᠢᠵᠦ ᠪᠡᠶ᠎ᠡ ᠶ᠋ᠢᠨ ᠢ᠋ᠶ᠋ᠡᠨ ᠢᠳᠡᠪᠬᠢᠵᠢᠯ ᠢ᠋ ᠰᠠᠢᠵᠢᠷᠠᠭᠤᠯᠤᠶ᠎ᠠ ᠭᠡᠪᠡᠯ ᠦᠶ᠎ᠡ ᠦᠶ᠎ᠡ ᠶᠠᠭᠤ ᠴᠤ᠌ ᠬᠢᠬᠦ ᠦᠭᠡᠢ ᠠᠮᠠᠷᠠᠵᠤ ᠪᠠᠢᠬᠤ ᠬᠡᠷᠡᠭᠲᠡᠢ᠃ ᠪᠡᠶ᠎ᠡ ᠪᠡᠨ ᠠᠯᠢ ᠪᠣᠯᠬᠣᠷ ᠰᠤᠯᠠ ᠲᠠᠯᠪᠢᠵᠤ ᠨᠢᠭᠡ ᠬᠡᠰᠡᠭ ᠬᠤᠭᠤᠴᠠᠭᠠᠨ ᠳ᠋ᠤ᠌ ᠪᠠᠢᠵᠤ ᠴᠢᠳᠠᠪᠠᠯ ᠲᠠᠨ ᠤ᠋ ᠢᠳᠡᠪᠬᠢ ᠳᠡᠭᠡᠭᠰᠢᠯᠡᠨ᠎ᠡ᠃
5 . ᠪᠠᠢᠩᠭᠤ ᠬᠥᠳᠡᠯ!
ᠪᠡᠶ᠎ᠡ ᠪᠡᠨ ᠲᠣᠭᠲᠠᠮᠠᠯ ᠴᠢᠭᠢᠷᠠᠭᠵᠢᠭᠤᠯᠵᠤ᠂ ᠳᠠᠰᠬᠠᠯ ᠰᠤᠷᠭᠠᠭᠤᠯᠢ ᠬᠢᠳᠡᠭ ᠪᠠᠢᠬᠤ ᠬᠡᠷᠡᠭᠲᠡᠢ᠃ ᠡᠨᠡ ᠨᠢ ᠲᠠᠷᠢᠬᠢ ᠪᠣᠯᠤᠨ ᠪᠤᠰᠤᠳ ᠡᠷᠬᠡᠲᠡᠨ ᠢ᠋ ᠬᠦᠴᠢᠯᠲᠥᠷᠦᠭᠴᠢ ᠪᠡᠷ ᠬᠠᠩᠭᠠᠬᠤ ᠦᠢᠯᠡ ᠠᠵᠢᠯᠯᠠᠭ᠎ᠠ ᠶ᠋ᠢ ᠰᠠᠢᠵᠢᠷᠠᠭᠤᠯᠤᠨ᠎ᠠ᠃ ᠮᠥᠨ ᠪᠡᠶ᠎ᠡ ᠶ᠋ᠢᠨ ᠲᠠᠮᠢᠷ ᠤ᠋ᠨ ᠳᠠᠰᠬᠠᠯ ᠬᠢᠵᠦ ᠬᠥᠯᠥᠷᠡᠬᠦ ᠨᠢ ᠤᠰᠤᠨ ᠳ᠋ᠤ᠌ ᠣᠷᠣᠭᠰᠠᠨ ᠮᠡᠲᠦ ᠰᠡᠳᠬᠢᠭᠳᠡᠯ ᠲᠥᠷᠥᠭᠦᠯᠵᠦ ᠪᠡᠶ᠎ᠡ ᠬᠥᠩᠭᠡᠷᠡᠭᠦᠯᠳᠡᠭ᠃ ᠪᠠᠢᠩᠭᠤ ᠬᠥᠳᠡᠯᠭᠡᠭᠡᠨᠲᠡᠢ ᠪᠠᠢᠵᠤ᠂ ᠪᠡᠶ᠎ᠡ ᠶ᠋ᠢᠨ ᠲᠠᠮᠢᠷ ᠤ᠋ᠨ ᠳᠠᠰᠬᠠᠯ ᠬᠢᠬᠦ ᠶ᠋ᠢᠨ ᠪᠠᠰᠠ ᠨᠢᠭᠡ ᠠᠰᠢᠭ ᠲᠠᠢ ᠲᠠᠯ᠎ᠠ ᠨᠢ ᠨᠣᠢᠷᠤᠨ ᠳ᠋ᠤ᠌ ᠰᠠᠢᠨ ᠢ᠋ᠶ᠋ᠠᠷ ᠨᠥᠯᠥᠭᠡᠯᠡᠳᠡᠭ᠃ ᠡᠳᠦᠷ ᠪᠦᠷᠢ ᠳᠠᠰᠬᠠᠯ ᠬᠢᠳᠡᠭ ᠬᠥᠮᠦᠰ ᠡᠳᠦᠷᠵᠢᠨ ᠬᠡᠪᠲᠡᠵᠦ ᠥᠨᠵᠢᠳᠡᠭ ᠬᠥᠮᠦᠰ ᠡᠴᠡ ᠢᠯᠡᠭᠦᠦ ᠨᠣᠢᠷ ᠰᠠᠢᠲᠠᠢ ᠪᠠᠢᠳᠠᠭ᠃ ᠲᠡᠢᠮᠦ ᠡᠴᠡ ᠥᠷᠯᠥᠭᠡ ᠨᠢ ᠢᠯᠡᠭᠦᠦ ᠰᠠᠢᠨ ᠠᠮᠠᠷᠠᠵᠤ ᠪᠣᠰᠳᠠᠭ᠃ ᠲᠡᠢᠮᠦ ᠡᠴᠡ ᠬᠥᠳᠡᠯᠭᠡᠭᠡᠨ ᠦ᠌ ᠠᠴᠢ ᠲᠤᠰᠠ ᠶ᠋ᠢ ᠮᠠᠲᠠᠷᠠᠶ᠎ᠠ ᠭᠡᠪᠡᠯ 7 ᠬᠣᠨᠣᠭ ᠲᠤ᠌ 3-4 ᠤᠳᠠᠭ᠎ᠠ 30 ᠮᠢᠨᠦ᠋ᠲ ᠡᠴᠡ ᠪᠠᠭ᠎ᠠ ᠦᠭᠡᠢ ᠬᠤᠭᠤᠴᠠᠭ᠎ᠠ ᠪᠠᠷ ᠬᠥᠳᠡᠯᠭᠡᠭᠡᠨᠲᠡᠢ ᠪᠠᠢᠵᠤ ᠪᠡᠶ᠎ᠡ ᠶ᠋ᠢᠨ ᠲᠠᠮᠢᠷ ᠤ᠋ᠨ ᠳᠠᠰᠬᠠᠯ ᠬᠢᠭᠡᠷᠡᠢ᠃
6 . ᠬᠥᠩᠭᠡᠨ ᠬᠣᠭᠣᠯᠠᠯᠠ!
ᠬᠡᠵᠢᠶ᠎ᠡ ᠴᠦ᠍ ᠨᠢᠭᠡ ᠳᠣᠣᠷ᠎ᠠ ᠬᠡᠳᠦ ᠶᠡᠬᠡ ᠬᠣᠭᠣᠯᠠ ᠪᠤᠤ ᠢᠳᠡ᠃ ᠢᠩᠭᠢᠬᠦ ᠨᠢ ᠬᠣᠭᠣᠯᠠ ᠪᠣᠯᠪᠠᠰᠤᠷᠠᠭᠤᠯᠬᠤ ᠡᠷᠬᠡᠲᠡᠨ ᠨᠦ᠍ᠭᠦᠳ ᠢ᠋ ᠳᠡᠩᠳᠡᠭᠦᠦ ᠶᠡᠬᠡ ᠠᠴᠢᠶᠠᠯᠠᠯ ᠳ᠋ᠤ᠌ ᠣᠷᠣᠭᠤᠯᠳᠠᠭ ᠮᠠᠭᠤ ᠲᠠᠯ᠎ᠠ ᠲᠠᠢ᠃ ᠲᠡᠷᠡ ᠶᠡᠬᠡ ᠬᠣᠭᠣᠯᠠ ᠶ᠋ᠢ ᠰᠢᠩᠭᠡᠭᠡᠬᠦ ᠦᠢᠯᠡ ᠠᠵᠢᠯᠯᠠᠭᠠᠨ ᠳ᠋ᠤ᠌ ᠮᠠᠰᠢ ᠶᠡᠬᠡ ᠡᠷᠴᠢᠮ ᠬᠦᠴᠦ ᠵᠠᠷᠤᠴᠠᠭᠤᠯᠤᠭᠳᠠᠳᠠᠭ᠃ ᠲᠡᠢᠮᠦ ᠡᠴᠡ ᠬᠣᠭᠣᠯᠠ ᠪᠠᠨ ᠬᠡᠲᠦᠷᠡᠭᠦᠯᠦᠯ ᠦᠭᠡᠢ ᠪᠡᠷ ᠲᠣᠬᠢᠷᠠᠭᠤᠯᠵᠤ ᠢᠳᠡᠵᠦ ᠰᠤᠷ᠃ ᠶᠡᠬᠡ ᠬᠣᠭᠣᠯᠠ ᠢᠳᠡᠭᠰᠡᠨ ᠦ᠌ ᠳᠠᠷᠠᠭ᠎ᠠ ᠬᠥᠮᠦᠨ ᠦ᠌ ᠨᠣᠢᠷ ᠬᠦᠷᠳᠡᠭ᠃ ᠭᠡᠳᠡᠰᠦ ᠴᠠᠳᠬᠤᠯᠠᠩ ᠤᠨᠲᠠᠬᠤ ᠨᠢ ᠲᠡᠢᠮᠦ ᠴᠦ᠍ ᠰᠠᠢᠨ ᠵᠦᠢᠯ ᠪᠢᠰᠢ᠃ ᠲᠡᠢᠮᠦ ᠡᠴᠡ ᠶᠠᠮᠠᠷ ᠴᠤ᠌ ᠬᠣᠭᠣᠯᠠ ᠢᠳᠡᠭᠰᠡᠨ ᠦ᠌ ᠳᠠᠷᠠᠭ᠎ᠠ ᠨᠣᠢᠷ ᠬᠦᠷᠬᠦ ᠪᠡᠷ ᠦᠭᠡᠢ ᠪᠡᠷ ᠯᠡ ᠥᠪᠡᠷᠲᠡᠭᠡᠨ ᠲᠠᠭᠠᠷᠠᠭᠤᠯᠵᠤ ᠢᠳᠡᠬᠦ ᠬᠡᠷᠡᠭᠲᠡᠢ᠃
7 . ᠴᠠᠭ ᠢ᠋ᠶ᠋ᠠᠷ ᠬᠣᠭᠣᠯᠠᠯᠠ!
ᠡᠯᠡᠰᠦᠨ ᠰᠢᠬᠢᠷ ᠡᠴᠡ ᠪᠦᠷᠢᠮᠦᠰᠦᠨ ᠲᠠᠲᠠᠭᠠᠯᠵᠠᠵᠤ ᠪᠣᠯᠬᠤ ᠦᠭᠡᠢ᠃ ᠤᠴᠢᠷ ᠨᠢ ᠴᠢᠰᠤᠨ ᠳ᠋ᠤ᠌ ᠪᠠᠢᠬᠤ ᠶᠣᠰᠣᠲᠠᠢ ᠰᠠᠬᠠᠷᠠ ᠶ᠋ᠢᠨ ᠬᠡᠮᠵᠢᠶ᠎ᠡ ᠭᠡᠵᠦ ᠪᠣᠢ᠃ ᠴᠢᠰᠤᠨ ᠳ᠋ᠤ᠌ ᠰᠢᠬᠢᠷ ᠦ᠋ᠨ ᠬᠡᠮᠵᠢᠶ᠎ᠡ ᠪᠠᠭ᠎ᠠ ᠪᠣᠯᠴᠢᠬᠠᠪᠠᠯ ᠪᠡᠶ᠎ᠡ ᠶ᠋ᠢᠨ ᠪᠣᠯᠤᠨ ᠣᠶᠤᠨ ᠤ᠋ ᠡᠷᠴᠢ ᠬᠦᠴᠦ ᠠᠮᠠᠷᠬᠠᠨ ᠮᠣᠬᠣᠵᠤ ᠳᠣᠷᠣᠢᠲᠠᠳᠠᠭ᠃ ᠬᠡᠷᠪᠡ ᠲᠠ ᠬᠣᠭᠣᠯᠠᠯᠠᠬᠤ ᠶᠣᠰᠣᠲᠠᠢ ᠬᠤᠭᠤᠴᠠᠭᠠᠨ ᠳ᠋ᠠᠭᠠᠨ ᠬᠣᠭᠣᠯᠠᠯᠠᠬᠤ ᠦᠭᠡᠢ ᠣᠯᠠᠨ ᠴᠠᠭ ᠪᠣᠯᠳᠠᠭ ᠪᠣᠯ ᠴᠢᠰᠤᠨ ᠳ᠋ᠠᠬᠢ ᠰᠠᠬᠠᠷᠠ ᠶ᠋ᠢᠨ ᠲᠦᠪᠰᠢᠨ ᠢ᠋ᠶ᠋ᠡᠨ ᠡᠷᠡᠰ ᠪᠠᠭᠤᠷᠠᠭᠤᠯᠵᠤ ᠪᠠᠢᠨ᠎ᠠ ᠭᠡᠵᠦ ᠣᠢᠯᠭᠠᠬᠤ ᠬᠡᠷᠡᠭᠲᠡᠢ᠃ ᠡᠢᠮᠦ ᠡᠴᠡ ᠲᠠ ᠥᠯᠥᠰᠦᠭᠡ ᠦᠭᠡᠢ ᠪᠠᠢᠭᠰᠠᠨ ᠴᠤ᠌ ᠲᠣᠭᠲᠠᠮᠠᠯ ᠴᠠᠭ ᠲᠤ᠌ ᠪᠠᠨ ᠬᠣᠭᠣᠯᠠᠯᠠᠵᠤ ᠪᠠᠢᠭᠠᠷᠠᠢ᠃ ᠬᠣᠭᠣᠯᠠ ᠢᠳᠡᠮᠡᠷ ᠦᠭᠡᠢ ᠪᠣᠯ ᠶᠠᠳᠠᠬᠤ ᠳ᠋ᠠᠭᠠᠨ ᠬᠥᠩᠭᠡᠨ ᠵᠠᠭᠤᠰᠢ᠂ ᠵᠢᠮᠢᠰ ᠴᠦ᠍ ᠪᠣᠯᠤᠭᠰᠠᠨ ᠢᠳᠡᠵᠦ ᠪᠠᠢᠭᠠᠷᠠᠢ᠃ ᠬᠠᠷᠢᠨ ᠠᠮᠲᠠᠲᠠᠨ ᠢᠳᠡᠬᠦ ᠬᠡᠷᠡᠭ ᠦᠭᠡᠢ᠃ ᠶᠠᠭᠠᠬᠢᠭᠠᠳ ᠭᠡᠪᠡᠯ ᠴᠢᠰᠤᠨ ᠳ᠋ᠤ᠌ ᠰᠠᠬᠠᠷ ᠳᠤᠲᠠᠭᠳᠠᠭᠰᠠᠨ ᠦᠶ᠎ᠡ ᠳ᠋ᠦ᠍ ᠶᠠᠮᠠᠷ ᠨᠢᠭᠡᠨ ᠠᠮᠲᠠᠲᠠᠨ ᠢᠳᠡᠬᠦ ᠬᠦᠰᠡᠯ ᠲᠥᠷᠥᠳᠡᠭ᠃ ᠠᠮᠲᠠᠯᠢᠭ ᠢᠳᠡᠭᠡ ᠤᠮᠳᠠᠭ᠎ᠠ ᠨᠢ ᠰᠠᠬᠠᠷᠠ ᠶ᠋ᠢᠨ ᠲᠦᠪᠰᠢᠨ ᠢ᠋ ᠮᠠᠰᠢ ᠠᠮᠠᠷᠬᠠᠨ ᠥᠰᠬᠡᠳᠡᠭ ᠪᠥᠭᠡᠳ ᠴᠢᠨᠠᠭᠰᠢᠳᠠ ᠪᠠᠨ ᠴᠢᠰᠤᠨ ᠳ᠋ᠠᠬᠢ ᠰᠠᠬᠠᠷ ᠢ᠋ ᠪᠠᠢᠩᠭᠤ ᠨᠡᠮᠡᠭᠳᠡᠳᠡᠭ ᠪᠣᠯᠭᠠᠬᠤ ᠮᠠᠭᠤ ᠲᠠᠯ᠎ᠠ ᠲᠠᠢ᠃
8 . ᠪᠠᠢᠩᠭᠤ ᠰᠢᠩᠭᠡᠨ ᠤᠤᠭᠤ!
ᠬᠥᠮᠦᠨ ᠦ᠌ ᠪᠡᠶ᠎ᠡ ᠶ᠋ᠢ ᠴᠡᠪᠡᠷᠰᠢᠭᠦᠯᠳᠡᠭ ᠬᠠᠮᠤᠭ ᠤ᠋ᠨ ᠰᠢᠯᠢᠳᠡᠭ ᠪᠦᠲᠦᠭᠡᠭᠳᠡᠬᠦᠨ ᠪᠣᠯ ᠰᠢᠩᠭᠡᠨ ᠤᠤᠭᠤᠬᠤ ᠶᠤᠮ᠃ ᠭᠡᠬᠦ ᠳ᠋ᠡᠭᠡᠨ ᠬᠡᠢᠵᠢᠭᠦᠯᠦᠭᠰᠡᠨ ᠪᠣᠯᠤᠨ ᠰᠢᠬᠢᠷᠯᠢᠭ ᠤᠮᠳᠠᠭ᠎ᠠ᠂ ᠰᠠᠪᠠᠯᠤᠭ᠎ᠠ ᠲᠠᠢ ᠵᠢᠮᠢᠰᠦᠨ ᠦ᠌ ᠰᠢᠭᠦᠰᠦ ᠪᠢᠰᠢ ᠶᠦᠮ ᠰᠢᠦ᠃ ᠬᠥᠮᠦᠨ ᠳ᠋ᠦ᠍ ᠬᠠᠮᠤᠭ ᠤ᠋ᠨ ᠠᠰᠢᠭᠲᠠᠢ ᠰᠢᠩᠭᠡᠨ ᠪᠣᠯ ᠴᠡᠪᠡᠷᠰᠢᠭᠦᠯᠦᠭᠰᠡᠨ ᠤᠰᠤ᠂ ᠨᠣᠭᠣᠭᠠᠨ ᠴᠠᠢ᠂ ᠷᠠᠰᠢᠶᠠᠨ᠃ ᠬᠣᠭᠣᠯᠠ ᠬᠦᠨᠡᠰᠦᠨ ᠡᠴᠡ ᠪᠡᠶ᠎ᠡ ᠳ᠋ᠦ᠍ ᠬᠤᠷᠠᠮᠳᠤᠯᠠᠭᠳᠠᠭᠰᠠᠨ ᠬᠠᠶᠠᠭᠳᠠᠯ ᠢ᠋ ᠶᠡᠬᠡ ᠬᠡᠮᠵᠢᠶᠡᠨ ᠦ᠌ ᠰᠢᠩᠭᠡᠨ ᠲᠣᠭᠲᠠᠮᠠᠯ ᠬᠡᠷᠡᠭᠯᠡᠭᠰᠡᠨ ᠢ᠋ᠶ᠋ᠡᠷ ᠪᠠᠶᠠᠨ ᠡᠴᠡ ᠪᠡᠨ ᠵᠠᠢᠯᠠᠭᠤᠯᠵᠤ ᠪᠣᠯᠤᠨ᠎ᠠ᠃
9 . ᠺᠣᠹᠧ ᠳ᠋ᠦ᠍ ᠪᠤᠤ ᠳᠤᠷᠠᠯᠠ!
ᠺᠣᠹᠧ ᠳ᠋ᠦ᠍ ᠺᠣᠹᠧᠢᠨ ᠪᠠᠢᠳᠠᠭ ᠨᠢ ᠨᠢᠭᠤᠴᠠ ᠪᠢᠰᠢ ᠪᠣᠯᠤᠭᠰᠠᠨ᠃ ᠡᠨᠡ ᠨᠢ ᠬᠥᠮᠦᠨ ᠢ᠋ ᠥᠪᠡᠷᠲᠡᠭᠡᠨ ᠠᠮᠠᠷᠬᠠᠨ ᠳᠠᠰᠤᠯ ᠪᠣᠯᠭᠠᠳᠠᠭ ᠵᠦᠢᠯ᠃ ᠺᠣᠹᠧ᠂ ᠴᠠᠢ᠂ ᠫᠧᠫᠰᠢ᠂ ᠺᠣᠺᠣ ᠺᠣᠯᠠ ᠵᠡᠷᠭᠡ ᠳ᠋ᠦ᠍ ᠠᠭᠤᠯᠤᠭᠳᠠᠳᠠᠭ ᠺᠣᠹᠧᠢᠨ ᠬᠥᠮᠦᠨ ᠦ᠌    ᠡᠨᠧᠷᠭᠢ ᠶ᠋ᠢ ᠬᠤᠷᠳᠤᠨ ᠥᠰᠬᠡᠳᠡᠭ ᠬᠡᠳᠦᠢ ᠴᠦ᠍ ᠲᠠᠷᠢᠬᠢᠨ ᠳ᠋ᠤ᠌ ᠰᠢᠭᠤᠳ ᠨᠥᠯᠥᠭᠡᠯᠡᠵᠦ ᠰᠠᠢᠨ ᠤᠨᠲᠠᠵᠤ ᠠᠮᠠᠷᠠᠬᠤ ᠳ᠋ᠤᠨᠢ ᠰᠠᠭᠠᠳ ᠪᠣᠯᠳᠠᠭ ᠭᠡᠮ ᠲᠡᠢ᠃ ᠥᠭᠡᠷ᠎ᠡ ᠪᠡᠷ ᠬᠡᠯᠡᠪᠡᠯ ᠣᠷᠣᠢ ᠶ᠋ᠢᠨ ᠴᠠᠭ ᠢ᠋ᠶ᠋ᠠᠷ ᠺᠣᠹᠧᠢᠨ ᠬᠡᠷᠡᠭᠯᠡᠬᠦ ᠲᠣᠰᠤᠮ ᠲᠠ ᠨᠣᠢᠷᠤᠨ ᠳ᠋ᠤ᠌ ᠤᠯᠠᠮ ᠯᠠ ᠮᠠᠭᠤ ᠪᠣᠯᠤᠨ᠎ᠠ ᠭᠡᠰᠡᠨ ᠦᠭᠡ᠃ ᠲᠡᠢᠮᠦ ᠡᠴᠡ ᠡᠳᠦᠷ ᠲᠦ᠍ ᠤᠤᠭᠤᠬᠤ ᠺᠣᠹᠧ ᠪᠠ 1-2 ᠠᠶᠠᠭ᠎ᠠ ᠠ᠋ᠴᠠ ᠪᠤᠤ ᠬᠡᠲᠦᠷᠡᠭᠦᠯᠵᠦ ᠪᠠᠢ᠃ ᠦᠳᠡ ᠡᠴᠡ ᠬᠣᠢᠰᠢ ᠪᠣᠯ ᠡᠨᠡ ᠤᠮᠳᠠᠭ᠎ᠠ ᠶ᠋ᠢ ᠬᠡᠷᠡᠭᠯᠡᠬᠦ ᠦᠭᠡᠢ ᠪᠠᠢᠪᠠᠯ ᠪᠦᠷ ᠴᠦ᠍ ᠰᠠᠢᠨ᠃
10. ᠠᠷᠢᠬᠢ ᠶ᠋ᠢ ᠪᠠᠭᠠᠰᠬ᠎ᠠ!
ᠠᠷᠢᠬᠢ ᠶ᠋ᠢ ᠲᠣᠭᠲᠠᠮᠠᠯ ᠬᠡᠷᠡᠭᠯᠡᠬᠦ ᠨᠢ ᠵᠢᠷᠦᠬᠡᠨ ᠳ᠋ᠦ᠍ ᠮᠠᠭᠤ ᠪᠠᠷ ᠨᠥᠯᠥᠭᠡᠯᠡᠳᠡᠭ ᠭᠡᠳᠡᠭ ᠢ᠋ ᠨᠢᠭᠡᠨᠲᠡ ᠣᠯᠵᠤ ᠲᠣᠭᠲᠠᠭᠠᠭᠰᠠᠨ᠃ ᠰᠫᠢᠷᠲ ᠦ᠋ᠨ ᠲᠥᠷᠥᠯ ᠦ᠋ᠨ ᠤᠮᠳᠠᠭ᠎ᠠ ᠶ᠋ᠢ ᠲᠣᠭᠲᠠᠮᠠᠯ ᠬᠡᠷᠡᠭᠯᠡᠬᠦ ᠨᠢ ᠬᠥᠮᠦᠨ ᠢ᠋ ᠶᠠᠮᠠᠷ ᠴᠤ᠌ ᠢᠳᠡᠪᠬᠢ ᠦᠭᠡᠢ ᠪᠣᠯᠭᠠᠳᠠᠭ᠃ ᠤᠴᠢᠷ ᠨᠢ ᠰᠣᠭᠲᠣᠭᠤᠷᠠᠭᠤᠯᠬᠤ ᠤᠮᠳᠠᠭ᠎ᠠ ᠶ᠋ᠢ ᠬᠡᠷᠡᠭᠯᠡᠬᠦ ᠳ᠋ᠦ᠍ ᠬᠥᠮᠦᠨ ᠦ᠌ ᠴᠢᠰᠤᠨ ᠳ᠋ᠤ᠌ ᠠᠭᠤᠯᠤᠭᠳᠠᠳᠠᠭ ᠰᠠᠬᠠᠷᠠ ᠶ᠋ᠢᠨ ᠲᠦᠪᠰᠢᠨ ᠣᠭᠵᠣᠮ ᠥᠰᠦᠭᠡᠳ᠂ ᠳᠠᠷᠠᠭ᠎ᠠ ᠨᠢ ᠮᠥᠨ ᠣᠭᠵᠣᠮ ᠢ᠋ᠶ᠋ᠠᠷ ᠤᠨᠠᠳᠠᠭ ᠪᠠᠢᠨ᠎ᠠ᠃ ᠴᠢᠰᠤᠨ ᠳ᠋ᠠᠬᠢ ᠰᠠᠬᠠᠷ ᠢᠩᠭᠢᠵᠦ ᠤᠨᠠᠯ᠎ᠠ ᠭᠡᠳ ᠰᠡᠷᠭᠦᠭᠡᠬᠦ ᠳ᠋ᠦ᠍ ᠮᠠᠰᠢ ᠶᠡᠬᠡ ᠬᠤᠭᠤᠴᠠᠭ᠎ᠠ᠂ ᠬᠦᠴᠦ ᠱᠠᠭᠠᠷᠳᠠᠭᠳᠠᠳᠠᠭ ᠪᠠᠢᠨ᠎ᠠ᠃ ᠲᠡᠢᠮᠦ ᠡᠴᠡ ᠴᠦ᠍ ᠬᠥᠮᠦᠰ ᠠᠷᠢᠬᠢ ᠤᠤᠭᠤᠭᠰᠠᠨ ᠤ᠋ ᠪᠠᠨ ᠮᠠᠷᠭᠠᠰᠢ ᠰᠢᠷᠠᠲᠤᠳᠠᠭ᠃ ᠨᠥᠭᠦᠭᠡ ᠲᠠᠯ᠎ᠠ ᠪᠠᠷ ᠠᠷᠢᠬᠢ ᠨᠢ ᠪᠡᠶ᠎ᠡ ᠳ᠋ᠦ᠍ ᠪᠠᠢᠭ᠎ᠠ ᠰᠢᠩᠭᠡᠨ ᠢ᠋ ᠭᠠᠳᠠᠭᠰᠢᠯᠠᠭᠤᠯᠵᠤ ᠬᠥᠮᠦᠨ ᠦ᠌ ᠪᠡᠶ᠎ᠡ ᠣᠷᠭᠠᠨᠢᠰᠮ ᠢ᠋ ᠴᠠᠩᠭᠠᠭᠠᠳᠠᠭ᠃ ᠡᠨᠡ ᠨᠢ ᠪᠥᠭᠡᠷᠡᠨ ᠳ᠋ᠦ᠍ ᠮᠠᠭᠤ ᠪᠠᠷ ᠨᠥᠯᠥᠭᠡᠯᠡᠵᠦ ᠶᠠᠪᠤᠭᠠᠨ ᠳ᠋ᠠᠭᠠᠨ ᠡᠪᠡᠳᠴᠢᠯᠡᠭᠦᠯᠳᠡᠭ ᠪᠠᠢᠨ᠎ᠠ᠃ ᠲᠡᠢᠮᠦ ᠡᠴᠡ ᠲᠠ ᠠᠷᠢᠬᠢ ᠤᠤᠭᠤᠭᠰᠠᠨ ᠪᠣᠯ ᠠᠷᠤ ᠠ᠋ᠴᠠ ᠨᠢ ᠶᠦᠮ ᠤᠤ ᠮᠠᠷᠭᠠᠰᠢ ᠥᠷᠯᠥᠭᠡ ᠨᠢ ᠶᠡᠬᠡ ᠬᠡᠮᠵᠢᠶᠡᠨ ᠦ᠌ ᠰᠢᠩᠭᠡᠨ ᠵᠦᠢᠯ ᠤᠤᠭᠤᠵᠤ ᠪᠠᠢᠭᠠᠷᠠᠢ᠃
ᠳᠡᠭᠡᠷᠡᠬᠢ 10 ᠠᠷᠭ᠎ᠠ᠂ ᠳᠦᠷᠢᠮ ᠢ᠋ ᠲᠠ ᠥᠪᠡᠷ ᠦ᠋ᠨ ᠠᠮᠢᠳᠤᠷᠠᠯ ᠳ᠋ᠠᠭᠠᠨ ᠬᠡᠷᠡᠭᠵᠢᠭᠦᠯᠵᠦ ᠰᠤᠷᠪᠠᠯ ᠲᠠ ᠡᠷᠡᠭᠦᠯ ᠠᠮᠢᠳᠤᠷᠠᠬᠤ ᠦᠨᠳᠦᠰᠦ ᠰᠠᠭᠤᠷᠢ ᠶ᠋ᠢ ᠲᠠᠯᠪᠢᠯ᠎ᠠ ᠯᠠ ᠭᠡᠰᠡᠨ ᠦᠭᠡ᠃ ᠲᠠᠨ ᠳ᠋ᠤ᠌ ᠡᠷᠡᠭᠦᠯ ᠡᠩᠬᠡ ᠶ᠋ᠢ ᠬᠦᠰᠡᠶ᠎ᠡ!

https://news.mn/r/2017966/ ᠡᠴᠡ