ᠡᠵᠢ ᠮᠢᠨᠢ ᠲᠠ ᠤᠷᠲᠤ ᠨᠠᠰᠤᠯᠠᠭᠠᠷᠠᠢ-ᠲᠣᠭᠣᠰЭэж минь да урт наслаарай-Тогос
ᠡᠵᠢ ᠮᠢᠨᠢ ᠲᠠ ᠤᠷᠲᠤ ᠨᠠᠰᠤᠯᠠᠭᠠᠷᠠᠢ
ᠦᠭᠡ᠄ ᠷᠠ᠊· ᠴᠢᠯᠠᠭᠤ
ᠠᠶ᠎ᠠ᠄ ᠲᠦ᠊· ᠤᠯᠠᠭᠠᠨᠪᠠᠭᠠᠲᠤᠷ
ᠳᠠᠭᠤᠴᠢᠨ᠄ ᠲᠣᠭᠣᠰ
ᠬᠠᠨᠠᠭᠠᠷᠬᠠᠨ ᠲᠠᠯ᠎ᠠ ᠰᠢᠭ᠋ ᠢ᠋ᠶ᠋ᠡᠨ ᠲᠡᠨᠢᠭᠦᠬᠡᠨ ᠰᠡᠳᠬᠢᠯᠲᠦ ᠡᠵᠢ ᠮᠢᠨᠢ
ᠬᠠᠢᠯᠭᠠᠨ ᠬᠣᠩᠭᠣᠷ ᠦᠷ᠎ᠡ ᠳ᠋ᠦ᠍ ᠪᠡᠨ ᠨᠥᠮᠥᠷᠢ ᠶᠦᠮ ᠳᠡ
ᠬᠠᠯᠠᠮᠵᠢ ᠡᠨᠡᠷᠢᠯ ᠢ᠋ᠶ᠋ᠡᠨ ᠲᠦᠭᠡᠭᠡᠭᠰᠡᠨ ᠬᠠᠲᠤᠨ ᠤᠬᠠᠭᠠᠨᠲᠤ ᠡᠵᠢ ᠮᠢᠨᠢ
ᠬᠠᠢᠷ᠎ᠠ ᠲᠠᠢ ᠬᠠᠯᠠ ᠲᠠᠢ ᠣᠷᠴᠢᠯᠠᠩ ᠳ᠋ᠤ᠌ ᠪᠠᠨ ᠲᠦᠰᠢᠭ ᠶᠦᠮ ᠳᠡ ᠬᠦ
ᠦᠷ᠎ᠡ ᠮᠢᠨᠢ ᠳᠡ᠂ ᠦᠷ᠎ᠡ ᠮᠢᠨᠢ ᠭᠡᠵᠦ
ᠦᠯᠡᠮᠵᠢ ᠰᠠᠢᠨ ᠢ᠋ ᠢᠷᠦᠭᠡᠭᠰᠡᠨ
ᠥᠷᠥᠰᠢᠶᠡᠯᠲᠦ ᠪᠤᠭᠤᠷᠤᠯ ᠡᠵᠢ ᠮᠢᠨᠢ ᠲᠠ
ᠤᠷᠲᠤ ᠨᠠᠰᠤᠯᠠᠵᠤ ᠬᠠᠢᠷᠠᠯᠠᠭᠠᠷᠠᠢ᠃
ᠠᠷᠤᠭ ᠲᠦᠰᠢᠨ ᠠᠮᠤᠷᠵᠢᠵᠤ ᠬᠣᠷᠸ᠎ᠠ ᠳ᠋ᠤ᠌ ᠲᠥᠷᠥᠭᠦᠯᠦᠭᠰᠡᠨ ᠡᠵᠢ ᠮᠢᠨᠢ
ᠠᠯᠬᠠᠭ ᠲᠣᠭᠣᠨᠣ ᠲᠠᠢ ᠭᠡᠷ ᠲᠦ᠍ ᠪᠡᠨ ᠨᠠᠷᠠᠨ ᠶᠤᠮ ᠳᠠ
ᠠᠩᠭᠢᠷ ᠤᠭᠤᠷᠠᠭ ᠢ᠋ᠶ᠋ᠠᠨ ᠰᠢᠮᠡᠭᠦᠯᠵᠦ ᠪᠦᠪᠡᠢ ᠠᠶᠠᠯᠤᠭᠰᠠᠨ ᠡᠵᠢ ᠮᠢᠨᠢ
ᠠᠯᠲᠠᠨ ᠤᠷᠤᠭ ᠤ᠋ᠨ ᠤᠳᠤᠮ ᠳ᠋ᠤ᠌ ᠪᠠᠨ ᠰᠠᠷᠠᠨ ᠶᠤᠮ ᠳᠠ ᠬᠦ
ᠳᠠᠬᠢᠯᠲᠠ
ᠭᠤᠨᠢᠭ ᠢ᠋ᠶ᠋ᠠᠨ ᠤᠮᠠᠷᠲᠠᠵᠤ ᠮᠢᠰᠢᠶᠡᠭᠰᠡᠨ ᠥᠭᠡᠳᠡ ᠪᠡᠨ ᠠᠷᠠᠨᠰᠢᠨᠲᠤ ᠡᠵᠢ ᠮᠢᠨᠢ
ᠭᠣᠯᠣᠮᠲᠠ ᠪᠠᠳᠠᠷᠠᠭᠰᠠᠨ ᠠᠮᠢᠳᠤᠷᠠᠯ ᠳ᠋ᠤ᠌ ᠪᠠᠨ ᠭᠡᠭᠡ ᠶᠦᠮ ᠳᠡ ᠬᠦ
ᠭᠤᠸ᠎ᠠ ᠦᠵᠡᠰᠬᠦᠯᠡᠩ ᠲᠡᠭᠦᠯᠳᠡᠷ ᠴᠡᠴᠡᠨ ᠪᠢᠯᠢᠭᠲᠦ ᠡᠵᠢ ᠮᠢᠨᠢ
ᠭᠤᠨᠳᠠᠭ᠎ᠠ ᠨᠢ ᠦᠭᠡᠢ ᠲᠠᠯ᠎ᠠ ᠳ᠋ᠤ᠌ ᠪᠠᠨ ᠴᠡᠴᠡᠭ ᠶᠦᠮ ᠳᠡ ᠬᠦ
ᠳᠠᠬᠢᠯᠲᠠ
2022 ᠣᠨ ᠤ᠋4 ᠰᠠᠷᠠᠢᠨ22 ᠤ᠋ ᠡᠳᠦᠷ ᠪᠠᠷᠠᠭᠤᠨ ᠦᠵᠦᠮᠦᠴᠢᠨ ᠬᠤᠰᠢᠭᠤᠨ ᠳ᠋ᠤ᠌ ᠪᠢᠴᠢᠪᠡ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠣᠳᠬᠠᠨᠰᠣ᠎ᠠ
ᠦᠰᠦᠭ ᠬᠠᠳᠠᠭᠴᠢ᠄ ᠲᠣᠳᠤᠭᠡᠷᠡᠯ
ᠰᠢᠩᠭᠡᠭᠡᠨ ᠦᠢᠯᠡᠳᠦᠭᠴᠢ᠄ ᠨᠠᠨᠳᠢᠨᠵᠤᠯᠠ
