ᠸᠸᠨ ᠸᠠᠩ ᠡᠵᠡᠨ ᠤ ᠮᠡᠷᠭᠡᠨ ᠲᠥᠯᠭᠡ 61-64 Вен ван эзний мэргэн төлөг 61-64 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠸᠨ ᠸᠠᠩ ᠡᠵᠡᠨ ᠤ ᠮᠡᠷᠭᠡᠨ ᠲᠥᠯᠭᠡ 61-64 Вен ван эзний мэргэн төлөг 61-64

ᠸᠸᠨ ᠸᠠᠩ ᠡᠵᠡᠨ ᠤ ᠮᠡᠷᠭᠡᠨ ᠲᠥᠯᠭᠡ 61-64 Вен ван эзний мэргэн төлөг 61-64

ᠠᠩᠭᠢᠯᠠᠯ:ᠵᠠᠩ ᠦᠢᠯᠡ
2024-05-26

395


⊕〇〇⊕⊕〇 ᠵᠢᠷᠠᠨ ᠨᠢᠭᠡᠳᠦᠭᠡᠷ ᠲᠥᠯᠭᠡ : ᠸᠧᠨ ᠸᠠᠩ ᠮᠢᠩᠭᠠᠨ ᠭᠠᠰᠢᠭᠤᠨ ᠢ ᠠᠮᠰᠠᠵᠤ ᠡᠴᠦᠰ ᠲᠦ᠍ᠷ ᠵᠣᠪᠠᠯᠠᠩ ᠡᠴᠡ ᠭᠡᠲᠦᠯᠦᠭᠰᠡᠨ ᠲᠥᠯᠭᠡ᠂ ᠶᠠᠪᠤᠬᠤ ᠪᠦᠷᠢ ᠲᠡᠭᠰᠢ ᠪᠣᠯᠬᠤ᠂ ᠵᠣᠪᠠᠯᠠᠩ ᠠᠯᠳᠠᠷᠠᠨ ᠪᠠᠶᠠᠷ ᠢ ᠦᠵᠡᠬᠦ᠂ ᠨᠡᠷ᠎ᠡ ᠠᠯᠳᠠᠷ ᠠᠰᠢᠭ ᠴᠥᠮ ᠪᠦᠷᠢᠳᠬᠦ ᠠᠪᠡᠳᠴᠢᠨ ᠠᠮᠤᠷᠵᠢᠬᠤ᠂ ᠸᠧᠨ ᠸᠠᠩ ᠡᠦ ᠵᠢ ᠶ᠋ᠢ ᠣᠯᠬᠤ ᠳ᠋ᠤᠷ ᠪᠠᠭᠤᠭᠰᠠᠨ ᠲᠥᠯᠭᠡ ᠪᠥᠯᠥᠭᠡ᠃  

⊕〇〇〇〇⊕ ᠵᠢᠷᠠᠨ ᠬᠣᠶᠠᠳᠤᠭᠠᠷ ᠲᠥᠯᠭᠡ : ᠤᠯᠠᠭᠠᠨ ᠮᠣᠳᠣᠨ ᠳ᠋ᠤ᠌ ᠥᠪᠡᠷ ᠦ᠋ᠨ ᠲᠣᠯᠣᠭᠠᠢ ᠪᠠᠨ ᠵᠠᠨᠴᠢᠭᠳᠠᠭᠰᠠᠨ ᠮᠡᠲᠦ᠂ ᠰᠡᠳᠬᠢᠯ ᠠᠮᠤᠷ ᠦᠭᠡᠢ᠂ ᠡᠳ᠋ ᠭᠠᠷᠤᠵᠠᠲᠠᠢ᠂ ᠬᠡᠯᠡ ᠠᠮᠠᠨ ᠤ᠋ ᠠᠶᠤᠯᠲᠠᠢ᠂ ᠭᠡᠷ ᠡᠷᠦᠬᠡ ᠲᠣᠭᠲᠠᠪᠤᠷᠢ ᠦᠭᠡᠢ᠂ ᠵᠠᠷᠭᠤ ᠳᠡᠢᠯᠦᠭᠳᠡᠬᠦ ᠡᠪᠡᠳᠴᠢᠨ ᠬᠦᠨᠳᠦ᠂ ᠨᠢᠭᠡᠨ ᠬᠥᠮᠦᠨ ᠶᠡᠬᠡ ᠶᠠᠪᠤᠳᠠᠯ ᠰᠡᠳᠦᠬᠦ ᠶ᠋ᠢᠨ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃  

⊕〇〇⊕⊕⊕ ᠵᠢᠷᠠᠨ ᠭᠤᠷᠪᠠᠳᠤᠭᠠᠷ ᠲᠥᠯᠭᠡ : ᠶᠡᠬᠡ ᠠᠷᠢᠶᠠᠲᠠᠨ ᠠᠭᠤᠯᠠᠨ ᠳ᠋ᠤᠷ ᠭᠠᠷᠴᠤ ᠢᠳᠡᠰᠢ ᠡᠷᠢᠭᠰᠡᠨ ᠲᠥᠯᠭᠡ᠂ ᠵᠡᠭᠦᠨ ᠡᠳᠡᠭᠡᠳ ᠡᠴᠡ ᠨᠡᠷ᠎ᠡ ᠵᠡᠷᠭᠡ ᠡᠳ᠋ ᠠᠰᠢᠭ ᠣᠯᠬᠤ᠂ ᠪᠠᠷᠠᠭᠤᠨ ᠲᠠᠢ ᠠᠯᠢᠪᠠ ᠶᠠᠪᠤᠳᠠᠯ ᠲᠣᠭᠲᠠᠪᠤᠷᠢ ᠦᠭᠡᠢ᠂ ᠲᠩᠷᠢ ᠰᠠᠬᠢᠭᠤᠯᠰᠤᠨ ᠲᠡᠳᠬᠦᠬᠦ᠂ ᠤᠷᠤᠭ ᠪᠦᠲᠦᠬᠦ᠂ ᠵᠠᠷᠭᠤ ᠤᠳᠠᠭᠠᠨ ᠳ᠋ᠠᠭᠠᠨ ᠣᠯᠬᠤ᠂ ᠡᠪᠡᠳᠴᠢᠨ ᠠᠮᠤᠷᠵᠢᠬᠤ᠂ ᠠᠯᠳᠠᠭᠤᠯ ᠣᠯᠬᠤ᠂ ᠵᠢᠶᠠᠩ ᠲᠠᠢ ᠬᠦᠩ ᠬᠣᠶᠠᠷ ᠥᠬᠢᠨ ᠭᠤᠶᠤᠬᠤ ᠶᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃  

⊕〇〇〇⊕〇 ᠵᠢᠷᠠᠨ ᠳᠥᠷᠪᠡᠳᠦᠭᠡᠷ ᠲᠥᠯᠭᠡ : ᠡᠨᠡ ᠲᠥᠯᠭᠡ ᠳ᠋ᠦ᠍ᠷ ᠶᠠᠪᠤᠳᠠᠯ ᠤᠳᠠᠭᠠᠨ ᠪᠦᠲᠦᠬᠦ᠂ ᠡᠳ᠋ ᠠᠰᠢᠭ ᠴᠠᠭ ᠬᠦᠯᠢᠶᠡᠲᠦᠭᠡᠢ᠂ ᠡᠪᠡᠳᠴᠢᠨ ᠤᠳᠠᠭᠠᠨ ᠳ᠋ᠠᠭᠠᠨ ᠰᠠᠢᠨ ᠪᠣᠯᠣᠮᠣᠢ᠂ ᠠᠯᠳᠠᠭᠤᠯ ᠠᠭᠠᠵᠢᠮ ᠳ᠋ᠠᠭᠠᠨ ᠣᠯᠬᠤ᠂ ᠵᠢᠶᠠᠩ ᠲᠠᠢ ᠬᠦᠩ ᠠᠩᠬ᠎ᠠ ᠳ᠋ᠠᠭᠠᠨ ᠭᠠᠬᠠᠢ ᠬᠣᠨᠢ ᠢᠮᠠᠭ᠎ᠠ ᠬᠤᠳᠠᠯᠳᠤᠨ ᠶᠡᠬᠡᠳᠡ ᠵᠣᠪᠠᠵᠤ ᠶᠠᠪᠤᠨ᠂ ᠨᠢᠭᠡᠨ ᠴᠠᠭ ᠲᠤ᠌ ᠬᠦᠷᠴᠦ ᠢᠷᠡᠭᠡᠳ ᠸᠧᠨ ᠸᠠᠩ ᠡᠵᠡᠨ ᠳ᠋ᠦ᠍ᠷ ᠤᠴᠠᠷᠠᠵᠤ ᠤᠯᠤᠰ ᠤ᠋ᠨ ᠴᠧᠩᠰᠢᠶᠠᠩ ᠪᠣᠯᠤᠭᠰᠠᠨ ᠪᠥᠯᠥᠭᠡ᠃ 

ᠲᠠᠢᠯᠪᠤᠷᠢ᠂ ᠲᠥᠯᠭᠡ ᠭᠤᠶᠤᠬᠤ ᠬᠥᠮᠦᠨ ᠵᠢᠷᠭᠤᠭᠠᠨ ᠭᠠᠤᠯᠢᠨ ᠵᠣᠭᠣᠰ ᠢ ᠠᠳᠬᠤᠨ ᠰᠠᠵᠢᠯᠠᠵᠤ᠂ ᠬᠠᠶᠠᠬᠤ ᠳ᠋ᠤ᠌ ᠵᠢᠷᠭᠤᠭᠠᠯᠠ ᠶᠢ ᠳᠠᠪᠬᠤᠷᠯᠠᠨ ᠲᠤᠰᠬᠠᠨ᠎ᠠ᠂ ᠳᠠᠬᠢᠨ ᠳᠣᠣᠷ᠎ᠠ ᠠ᠋ᠴᠠ ᠨᠢ ᠠᠪᠴᠤ ᠵᠡᠷᠭᠡᠯᠡᠭᠦᠯᠦᠨ ᠲᠠᠯᠪᠢᠮᠤᠢ᠃ ᠭᠠᠤᠯᠢᠨ ᠵᠣᠭᠣᠰᠤᠨ ᠤ᠋ ᠬᠢᠲᠠᠳ ᠦᠰᠦᠭ ᠲᠡᠢ ᠲᠠᠯ᠎ᠠ ᠶ᠋ᠢ ᠴᠠᠭᠠᠨ ᠢᠶᠠᠷ ᠪᠣᠳᠣᠵᠤ᠂ ᠮᠣᠩᠭᠣᠯ ᠦᠰᠦᠭ ᠲᠡᠢ ᠲᠠᠯ᠎ᠠ ᠶ᠋ᠢ ᠬᠠᠷ᠎ᠠ ᠪᠠᠷ ᠪᠣᠳᠣᠨ᠎ᠠ᠃