ᠸᠸᠨ ᠸᠠᠩ ᠡᠵᠡᠨ ᠤ ᠮᠡᠷᠭᠡᠨ ᠲᠥᠯᠭᠡ 51-60 Вен ван эзний мэргэн төлөг 51-60
⊕⊕⊕⊕○⊕ ᠲᠠᠪᠢᠨ ᠨᠢᠭᠡᠳᠦᠭᠡᠷ ᠲᠥᠯᠭᠡ : ᠰᠠᠬᠢᠭᠤᠯᠰᠤᠨ ᠣᠳᠣᠨ ᠲᠡᠳᠬᠦᠭᠰᠡᠨ ᠲᠥᠯᠭᠡ᠂ ᠭᠡᠷ ᠡᠷᠦᠬᠡ ᠲᠡᠭᠰᠢ ᠠᠮᠤᠷ᠂ ᠨᠡᠷ᠎ᠡ ᠠᠯᠳᠠᠷ ᠣᠯᠬᠤ᠂ ᠶᠠᠪᠤᠳᠠᠯ ᠰᠡᠳᠦᠪᠡᠯ ᠪᠤᠶᠠᠨᠲᠤ ᠬᠥᠮᠦᠨ ᠲᠡᠳᠬᠦᠬᠦ᠂ ᠵᠢᠷᠮᠦᠰᠦᠨ ᠪᠣᠯᠪᠠᠰᠤ ᠬᠥᠪᠡᠭᠦᠨ ᠬᠥᠩᠭᠡᠵᠢᠬᠦ᠂ ᠭᠠᠳᠠᠭᠰᠢ ᠭᠠᠷᠤᠪᠠᠰᠤ ᠭᠤᠷᠪᠠᠨ ᠪᠤᠶᠠᠨᠲᠤ ᠣᠳᠣᠨ ᠲᠡᠳᠬᠦᠬᠦ᠂ ᠤᠷᠤᠭ ᠪᠦᠲᠦᠬᠦ᠂ ᠵᠠᠷᠭᠤ ᠣᠯᠬᠤ᠂ ᠡᠳ᠋ ᠠᠰᠢᠭ ᠣᠯᠬᠤ᠂ ᠡᠪᠡᠳᠴᠢᠨ ᠥᠪᠡᠷ ᠢ᠋ᠶ᠋ᠡᠨ ᠠᠮᠤᠷᠵᠢᠬᠤ᠂ ᠨᠢᠭᠡᠨ ᠬᠥᠮᠦᠨ ᠵᠢᠯ ᠦ᠋ᠨ ᠶᠠᠪᠤᠳᠠᠯ ᠤ᠋ᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕⊕〇⊕⊕ ᠲᠠᠪᠢᠨ ᠬᠣᠶᠠᠳᠤᠭᠠᠷ ᠲᠥᠯᠭᠡ : ᠠᠯᠬᠤᠮ ᠪᠦᠷᠢ ᠳᠡᠭᠡᠭᠰᠢ ᠪᠣᠯᠬᠤ᠂ ᠵᠡᠭᠦᠨ ᠳᠠᠯᠠᠢ ᠠ᠋ᠴᠠ ᠨᠠᠷᠠ ᠮᠠᠨᠳᠤᠭᠰᠠᠨ ᠠᠳᠠᠯᠢ᠂ ᠪᠠᠭ᠎ᠠ ᠵᠣᠪᠠᠯᠠᠩ ᠪᠠᠢᠪᠠᠴᠤ ᠥᠴᠦᠬᠡᠨ ᠴᠦ᠍ ᠭᠠᠢ ᠦᠭᠡᠢ ᠪᠠᠶᠠᠷ ᠤ᠋ᠨ ᠶᠠᠪᠤᠳᠠᠯ ᠳᠠᠷᠤᠢ ᠦᠵᠡᠬᠦ᠂ ᠤᠷᠤᠭ ᠪᠦᠳᠦᠬᠦ᠂ ᠵᠠᠷᠭᠤ ᠣᠯᠬᠤ᠂ ᠨᠡᠷ᠎ᠡ ᠠᠯᠳᠠᠷ ᠡᠷᠢᠪᠠᠰᠤ ᠣᠯᠬᠤ᠂ ᠭᠠᠳᠠᠭᠰᠢ ᠭᠠᠷᠤᠭᠰᠠᠨ ᠬᠥᠮᠦᠨ ᠳᠠᠢᠰᠤᠨ ᠦᠭᠡᠢ᠂ ᠡᠪᠡᠳᠴᠢᠨ ᠰᠠᠢᠨ ᠪᠣᠯᠬᠤ᠂ ᠨᠢᠳᠦᠨ ᠡᠮᠦᠨ᠎ᠡ ᠲᠡᠭᠷᠢ ᠲᠤᠯᠤᠮ᠎ᠠ ᠳᠠᠪᠠᠭ᠎ᠠ ᠪᠠᠢᠪᠠᠴᠤ ᠰᠠᠬᠢᠭᠤᠯᠰᠤᠨ ᠲᠡᠳᠬᠦᠵᠦ ᠳᠠᠪᠠᠭ᠎ᠠ ᠶ᠋ᠢ ᠳᠠᠪᠠᠭᠤᠯᠬᠤ᠂ ᠨᠢᠭᠡᠨ ᠴᠡᠷᠢᠭ ᠦ᠋ᠨ ᠬᠥᠮᠦᠨ ᠴᠡᠷᠢᠭ ᠲᠦ᠍ ᠮᠣᠷᠳᠠᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕⊕⊕⊕〇 ᠲᠠᠪᠢᠨ ᠭᠤᠷᠪᠠᠳᠤᠭᠠᠷ ᠲᠥᠯᠭᠡ : ᠬᠣᠯᠠ ᠭᠠᠵᠠᠷ ᠠ᠋ᠴᠠ ᠪᠡᠴᠢᠨ ᠵᠢᠮᠢᠰ ᠬᠦᠷᠭᠡᠵᠦ ᠢᠷᠡᠭᠰᠡᠨ ᠲᠥᠯᠭᠡ᠂ ᠡᠳ᠋ ᠠᠰᠢᠭ ᠠᠭᠤᠯᠠ ᠣᠪᠣᠭᠠᠨ ᠮᠡᠲᠦ ᠴᠤᠭᠯᠠᠷᠠᠵᠤ ᠵᠢᠯ ᠦ᠋ᠨ ᠶᠠᠪᠤᠳᠠᠯ ᠣᠯᠠᠨ ᠵᠢᠯ ᠦ᠋ᠨ ᠪᠢᠰᠢᠯᠭᠠᠯ ᠤ᠋ᠨ ᠷᠢᠯᠦ ᠪᠦᠲᠦᠭᠰᠡᠨ ᠠᠳᠠᠯᠢ᠂ ᠵᠣᠪᠠᠯᠠᠩ ᠢᠷᠣ᠎ᠠ ᠠᠷᠢᠯᠵᠤ ᠵᠠᠭᠤᠨ ᠡᠬᠢᠲᠦ ᠶᠠᠪᠤᠳᠠᠯ ᠴᠥᠮ ᠰᠠᠢᠨ᠂ ᠡᠳ᠋ ᠠᠰᠢᠭ ᠠᠯᠳᠠᠷ ᠨᠡᠷ᠎ᠡ ᠶ᠋ᠢ ᠣᠯᠬᠤ ᠵᠠᠷᠭᠤ ᠳᠡᠢᠯᠬᠦ ᠤᠷᠤᠭ ᠬᠣᠶᠠᠷ ᠡᠲᠡᠭᠡᠳ ᠳᠤᠷᠠᠲᠠᠢ ᠪᠦᠲᠦᠬᠦ᠂ ᠡᠪᠡᠳᠴᠢᠨ ᠠᠶᠤᠯ ᠦᠭᠡᠢ ᠨᠢᠳᠦᠨ ᠦᠵᠦᠭᠦᠷ ᠪᠠᠶᠠᠷ ᠦᠵᠡᠬᠦ ᠲᠥᠯᠭᠡ ᠪᠥᠯᠥᠭᠡ᠃
⊕⊕⊕〇〇⊕ ᠲᠠᠪᠢᠨ ᠳᠥᠷᠪᠡᠳᠦᠭᠡᠷ ᠲᠥᠯᠭᠡ : ᠬᠣᠷᠢᠭᠳᠠᠯ ᠤ᠋ᠨ ᠰᠢᠪᠠᠭᠤ ᠠᠭᠠᠷ ᠢ ᠪᠠᠷᠢᠵᠤ ᠨᠢᠰᠦᠭᠰᠡᠨ ᠠᠳᠠᠯᠢ᠂ ᠵᠣᠪᠠᠯᠠᠩ ᠪᠡᠶ᠎ᠡ ᠡᠴᠡ ᠵᠠᠢᠯᠠᠵᠤ ᠠᠯᠢᠪᠠ ᠪᠦᠬᠦᠨ ᠲᠡᠭᠰᠢ ᠪᠣᠯᠬᠤ᠂ ᠵᠠᠷᠭᠤ ᠪᠣᠯᠪᠠᠰᠤ ᠥᠷᠥᠰᠢᠶᠡᠯᠲᠦ ᠬᠥᠮᠦᠨ ᠲᠤᠰᠠᠯᠠᠬᠤ᠂ ᠡᠪᠡᠳᠴᠢᠨ ᠪᠣᠯ ᠰᠠᠢᠨ ᠡᠮᠴᠢ ᠳ᠋ᠤᠷ ᠤᠴᠠᠷᠠᠬᠤ᠂ ᠡᠳ᠋ ᠠᠰᠢᠭ ᠡᠷᠢᠪᠠᠰᠤ ᠳᠠᠷᠤᠢ ᠣᠯᠬᠤ᠂ ᠭᠠᠳᠠᠭᠰᠢ ᠭᠠᠷᠤᠪᠠᠰᠤ ᠶᠠᠪᠤᠳᠠᠯ ᠰᠠᠨᠠᠭ᠎ᠠ ᠪᠠᠷ ᠪᠦᠲᠦᠬᠦ᠂ ᠠᠯᠳᠠᠭᠤᠯ ᠪᠣᠯᠪᠠᠰᠤ ᠤᠳᠠᠭᠠᠨ ᠣᠯᠬᠤ᠂ ᠨᠢᠭᠡᠨ ᠬᠥᠮᠦᠨ ᠡᠪᠡᠳᠴᠦ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕⊕〇⊕〇 ᠲᠠᠪᠢᠨ ᠲᠠᠪᠤᠳᠤᠭᠠᠷ ᠲᠥᠯᠭᠡ : ᠵᠠᠶᠠᠭ᠎ᠠ ᠶ᠋ᠢᠨ ᠬᠡᠢ ᠮᠣᠷᠢ ᠳᠣᠣᠷ᠎ᠠ᠂ ᠬᠡᠯᠡ ᠠᠮᠠᠨ ᠤ᠋ ᠠᠶᠤᠯᠲᠠᠢ᠂ ᠡᠳ᠋ ᠠᠰᠢᠭ ᠲᠤ᠌ ᠭᠠᠷᠤᠵᠠᠲᠠᠢ᠂ ᠡᠳᠦᠷ ᠰᠥᠨᠢ ᠶ᠋ᠢᠨ ᠬᠣᠪᠢᠨ ᠳ᠋ᠤ᠌ ᠬᠤᠯᠠᠭᠠᠢ ᠢᠷᠡᠬᠦ᠂ ᠰᠠᠬᠢᠭᠰᠠᠨ ᠬᠥᠮᠦᠨ ᠳ᠋ᠦ᠍ ᠬᠣᠣᠷ ᠢᠷᠡᠬᠦ᠂ ᠵᠣᠪᠠᠯᠠᠩ ᠳ᠋ᠤᠷ ᠣᠷᠣᠪᠠᠰᠤ ᠲᠤᠰᠠᠯᠠᠬᠤ ᠬᠥᠮᠦᠨ ᠦᠭᠡᠢ᠂ ᠡᠪᠡᠳᠴᠢᠨ ᠬᠦᠨᠳᠦ᠂ ᠵᠠᠷᠭᠤ ᠠᠯᠳᠠᠬᠤ᠂ ᠤᠷᠤᠭ ᠪᠦᠲᠦᠬᠦ ᠦᠭᠡᠢ᠂ ᠭᠠᠳᠠᠭᠰᠢ ᠭᠠᠷᠤᠪᠠᠰᠤ ᠳᠠᠢᠰᠤᠨ ᠲᠠᠢ᠂ ᠨᠢᠭᠡᠨ ᠬᠥᠮᠦᠨ ᠵᠢᠯ ᠦ᠋ᠨ ᠶᠠᠪᠤᠳᠠᠯ ᠤ᠋ᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕⊕⊕〇〇 ᠲᠠᠪᠢᠨ ᠵᠢᠷᠭᠤᠳᠤᠭᠠᠷ ᠲᠥᠯᠭᠡ : ᠲᠣᠭᠣᠷᠢᠵᠤ ᠶᠠᠪᠤᠭᠰᠠᠨ ᠵᠥᠭᠡᠢ ᠵᠠᠭᠤᠨ ᠴᠡᠴᠡᠭ ᠦ᠋ᠨ ᠭᠣᠣᠯ ᠢ ᠬᠣᠣᠷᠯᠠᠮᠤᠢ᠃ ᠰᠠᠬᠢᠭᠤᠯᠰᠤᠨ ᠲᠡᠳᠬᠦᠵᠦ ᠰᠠᠯᠬᠢᠨ ᠬᠥᠳᠡᠯᠭᠡᠬᠦ ᠦᠭᠡᠢ ᠵᠥᠭᠡᠢ ᠶ᠋ᠢ ᠳᠡᠮᠵᠢᠪᠡᠢ᠂ ᠶᠠᠪᠤᠳᠠᠯ ᠪᠣᠯᠪᠠᠰᠤ ᠬᠥᠮᠦᠨ ᠬᠣᠣᠷᠯᠠᠮᠤᠢ᠂ ᠬᠡᠯᠡ ᠠᠮᠠᠨ ᠤ᠋ ᠠᠶᠤᠯ ᠲᠠᠢ᠂ ᠥᠪᠡᠷ ᠦ᠋ᠨ ᠪᠡᠶ᠎ᠡ ᠪᠡᠨ ᠲᠤᠰᠠᠯᠠᠬᠤ᠂ ᠭᠡᠷ ᠲᠦ᠍ᠷ ᠪᠠᠢᠪᠠᠰᠤ ᠰᠡᠳᠬᠢᠯ ᠰᠠᠨᠠᠭ᠎ᠠ ᠵᠣᠪᠠᠬᠤ᠂ ᠭᠠᠳᠠᠭᠰᠢ ᠭᠠᠷᠤᠪᠠᠰᠤ ᠵᠣᠪᠠᠯᠠᠩ ᠲᠣᠬᠢᠶᠠᠯᠳᠤᠬᠤ᠂ ᠵᠠᠷᠭᠤ ᠪᠢᠲᠡᠭᠡᠢ ᠡᠭᠦᠰᠬᠡ᠂ ᠤᠷᠤᠭ ᠬᠣᠵᠢᠮ ᠪᠦᠲᠦᠬᠦ᠂ ᠯᠢᠦ ᠶᠤᠸᠠᠨ ᠸᠠᠢ ᠲᠡᠭᠷᠢ ᠶ᠋ᠢᠨ ᠭᠠᠯ ᠳ᠋ᠤᠷ ᠠᠪᠲᠠᠭᠠᠳ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕〇〇〇〇〇 ᠲᠠᠪᠢᠨ ᠳᠣᠯᠣᠳᠤᠭᠠᠷ ᠲᠥᠯᠭᠡ : ᠤᠰᠤ ᠰᠠᠴᠤᠭᠠᠳ ᠭᠠᠯ ᠢ ᠤᠨᠲᠠᠷᠠᠭᠠᠭᠰᠠᠨ ᠠᠳᠠᠯᠢ᠃ ᠵᠣᠪᠠᠯᠠᠩ ᠪᠣᠯᠪᠠᠰᠤ ᠵᠠᠢᠯᠠᠬᠤ ᠬᠡᠷᠡᠭᠲᠡᠢ᠂ ᠠᠷᠭ᠎ᠠ ᠦᠭᠡᠢ ᠥᠪᠡᠷ ᠦ᠋ᠨ ᠠᠮᠠᠨ ᠳ᠋ᠠᠭᠠᠨ ᠬᠡᠷᠡᠭ ᠲᠣᠷ ᠣᠷᠣᠬᠤ᠂ ᠨᠢᠳᠦᠨ ᠦᠵᠦᠭᠦᠷ ᠬᠡᠯᠡ ᠠᠮᠠ ᠶ᠋ᠢᠨ ᠠᠶᠤᠯᠲᠠᠢ᠂ ᠳᠠᠢᠰᠤᠨ ᠢᠷᠡᠬᠦ᠂ ᠡᠳ᠋ ᠠᠰᠢᠭ ᠲᠣᠷ ᠭᠠᠷᠤᠵᠠᠲᠠᠢ᠂ ᠭᠡᠷ ᠡᠷᠦᠬᠡ ᠳ᠋ᠤᠷ ᠵᠢᠭᠤᠷᠭᠠᠨ ᠲᠠᠢ᠂ ᠭᠠᠳᠠᠭᠰᠢ ᠭᠠᠷᠤᠪᠠᠰᠤ ᠬᠡᠷᠡᠭ ᠲᠣᠷ ᠣᠷᠣᠬᠤ᠂ ᠰᠡᠳᠬᠢᠯ ᠵᠣᠪᠠᠬᠤ ᠠᠭᠤᠷ ᠬᠦᠷᠬᠦ᠂ ᠡᠪᠡᠳᠴᠢᠨ ᠬᠦᠨᠳᠦ᠂ ᠵᠠᠷᠭᠤ ᠳ᠋ᠤᠷ ᠬᠣᠯᠪᠣᠭᠳᠠᠬᠤ᠂ ᠠᠯᠳᠠᠭᠤᠯ ᠣᠯᠬᠤ ᠦᠭᠡᠢ᠂ ᠨᠢᠭᠡᠨ ᠬᠥᠮᠦᠨ ᠵᠠᠷᠭᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠃
⊕〇〇⊕〇〇 ᠲᠠᠪᠢᠨ ᠨᠠᠢ᠍ᠮᠠᠳᠤᠭᠠᠷ ᠲᠥᠯᠭᠡ : ᠨᠢᠰᠦᠨ ᠶᠠᠪᠤᠭᠰᠠᠨ ᠰᠢᠪᠠᠭᠤ ᠶ᠋ᠢ ᠬᠥᠮᠦᠨ ᠬᠠᠷᠪᠤᠭᠠᠳ ᠨᠤᠮᠤ ᠬᠤᠭᠤᠷᠠᠵᠤ ᠰᠤᠮᠤ ᠤᠨᠠᠭᠰᠠᠨ ᠲᠥᠯᠭᠡ᠂ ᠵᠣᠪᠠᠯᠠᠩ ᠪᠠᠢᠪᠠᠴᠤ ᠠᠮᠢᠨ ᠳ᠋ᠤᠷ ᠠᠶᠤᠯ ᠦᠭᠡᠢ᠂ ᠡᠳ᠋ ᠠᠰᠢᠭ ᠣᠯᠬᠤ ᠵᠣᠪᠠᠯᠠᠩ ᠢ ᠬᠥᠮᠦᠨ ᠲᠤᠰᠠᠯᠠᠬᠤ᠂ ᠵᠠᠷᠭᠤ ᠶ᠋ᠢ ᠬᠥᠮᠦᠨ ᠳᠦᠭᠦᠷᠭᠡᠬᠦ ᠨᠢᠳᠦᠨ ᠡᠮᠦᠨ᠎ᠡ ᠤᠷᠤᠭ ᠪᠦᠲᠦᠬᠦ᠂ ᠡᠪᠡᠳᠴᠢᠨ ᠬᠦᠨᠳᠦ ᠪᠣᠯᠪᠠᠴᠤ ᠠᠶᠤᠯ ᠦᠭᠡᠢ᠂ ᠠᠯᠳᠠᠭᠤᠯ ᠤᠳᠠᠭᠠᠨ ᠳ᠋ᠠᠭᠠᠨ ᠣᠯᠬᠤ᠂ ᠨᠢᠭᠡᠨ ᠬᠥᠮᠦᠨ ᠭᠠᠳᠠᠭᠰᠢ ᠭᠠᠷᠬᠤ ᠶᠢᠨ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃
⊕〇〇⊕〇⊕ ᠲᠠᠪᠢ ᠶᠢᠰᠦᠳᠦᠭᠡᠷ ᠲᠥᠯᠭᠡ : ᠵᠠᠶᠠᠭᠠᠨ ᠤ᠋ ᠬᠡᠢ ᠮᠣᠷᠢ ᠳᠣᠣᠷ᠎ᠠ᠂ ᠶᠠᠪᠤᠳᠠᠯ ᠳ᠋ᠤᠷ ᠬᠥᠮᠦᠨ ᠬᠢᠲᠤᠭ᠎ᠠ ᠪᠠᠷᠢᠭᠰᠠᠨ ᠲᠥᠯᠭᠡ᠂ ᠰᠠᠢᠨ ᠠᠬ᠎ᠠ ᠳᠡᠭᠦᠦ ᠪᠦᠭᠦᠳᠡᠭᠡᠷ ᠳᠠᠯᠳᠠᠭᠤᠷ ᠬᠣᠣᠷ ᠬᠢᠮᠦᠢ᠂ ᠡᠳ᠋ ᠠᠰᠢᠭ ᠢ ᠢᠯᠡᠭᠦᠦ ᠦᠵᠡᠬᠦ᠂ ᠡᠳ᠋ ᠭᠠᠷᠤᠵᠠᠲᠠᠢ ᠨᠢᠭᠡᠨ ᠬᠥᠮᠦᠨ ᠠᠬ᠎ᠠ ᠳᠡᠭᠦᠦ ᠯᠦ᠍ᠭᠡ ᠨᠥᠬᠥᠷᠯᠡᠬᠦᠢ ᠶ᠋ᠢ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕〇〇〇⊕〇 ᠵᠢᠷᠠᠳᠤᠭᠠᠷ ᠲᠥᠯᠭᠡ : ᠬᠡᠢ ᠮᠣᠷᠢ ᠲᠡᠭᠰᠢ ᠵᠠᠮ ᠢ᠋ᠶ᠋ᠠᠷ ᠶᠠᠪᠤᠭᠰᠠᠨ ᠲᠥᠯᠭᠡ᠂ ᠣᠩᠭᠣᠴᠠ ᠳᠠᠷᠤᠭᠰᠠᠨ ᠰᠠᠯᠬᠢᠨ ᠵᠣᠭᠰᠣᠵᠤ᠂ ᠠᠭᠠᠷ ᠲᠡᠭᠷᠢ ᠶ᠋ᠢᠨ ᠡᠭᠦᠯᠡ ᠠᠯᠳᠠᠷᠠᠭᠰᠠᠨ ᠠᠳᠠᠯᠢ᠂ ᠲᠦᠮᠡᠨ ᠭᠠᠵᠠᠷ ᠤ᠋ᠨ ᠳ᠋ᠧᠩ ᠦ᠋ᠨ ᠭᠡᠷᠡᠯ ᠦᠵᠡᠭᠳᠡᠭᠰᠡᠨ ᠮᠡᠲᠦ᠂ ᠡᠳ᠋ ᠠᠰᠢᠭ ᠣᠯᠬᠤ᠂ ᠶᠠᠪᠤᠳᠠᠯ ᠰᠠᠨᠠᠭ᠎ᠠ ᠪᠠᠷ ᠪᠦᠲᠦᠬᠦ᠂ ᠵᠠᠷᠭᠤ ᠣᠯᠬᠤ᠂ ᠠᠯᠳᠠᠭᠤᠯ ᠭᠠᠷᠬᠤ ᠦᠭᠡᠢ ᠳᠠᠷᠤᠢ ᠣᠯᠬᠤ᠂ ᠡᠪᠡᠳᠴᠢᠨ ᠠᠮᠤᠷ ᠪᠣᠯᠬᠤ᠂ ᠸᠸᠨ ᠸᠠᠩ ᠠ᠋ᠴᠠ ᠵᠢᠶᠠᠩ ᠲᠠᠢ ᠬᠦᠩ ᠢ ᠣᠯᠬᠤ ᠶ᠋ᠢᠨ ᠦᠶᠡᠰ ᠪᠠᠭᠤᠭᠰᠠᠨ ᠲᠥᠯᠭᠡ ᠪᠥᠯᠥᠭᠡ᠃
