ᠺᠤᠷᠤᠲ᠋ᠺᠢ ᠶ᠋ᠢᠨ ᠰᠣᠭᠣᠪᠣᠷКортькийн согоовор ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠺᠤᠷᠤᠲ᠋ᠺᠢ ᠶ᠋ᠢᠨ ᠰᠣᠭᠣᠪᠣᠷКортькийн согоовор

ᠺᠤᠷᠤᠲ᠋ᠺᠢ ᠶ᠋ᠢᠨ ᠰᠣᠭᠣᠪᠣᠷКортькийн согоовор

2024-05-24

257

ᠺᠤᠷᠤᠲ᠋ᠺᠢ ᠶ᠋ᠢᠨ ᠰᠣᠭᠣᠪᠣᠷ

                  ᠦᠶᠡᠲᠦ ᠤᠷᠭᠤᠮᠠᠯ ᠤ᠋ᠨ ᠢᠵᠠᠭᠤᠷ 
        ᠣᠯᠠᠨ ᠨᠠᠰᠤᠲᠤ ᠡᠪᠡᠰᠦᠯᠢᠭ ᠤᠷᠭᠤᠮᠠᠯ᠂ ᠤᠭ ᠤ᠋ᠨ ᠬᠡᠰᠡᠭ ᠲᠡᠭᠡᠨ ᠲᠠᠰᠢᠭᠤᠯᠠᠵᠤ ᠤᠷᠭᠤᠨ᠎ᠠ᠃ ᠰᠦᠷᠡᠯ ᠨᠢ ᠨᠠᠷᠢᠨ ᠪᠣᠯᠪᠠᠴᠤ ᠮᠠᠰᠢ ᠬᠠᠲᠠᠭᠤ᠂ 60—80cm ᠥᠨᠳᠥᠷ᠂ ᠭᠢᠯᠦᠭᠡᠷ ᠪᠤᠶᠤ ᠳᠣᠣᠷᠠᠲᠤ ᠬᠡᠰᠡᠭ ᠪᠣᠯᠤᠨ ᠪᠠᠭ ᠴᠡᠴᠡᠭ ᠦ᠋ᠨ ᠳᠣᠣᠷᠠᠲᠤ ᠬᠡᠰᠡᠭ ᠨᠢ ᠶᠡᠷᠦ ᠳ᠋ᠡᠭᠡᠨ ᠰᠥᠷᠭᠡᠦ ᠵᠢᠵᠢᠭ ᠦᠰᠦ ᠲᠡᠢ᠃ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠰᠠᠯᠪᠠᠷᠠᠭᠠᠳ ᠰᠢᠷᠬᠡᠭ ᠰᠢᠭ ᠪᠠᠢᠳᠠᠭ ;  ᠨᠠᠪᠴᠢᠨ ᠤ᠋ ᠬᠡᠯᠡ ᠨᠢ ᠬᠠᠲᠠᠭᠤ᠂ 1mm ᠤᠷᠲᠤ᠂ ᠬᠦᠷᠡᠩ ᠨᠠᠪᠴᠢᠨ ᠤ᠋ ᠢᠯᠲᠠᠰᠤ ᠨᠢ ᠪᠡᠬᠢ᠂ 20—30cm ᠤᠷᠲᠤ᠂ 2.5—5mm ᠥᠷᠭᠡᠨ ᠬᠠᠲᠠᠪᠠᠯ ᠳᠣᠲᠣᠭᠰᠢ ᠬᠤᠮᠢᠷᠠᠨ᠎ᠠ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠨᠠᠷᠢᠬᠠᠨ᠂ 20—30cm  ᠤᠷᠲᠤ ; ᠵᠢᠵᠢᠭ ᠲᠦᠷᠦᠭᠦᠦ ᠨᠢ ᠬᠥᠬᠡᠪᠲᠦᠷ ᠴᠠᠭᠠᠨ᠂ ᠰᠤᠷ ᠦᠭᠡᠢ᠂ 2.5—3.5cm ᠤᠷᠲᠤ᠂ 5—10ᠴᠡᠴᠡᠭ ᠲᠡᠢ ; ᠲᠦᠷᠦᠭᠦᠦ ᠶ᠋ᠢᠨ ᠲᠡᠩᠭᠡᠯᠢᠭ ᠨᠢ ᠲᠠᠷᠠᠮᠠᠭ ᠦᠰᠦ ᠲᠡᠢ᠂ ᠦᠶ᠎ᠡ ᠶ᠋ᠢᠨ ᠵᠠᠢ ᠨᠢ2—2.5mm ᠤᠷᠲᠤ᠃ ᠬᠠᠯᠢᠰᠤ ᠨᠢ ᠲᠣᠷᠭᠠᠨ ᠬᠠᠯᠢᠰᠤᠯᠢᠭ ; ᠨᠢᠭᠡᠳᠦᠭᠡᠷ ᠬᠠᠯᠢᠰᠤ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂ ᠨᠢᠭᠡ ᠰᠤᠳᠠᠯ ᠲᠠᠢ᠂ 6—7mm ᠤᠷᠲᠤ ;  ᠬᠣᠶᠠᠳᠤᠭᠠᠷ ᠬᠠᠯᠢᠰᠤ ᠨᠢ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂ ᠭᠤᠷᠪᠠᠨ ᠰᠤᠳᠠᠯ ᠲᠠᠢ᠂ 8—9mm ᠤᠷᠲᠤ ;  ᠭᠠᠳᠠᠷ ᠬᠡᠪᠡᠭ ᠨᠢ ᠨᠢᠮᠭᠡᠨ᠂ ᠮᠤᠬᠤᠷ ᠦᠵᠦᠭᠦᠷ ᠲᠡᠢ ;  ᠨᠢᠭᠡᠳᠦᠭᠡᠷ ᠭᠠᠳᠠᠷ ᠬᠡᠪᠡᠭ ᠨᠢ 10—12mm ᠤᠷᠲᠤ᠂ ᠤᠭ ᠲᠤᠨᠢ ᠦᠰᠦ ᠦᠭᠡᠢ ;  ᠬᠣᠶᠠᠳᠤᠭᠠᠷ ᠭᠠᠳᠠᠷ ᠬᠡᠪᠡᠭ ᠨᠢ 12—13mm ᠤᠷᠲᠤ᠂ ᠤᠭ ᠤᠨ ᠭᠡᠰᠡᠭ ᠦᠨ ᠬᠥᠪᠡᠭᠡ  ᠳ᠋ᠦ᠍ᠨᠢ 1—2mm ᠤᠷᠲᠤ ᠴᠠᠭᠠᠨ ᠦᠰᠦ ᠲᠡᠢ ; ᠳᠣᠲᠣᠷ ᠬᠡᠪᠡᠭ ᠨᠢ ᠮᠠᠰᠢ ᠨᠠᠷᠢᠨ ;  ᠲᠣᠭᠣᠰᠣᠪᠴᠢ ᠨᠢ5mm ᠣᠷᠴᠢᠮ ᠤᠷᠲᠤ᠃
       ᠡᠯᠡᠰᠦᠨ ᠳᠣᠪᠣ᠂ ᠡᠯᠡᠰᠦᠷᠬᠡᠭ ᠭᠠᠵᠠᠷ ᠲᠤ ᠤᠷᠭᠤᠨ᠎ᠠ᠃
    ᠮᠠᠨ ᠤ᠋ ᠤᠯᠤᠰ ᠤ᠋ᠨ ᠥᠪᠥᠷ ᠮᠣᠩᠭᠣᠯ᠂ ᠭᠠᠨᠰᠦ᠂ ᠰᠢᠨᠵᠢᠶᠠᠩ ᠳ᠋ᠤ᠌ ᠤᠷᠭᠤᠳᠠᠭ᠃
      ᠮᠣᠷᠢ᠂ ᠦᠬᠡᠷ᠂ ᠢᠮᠠᠭ᠎ᠠ ᠬᠣᠨᠢ ᠪᠦᠷ ᠢᠳᠡᠬᠦ ᠳᠤᠷᠠᠲᠠᠢ ᠡᠪᠡᠰᠦ᠃
       ᠬᠢᠲᠠᠳ ᠨᠡᠷ᠎ᠡ᠄沙地雀麦
       ᠠᠩᠭ᠌ᠯᠢ ᠨᠡᠷ᠎ᠡ᠄ Bromus korokiji Drob.

                  ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                   ᠬᠢᠨᠠᠭᠴᠢ᠄ ᠣᠳᠬᠠᠨᠰᠣ᠎ᠠ᠂ ᠫᠣ· ᠴᠠᠭᠠᠨ