《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠳᠣᠯᠣᠳᠤᠭᠠᠷ ᠪᠦᠯᠦᠭ> "Хөх судар" он нөхвөр дэвтэр - Инжинаш <Дөчин долдугар бүлэг>
ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠬᠣᠶᠠᠳᠤᠭᠠᠷ ᠣᠨ ᠪᠠᠢᠭᠰᠠᠭᠠᠷ᠃
ᠳᠥᠴᠢᠨ ᠳᠣᠯᠣᠳᠤᠭᠠᠷ ᠪᠦᠯᠦᠭ
ᠪᠤᠲᠢᠰᠤᠭ ᠲᠠᠢᠬᠡᠦ ᠪᠤᠶᠠᠨᠲᠤ ᠪᠡᠷᠢ ᠶ᠋ᠢᠨ ᠶᠢᠰᠦᠨ ᠢᠯᠠᠩᠭᠤᠶ᠎ᠠ ᠶ᠋ᠢᠨ ᠡᠷᠳᠡᠮ ᠢ᠋ ᠲᠣᠭᠠᠴᠢᠨ ᠡᠷᠭᠦᠪᠡ
ᠪᠣᠷᠵᠢᠭᠢᠳ ᠬᠤᠸᠠᠩᠳᠢ ᠪᠣᠱᠣᠭᠲᠤ ᠬᠤᠸᠠᠩᠬᠡᠦ ᠶ᠋ᠢᠨ ᠬᠣᠣᠰ ᠰᠠᠨᠳᠠᠯᠢ ᠶ᠋ᠢᠨ ᠬᠤᠷᠠᠯ ᠤ᠋ᠨ ᠬᠤᠷᠢᠮ ᠬᠤᠷᠢᠮᠯᠠᠪᠠ
ᠡᠮᠦᠨᠡᠲᠦ ᠤᠯᠤᠰ ᠤ᠋ᠳ ᠤ᠋ᠨ ᠣᠯᠠᠨ ᠲᠠᠢᠽᠦ ᠨᠠᠷ ᠡᠵᠡᠨ ᠦ᠌ ᠦᠷᠡᠰ ᠬᠡᠳᠦ ᠪᠣᠢ
ᠡᠯᠡᠰᠦ ᠮᠠᠩᠬᠠᠨ ᠤ᠋ ᠡᠨᠡ ᠬᠦ᠌ ᠬᠤᠸᠠᠩᠳᠢ ᠶ᠋ᠢᠨ ᠡᠪᠦᠭᠡᠳ ᠡᠴᠢᠭᠡᠳ ᠤᠯᠤᠰ ᠤ᠋ᠨ ᠡᠵᠡᠳ ᠶᠠᠪᠤᠵᠤᠬᠤᠢ᠃
ᠡᠷᠬᠡ ᠰᠦᠷ ᠪᠠᠳᠠᠷᠠᠨ ᠳᠡᠯᠭᠡᠷᠡᠵᠦ ᠳᠥᠷᠪᠡᠨ ᠳᠠᠯᠠᠢ ᠶ᠋ᠢᠨ ᠡᠷᠡᠮᠡᠬᠡᠢ ᠰᠥᠷᠭᠡᠦ ᠶ᠋ᠢ ᠠᠷᠢᠯᠭᠠᠷᠤᠨ
ᠡᠴᠢᠭᠡ ᠲᠡᠭᠷᠢ ᠡᠰᠡ ᠰᠣᠶᠣᠷᠬᠠᠪᠠᠰᠤ᠂ ᠡᠭᠡᠨᠡᠭᠲᠡ ᠪᠤᠰᠤᠳ ᠬᠡᠨ ᠴᠢᠳᠠᠬᠤ ᠠᠵᠢ !
ᠲᠡᠨᠳᠡᠴᠡ ᠲᠡᠢ ᠴᠢᠩ ᠲᠠᠢᠬᠡᠦ ᠡᠮᠡᠭᠡ ᠶ᠋ᠢᠨ ᠡᠨᠡ ᠨᠢᠭᠡᠨ ᠭᠡᠭᠡᠬᠡᠨ ᠲᠣᠳᠣᠷᠬᠠᠢ ᠶᠡᠬᠡ ᠪᠣᠭᠳᠠᠰ ᠤ᠋ᠨ ᠶᠡᠬᠡ ᠠᠭᠤᠳᠠᠮ ᠵᠠᠷᠯᠢᠭ ᠰᠣᠶᠣᠷᠬᠠᠯ ᠳ᠋ᠤᠷ ᠬᠠᠭᠠᠨ ᠬᠠᠲᠤᠨ ᠠ᠋ᠴᠠ ᠡᠬᠢᠯᠡᠨ᠂ ᠬᠠᠮᠤᠭ ᠲᠥᠷᠥ ᠶ᠋ᠢᠨ ᠲᠦᠮᠡᠨ ᠲᠦᠰᠢᠮᠡᠳ ᠮᠢᠩᠭᠠᠨ ᠪᠠᠭᠠᠲᠤᠳ ᠪᠠ ᠣᠯᠠᠨ ᠵᠠᠩᠵᠤᠨ᠂ ᠵᠠᠭᠤᠨ ᠨᠣᠶᠠᠳ ᠬᠠᠮᠲᠤ ᠴᠤᠭᠭᠠᠷ ᠳᠡᠪᠬᠡᠴᠡᠨ ᠪᠠᠶᠠᠷᠯᠠᠨ ᠭᠠᠢᠬᠠᠨ ᠰᠦᠰᠦᠭᠯᠡᠪᠡᠢ᠃ ᠣᠯᠠᠨ ᠲᠦᠮᠡᠨ ᠢ᠋ᠶ᠋ᠡᠷ ᠭᠠᠭᠴᠠ ᠬᠦ᠌ ᠨᠢᠭᠡᠬᠡᠨ ᠦᠯᠡᠭᠦᠦ ᠢᠷᠦᠭᠡᠯᠲᠦ ᠡᠮᠡᠭᠡ ᠲᠠᠢᠬᠡᠦ ᠶ᠋ᠢᠨ ᠨᠠᠰᠤᠨ ᠰᠡᠭᠦᠳᠡᠷ ᠵᠢᠷᠠᠨ ᠭᠤᠷᠪᠠ ᠬᠦᠷᠪᠡ ᠭᠡᠮᠡᠨ ᠡᠵᠡᠨ ᠦ᠌ ᠳᠥᠷᠪᠡᠨ ᠵᠦᠭ ᠬᠣᠯᠠ ᠠᠭᠯᠠᠭ ᠳᠠᠢᠯᠠᠨ ᠶᠠᠪᠤᠬᠤᠢ ᠳ᠋ᠤᠷ ᠬᠣᠷᠢᠭᠯᠠᠯ ᠪᠣᠯᠬᠤ ᠪᠣᠯᠭᠤᠵᠠᠢ ᠭᠡᠮᠡᠨ ᠤᠯᠠᠩᠭᠢᠨ ᠢ᠋ᠶ᠋ᠠᠷ ᠳᠣᠲᠣᠷ᠎ᠠ ᠲᠦᠭᠰᠢᠯᠴᠡᠨ ᠠᠬᠤᠶ᠎ᠠ᠂ ᠡᠳᠦᠭᠡ ᠬᠠᠷᠢᠨ ᠡᠮᠡᠭᠡ ᠲᠠᠢᠬᠡᠦ ᠥᠴᠦᠬᠡᠨ ᠴᠦ᠍ ᠡᠬᠡᠨᠡᠷ ᠬᠥᠮᠦᠨ ᠦ᠌ ᠦᠷ᠎ᠡ ᠠᠴᠢ ᠳ᠋ᠠᠭᠠᠨ ᠲᠠᠲᠠᠭᠳᠠᠨ᠂ ᠡᠭᠦᠷᠢᠳᠡ ᠪᠡᠶ᠎ᠡ ᠶ᠋ᠢᠨ ᠳᠡᠷᠭᠡᠳᠡ ᠪᠡᠨ ᠰᠠᠬᠢᠭᠤᠯᠤᠨ ᠪᠠᠢᠯᠭᠠᠵᠤ᠂ ᠡᠷ᠎ᠡ ᠬᠥᠮᠦᠨ ᠦ᠌ ᠬᠦᠨᠳᠦ ᠶᠡᠬᠡ ᠬᠡᠷᠡᠭ ᠦᠢᠯᠡ ᠶ᠋ᠢ ᠦᠯᠦ ᠪᠣᠳᠣᠬᠤ ᠲᠡᠢᠮᠦ ᠡᠩ ᠥᠲᠡᠯ᠎ᠡ ᠵᠠᠩ ᠪᠠᠢᠳᠠᠯ ᠪᠠᠬᠠᠨ ᠴᠤ᠌ ᠦᠭᠡᠢ ᠪᠥᠭᠡᠳ ᠪᠠᠰᠠ ᠡᠨᠡ ᠮᠡᠲᠦ ᠭᠡᠭᠡᠬᠡᠨ ᠲᠠᠰᠤᠷᠬᠠᠢ ᠳ᠋ᠤᠷ ᠵᠢᠨᠦᠩ ᠮᠤᠬᠤᠯᠢ ᠲᠡᠰᠳᠡᠰᠢ ᠦᠭᠡᠢᠶᠡ ᠲᠠᠰᠤᠷᠬᠠᠶᠠ ᠪᠠᠶᠠᠷᠯᠠᠨ᠂ ᠮᠠᠯᠠᠭ᠎ᠠ ᠪᠠᠨ ᠠᠪᠴᠤ ᠭᠠᠵᠠᠷ ᠲᠤᠷ ᠮᠥᠷᠭᠥᠵᠦ᠂ ᠥᠨᠳᠥᠷ ᠳᠠᠭᠤᠨ ᠢ᠋ᠶ᠋ᠠᠷ ᠠᠢᠯᠠᠳᠬᠠᠨ ᠪᠡᠯᠡᠭᠯᠡᠷᠦᠨ᠄
ᠪᠤᠶᠠᠨᠲᠤ ᠣᠷᠣᠨ ᠪᠤᠰᠤ ᠪᠣᠯᠪᠠᠰᠤ ᠪᠣᠭᠳᠠ ᠰᠦᠨᠡᠰᠦᠨ ᠪᠠᠭᠤᠵᠤ ᠲᠥᠷᠥᠬᠦ ᠦᠭᠡᠢ
ᠪᠣᠭᠳᠠ ᠬᠥᠮᠦᠨ ᠢ᠋ ᠮᠡᠨᠳᠦᠯᠡᠬᠦᠢ ᠳ᠋ᠦ᠍ᠷ ᠪᠣᠭᠳᠠ ᠡᠬᠡ ᠡᠴᠡ ᠪᠤᠰᠤᠳ ᠪᠠᠰᠠ ᠪᠣᠯᠬᠤ ᠦᠭᠡᠢ᠃
ᠪᠣᠭᠳᠠ ᠬᠥᠮᠦᠨ ᠶᠢᠷᠲᠢᠨᠴᠦ ᠳ᠋ᠦ᠍ᠷ ᠪᠠᠭᠤᠵᠤ ᠪᠤᠯᠲᠤ ᠪᠦᠬᠦᠨ ᠢ᠋ ᠲᠦᠪᠰᠢᠳᠬᠡᠨ ᠠᠮᠤᠭᠤᠯᠬᠤᠶᠠ
ᠪᠤᠯᠠᠩᠭᠢᠷᠲᠤ ᠭᠠᠵᠠᠷ ᠪᠦᠬᠦᠨ᠎ᠡ ᠬᠦᠷᠴᠦ ᠪᠤᠳᠤᠯᠢᠶᠠᠨ ᠢ᠋ ᠠᠨᠤ ᠠᠷᠢᠯᠭᠠᠬᠤ ᠬᠡᠷᠡᠭᠲᠡᠢ ᠶ᠋ᠢᠨ ᠲᠤᠯᠠᠳᠠ
ᠪᠣᠯᠣᠷ ᠴᠡᠭᠡᠵᠢᠲᠦ ᠪᠣᠭᠳᠠ ᠲᠠᠢᠬᠡᠦ ᠭᠡᠭᠡᠬᠡᠨ ᠲᠠᠰᠤᠷᠬᠠᠢ ᠰᠣᠶᠣᠷᠬᠠᠯ ᠢ᠋ ᠬᠠᠢᠷᠠᠯᠠᠭᠰᠠᠨ ᠢ᠋ᠶ᠋ᠠᠷ
ᠪᠣᠭᠳᠠ ᠡᠵᠡᠨ ᠪᠢᠳᠡᠨ ᠪᠣᠳᠤᠭᠳᠠᠯ ᠲᠠᠲᠠᠭᠳᠠᠯ ᠦᠭᠡᠢ ᠪᠡᠷ ᠪᠤᠷᠭᠢᠷᠠᠯ ᠪᠦᠬᠦᠨ ᠢ᠋ ᠠᠷᠢᠯᠭᠠᠳᠤᠢ ᠳ᠋ᠤᠷ
ᠪᠤᠰᠤᠳ ᠡᠲᠡᠭᠡᠳ ᠲᠢᠪ ᠤᠯᠤᠰ ᠤ᠋ᠳ ᠢ᠋ ᠪᠤᠲᠠᠷᠠᠲᠠᠯ᠎ᠠ ᠳᠠᠢᠯᠠᠨ ᠳᠠᠭᠠᠭᠤᠯᠤᠨ ᠠᠯᠪᠠ ᠪᠠᠷᠢᠭᠤᠯᠤᠨ
ᠪᠣᠱᠣᠭᠲᠤ ᠲᠡᠭᠷᠢ ᠶ᠋ᠢᠨ ᠲᠤᠰᠢᠶᠠᠯ ᠢ᠋ᠶ᠋ᠠᠨ ᠭᠦᠢᠴᠡᠳᠬᠡᠬᠦᠶᠡ ᠪᠣᠯᠭᠣᠮᠵᠢᠯᠠᠯ ᠦᠭᠡᠢ ᠪᠣᠯᠪᠠᠢ
ᠪᠣᠭᠳᠠ ᠲᠥᠷᠥᠯᠬᠢᠲᠡᠨ ᠢ᠋ ᠮᠡᠨᠳᠦᠯᠡᠵᠦ ᠴᠢᠳᠠᠭᠠᠳ ᠪᠠᠰᠠ ᠪᠣᠭᠳᠠ ᠶ᠋ᠢᠨ ᠦᠢᠯᠡᠰ ᠢ᠋ ᠪᠦᠷᠢᠳᠬᠡᠯᠭᠡᠨ ᠥᠷᠥᠰᠢᠪᠡ᠃
ᠪᠣᠳᠠᠲᠠᠶ᠎ᠠ ᠮᠠᠭᠠᠳ ᠬᠤᠷᠮᠤᠰᠲᠠ ᠶ᠋ᠢᠨ ᠥᠬᠢᠨ ᠲᠡᠭᠷᠢ ᠪᠣᠷᠵᠢᠭᠢᠳ ᠢᠵᠠᠭᠤᠷᠲᠠᠨ ᠢ᠋ ᠭᠡᠢᠭᠦᠯᠦᠷᠡ ᠢᠷᠡᠵᠦᠬᠦᠢ᠃
ᠭᠡᠮᠡᠨ ᠮᠥᠷᠭᠥᠬᠦᠶ᠎ᠡ᠂ ᠵᠠᠭᠤᠨ ᠨᠣᠶᠠᠳ ᠮᠢᠩᠭᠠᠨ ᠲᠦᠰᠢᠮᠡᠳ᠂ ᠳᠣᠲᠣᠷ᠎ᠠ ᠢᠭᠲᠦᠯᠦᠨ ᠬᠥᠳᠡᠯᠵᠦ᠂ ᠪᠦᠭᠦᠳᠡᠭᠡᠷ ᠴᠥᠮ ᠮᠠᠯᠠᠭ᠎ᠠ ᠪᠠᠨ ᠠᠪᠴᠤ ᠮᠠᠭᠰᠢᠵᠤ ᠮᠥᠷᠭᠥᠬᠦᠢ ᠳ᠋ᠦ᠍ᠷ ᠮᠠᠨᠳᠠᠯ ᠤ᠋ᠨ ᠬᠣᠲᠠᠯᠠᠭᠠᠷ ᠳᠣᠭᠳᠣᠯᠵᠠᠬᠤ ᠶ᠋ᠢ ᠪᠠᠢᠲᠤᠭᠠᠢ᠂ ᠮᠠᠳᠠᠭ ᠦᠭᠡᠢ ᠲᠡᠭᠷᠢ ᠶ᠋ᠢᠨ ᠬᠥᠪᠡᠭᠦᠨ ᠪᠡᠷᠢ ᠪᠡᠷ ᠱᠧᠩ ᠡᠸ᠋ ᠬᠤᠸᠠᠩᠲᠠᠢ ᠭᠤᠸᠠᠩ ᠰᠢᠶᠠᠨ ᠬᠤᠸᠠᠩᠬᠡᠦ ᠬᠠᠭᠠᠨ ᠬᠠᠲᠤᠨ ᠬᠣᠶᠠᠭᠤᠯᠠ ᠴᠤ᠌ ᠬᠤᠪᠢ ᠶ᠋ᠢᠨ ᠭᠠᠳᠠᠨ᠎ᠠ ᠠᠯᠠᠰᠬᠢᠨ ᠪᠠᠶᠠᠷᠯᠠᠭᠰᠠᠨᠠ᠂ ᠬᠤᠪᠢ ᠪᠤᠶᠠᠨ ᠬᠣᠣᠰ ᠪᠦᠷᠢᠳᠦᠭᠰᠡᠨ ᠬᠣᠲᠠᠯᠠ ᠳᠡᠯᠡᠬᠡᠢ ᠶ᠋ᠢᠨ ᠬᠤᠲᠤᠭᠲᠤ ᠲᠠᠢᠬᠡᠦ᠂ ᠬᠤᠨᠳᠠᠭᠠᠲᠤ ᠷᠠᠰᠢᠶᠠᠨ ᠤ᠋ ᠳᠡᠭᠡᠵᠢ ᠶ᠋ᠢ ᠠᠮᠰᠠᠨ ᠵᠣᠭᠣᠭᠯᠠᠵᠤ ᠬᠣᠭᠣᠯᠠᠢ ᠳ᠋ᠤᠷ ᠵᠠᠯᠭᠢᠨ᠂ ᠬᠣᠳᠣᠭᠣᠳᠣᠨ ᠳ᠋ᠤᠷ ᠰᠢᠮᠡᠳᠦᠨ ᠬᠣᠣᠰ ᠦᠭᠡᠢ ᠠᠮᠲᠠ ᠴᠢᠨᠠᠷ ᠲᠠᠢ ᠶ᠋ᠢᠨ ᠲᠤᠯᠠᠳᠠ᠂ ᠬᠠᠤ ᠴᠥᠮ ᠵᠣᠭᠣᠭᠯᠠᠭᠰᠠᠨ ᠦᠭᠡᠢ᠂ ᠬᠤᠷᠤᠭᠤ ᠶ᠋ᠢᠨ ᠲᠡᠳᠦᠢ ᠦᠯᠡᠭᠰᠡᠨ ᠷᠠᠰᠢᠶᠠᠨ ᠢ᠋ ᠬᠣᠶᠠᠷ ᠮᠣᠳᠣᠷ ᠢ᠋ᠶ᠋ᠠᠷ ᠬᠣᠣᠰᠯᠠᠨ ᠰᠥᠭᠥᠳᠬᠦ ᠬᠤᠸᠠᠩᠬᠡᠦ ᠪᠡᠷᠢ - ᠪᠦᠷᠲᠡᠭᠡᠯᠵᠢᠨ ᠰᠡᠴᠡᠨ ᠬᠠᠳᠤᠨ᠎ᠠ ᠬᠠᠢᠷᠠᠯᠠᠨ ᠥᠭᠴᠦ᠂ ᠬᠠᠭᠠᠨ ᠬᠠᠲᠤᠨ ᠲᠡᠷᠢᠭᠦᠯᠡᠨ ᠪᠦᠭᠦᠳᠡᠭᠡᠷ ᠦ᠋ᠨ ᠵᠦᠭ ᠬᠠᠨᠳᠤᠵᠤ ᠡᠢᠨ ᠭᠡᠮᠡᠨ ᠵᠠᠷᠯᠢᠭ ᠪᠣᠯᠤᠷᠤᠨ᠄
ᠰᠠᠢᠬᠠᠨ ᠬᠠᠢᠷᠬᠠᠨ ᠳ᠋ᠤᠷ ᠰᠠᠢᠬᠠᠨ ᠮᠥᠷᠡᠨ ᠡᠰᠡᠷᠭᠦᠴᠡᠯᠡᠬᠦ ᠬᠡᠷᠡᠭᠲᠡᠢ ᠪᠠᠢᠨᠠᠮ
ᠰᠠᠢᠨ ᠬᠠᠭᠠᠨ ᠳ᠋ᠤᠷ ᠰᠠᠢᠨ ᠬᠠᠲᠤᠨ ᠬᠣᠣᠰᠯᠠᠭᠰᠠᠨ ᠢ᠋ᠶ᠋ᠠᠷ ᠰᠠᠶᠢ ᠵᠢᠷᠭᠠᠵᠤ ᠠᠮᠤᠢ᠃
ᠰᠠᠢᠨ ᠬᠥᠪᠡᠭᠦᠨ ᠦ᠌ ᠬᠠᠯᠠᠮᠵᠢ ᠰᠠᠢᠨ ᠪᠡᠷᠢ ᠶ᠋ᠢᠨ ᠬᠠᠯᠠᠮᠵᠢ ᠠ᠋ᠴᠠ ᠬᠡᠲᠦᠷᠡᠬᠦ ᠦᠭᠡᠢ ᠪᠤᠶᠤ
ᠰᠠᠢᠨ ᠬᠤᠸᠠᠩᠬᠡᠦ ᠪᠡᠷᠢ ᠶ᠋ᠢᠨ ᠬᠠᠷᠢᠭᠤ ᠠᠴᠢᠯᠠᠯᠲᠠᠨ ᠤ᠋ ᠬᠠᠭᠠᠨ ᠠ᠋ᠴᠠ ᠬᠠᠷᠢᠨ ᠢᠯᠡᠭᠦᠦ ᠳ᠋ᠦ᠍ᠷ
ᠰᠠᠰᠠᠷ ᠢ᠋ ᠲᠣᠭᠣᠷᠢᠬᠤ ᠬᠠᠭᠠᠨ ᠡᠵᠡᠨ ᠴᠢᠨᠦ ᠬᠠᠮᠢᠭᠠᠰᠢ ᠳᠠᠢᠯᠠᠪᠠᠴᠤ ᠭᠠᠢ ᠦᠭᠡᠢ
ᠰᠠᠨᠠᠭᠰᠠᠨ ᠢ᠋ ᠭᠦᠢᠴᠡᠳᠬᠡᠬᠦ ᠲᠠᠨ ᠤ᠋ ᠡᠬᠡ ᠮᠢᠨᠦ ᠪᠡᠷᠢ ᠬᠠᠵᠠᠭᠤᠳᠠ ᠰᠠᠬᠢᠵᠤ ᠰᠠᠭᠤᠨᠠᠮ ᠪᠢᠰᠢᠦ ?
ᠰᠠᠪᠠ ᠶᠢᠷᠲᠢᠨᠴᠦ ᠶ᠋ᠢ ᠰᠠᠢᠨ ᠡᠷ᠎ᠡ ᠰᠠᠶᠢ ᠲᠣᠭᠣᠷᠢᠮᠤᠢ ᠰᠠᠭᠠᠲᠠᠭᠤᠯᠵᠤ ᠦᠯᠦ ᠪᠣᠯᠤᠮᠤ
ᠰᠠᠢᠨ ᠲᠥᠷᠥ ᠪᠡᠨ ᠰᠢᠮᠳᠠᠨ ᠪᠦᠲᠦᠭᠡᠯᠴᠢᠨ ᠽᠠᠮᠪᠤᠲᠢᠪ ᠤ᠋ᠨ ᠣᠯᠠᠨ ᠢ᠋ᠶ᠋ᠠᠨ ᠠᠮᠤᠭᠤᠯᠤᠭᠲᠤᠨ᠃
ᠰᠠᠢᠨ ᠪᠡᠷᠢᠶᠡᠳ ᠰᠠᠢᠬᠠᠨ ᠲᠡᠮᠳᠡᠭᠯᠡᠯᠴᠡᠨ ᠠᠪᠤᠯᠴᠠᠵᠤ ᠰᠠᠮᠪᠠᠷ᠎ᠠ ᠰᠣᠲᠣᠷ᠎ᠠ ᠬᠠᠳᠠᠭᠠᠯᠠᠨ ᠬᠠᠳᠠᠭᠠᠯᠠ
ᠰᠠᠨᠠᠭ᠎ᠠ ᠪᠠᠨ ᠳᠠᠭᠠᠭᠤᠯᠤᠨ ᠡᠷ᠎ᠡ ᠪᠠ ᠦᠷ᠎ᠡ ᠶ᠋ᠢᠨ ᠰᠠᠢᠨ ᠲᠥᠷᠥ ᠶ᠋ᠢ ᠰᠠᠭᠠᠲᠠᠭᠤᠯᠪᠠᠰᠤ ᠡᠬᠡᠨᠡᠷ ᠦ᠋ᠨ ᠶᠠᠯ᠎ᠠ ᠪᠤᠶᠤ᠃
ᠬᠡᠮᠡᠭᠰᠡᠨ ᠳ᠋ᠦ᠍ᠷ ᠰᠠᠷᠠᠨ ᠮᠠᠨᠳᠠᠯ ᠤ᠋ᠨ ᠰᠠᠷᠠᠭᠤᠯ ᠶᠡᠬᠡ ᠴᠢᠭᠤᠯᠭᠠᠨ᠂ ᠬᠠᠭᠠᠨ ᠬᠠᠲᠤᠨ ᠠ᠋ᠴᠠ ᠡᠬᠢᠯᠡᠨ᠂ ᠬᠠᠮᠤᠭ ᠪᠦᠭᠦᠳᠡᠭᠡᠷ ᠲᠦᠮᠡᠨ ᠨᠠᠰᠤᠲᠤ ᠲᠡᠭᠷᠢ ᠡᠬᠡ ᠭᠡᠮᠡᠨ ᠮᠥᠷᠭᠥᠬᠦᠶ᠎ᠡ᠂ ᠭᠤᠸᠠᠩ ᠰᠢᠶᠠᠨ ᠬᠤᠸᠠᠩᠬᠡᠦ ᠶ᠋ᠢᠨ ᠨᠠᠢ᠍ᠮᠠᠨ ᠡᠬᠡᠨᠡᠷ ᠰᠠᠢᠳ ᠤ᠋ᠨ ᠲᠡᠷᠢᠭᠦᠯᠡᠭᠴᠢ᠂ ᠰᠡᠷᠭᠦᠯᠡᠩ ᠭᠦᠩᠵᠦ ᠰᠣᠯᠣᠩᠭᠤᠸ᠎ᠠ ᠲᠡᠷᠢᠭᠦᠯᠡᠨ᠂ ᠡᠷ᠎ᠡ ᠡᠮ᠎ᠡ ᠰᠠᠢᠳ ᠲᠦᠰᠢᠮᠡᠳ᠂ ᠰᠥᠭᠥᠳᠦᠭᠰᠡᠭᠡᠷ ᠪᠠᠢᠵᠤ ᠰᠠᠮᠪᠠᠷ᠎ᠠ ᠰᠠᠮᠪᠠᠷ᠎ᠠ ᠳ᠋ᠠᠭᠠᠨ ᠤᠢᠭᠤᠷ ᠦᠰᠦᠭ ᠢ᠋ᠶ᠋ᠡᠷ ᠲᠡᠮᠳᠡᠭᠯᠡᠯᠴᠡᠨ ᠠᠪᠤᠯᠴᠠᠵᠤ᠂ ᠠᠯᠭᠤᠷ ᠰᠠᠶᠢ ᠲᠣᠷᠭ᠎ᠠ ᠲᠥᠷᠭᠡ᠂ ᠪᠥᠰ ᠱᠣ ᠳ᠋ᠤᠷ ᠪᠢᠴᠢᠯᠴᠡᠨ ᠬᠠᠳᠠᠭᠠᠯᠠᠪᠠᠢ᠃
ᠲᠡᠭᠦᠨᠴᠡ ᠡᠷᠭᠦᠯ ᠮᠥᠷᠭᠥᠯ ᠦ᠋ᠨ ᠶᠡᠬᠡ ᠶᠣᠰᠣᠯᠠᠯ ᠲᠡᠭᠦᠰᠴᠦ᠂ ᠲᠠᠢᠬᠡᠦ ᠵᠠᠷᠯᠢᠭ ᠪᠠᠭᠤᠯᠭᠠᠨ᠄
《ᠬᠤᠸᠠᠩᠬᠡᠦ ᠡᠷᠭᠦᠮᠵᠢᠯᠡᠬᠦ ᠲᠥᠪ ᠲᠥᠷᠥ ᠶ᠋ᠢᠨ ᠶᠡᠬᠡ ᠶᠣᠰᠣᠯᠠᠯ ᠢ᠋ ᠭᠦᠢᠴᠡᠳᠭᠡ᠂ ᠡᠨᠡ ᠬᠤᠸᠠᠩᠬᠡᠦ ᠶ᠋ᠢ ᠪᠤᠰᠤ ᠤᠯᠤᠰ ᠤ᠋ᠨ ᠬᠤᠸᠠᠩᠬᠡᠦ ᠡᠷᠭᠦᠮᠵᠢᠯᠡᠬᠦᠢ ᠶ᠋ᠢᠨ ᠶᠣᠰᠣᠨ ᠢ᠋ᠶ᠋ᠠᠷ ᠵᠦᠢᠯ ᠪᠦᠷᠢ ᠳ᠋ᠦ᠍ᠷ ᠤᠷᠢᠳᠠ ᠰᠠᠢᠳ ᠤ᠋ᠨ ᠶᠣᠰᠣᠨ ᠢ᠋ᠶ᠋ᠠᠷ ᠭᠦᠢᠴᠡᠳᠬᠡᠯᠭᠡᠵᠦ ᠪᠣᠯᠬᠤ ᠦᠭᠡᠢ᠂ ᠡᠨᠡ ᠬᠤᠸᠠᠩᠬᠡᠦ ᠬᠡᠮᠡᠭᠴᠢ ᠬᠠᠭᠠᠨ ᠯᠤᠭ᠎ᠠ ᠪᠠᠨ ᠬᠠᠮᠲᠤ ᠵᠣᠪᠠᠨ ᠵᠦᠳᠡᠵᠦ ᠵᠢᠳᠬᠦᠵᠦ ᠪᠦᠲᠦᠭᠡᠭᠰᠡᠨ ᠶᠡᠬᠡ ᠲᠥᠷᠥ ᠰᠠᠭᠤᠷᠢᠨ᠂ ᠬᠠᠭᠠᠨ ᠬᠢᠭᠡᠳ ᠾᠧᠦ ᠶ᠋ᠢ ᠠᠳᠠᠯᠢ ᠰᠠᠴᠠᠭᠤ᠂ ᠲᠥᠪ ᠲᠡᠭᠰᠢ ᠪᠡᠷ ᠲᠥᠷᠥ ᠶᠣᠰᠣᠨ ᠢ᠋ ᠶᠠᠪᠤᠭᠤᠯᠤᠨ᠂ ᠪᠤᠰᠤ ᠤᠯᠤᠰ ᠤ᠋ᠳ ᠤ᠋ᠨ ᠬᠡᠳᠦᠢᠨ ᠪᠦᠲᠦᠭᠰᠡᠨ ᠲᠥᠷᠥ ᠶ᠋ᠢᠨ ᠬᠠᠳ ᠤ᠋ᠳ ᠤ᠋ᠨ ᠬᠤᠸᠠᠩᠬᠡᠦ ᠡᠷᠭᠦᠮᠵᠢᠯᠡᠬᠦᠢ ᠶ᠋ᠢᠨ ᠳᠦᠷᠢᠮ ᠢ᠋ᠶ᠋ᠡᠷ ᠬᠤᠸᠠᠩᠬᠡᠦ ᠶ᠋ᠢ ᠰᠠᠢᠳ ᠬᠡᠮᠡᠭᠰᠡᠨ ᠦᠰᠦᠭ ᠡᠴᠡ ᠠᠩᠭᠢᠵᠢᠷᠠᠬᠤ ᠦᠭᠡᠢ ᠪᠡᠷ ᠾᠧᠦ ᠡᠷᠭᠦᠮᠵᠢᠯᠡᠬᠦ ᠲᠡᠷᠡ ᠶᠣᠰᠣᠨ ᠢ᠋ ᠬᠡᠷᠡᠭᠯᠡᠵᠦ ᠪᠣᠯᠬᠤ ᠦᠭᠡᠢ᠃ ᠲᠡᠷᠡ ᠬᠡᠮᠡᠭᠴᠢ ᠰᠠᠢᠳ ᠤ᠋ᠳ ᠤ᠋ᠨ ᠥᠬᠢᠳ ᠡᠴᠡ ᠾᠧᠦ ᠡᠷᠭᠦᠮᠵᠢᠯᠡᠬᠦ ᠲᠤᠯᠠ ᠰᠠᠶᠢ ᠲᠡᠢᠮᠦ ᠪᠣᠯᠠᠢ᠃ ᠡᠨᠡ ᠾᠧᠦ ᠬᠡᠮᠡᠭᠴᠢ ᠠᠩᠬ᠎ᠠ ᠠ᠋ᠴᠠ ᠠᠳᠠᠯᠢ ᠰᠠᠴᠠᠭᠤ ᠠᠢᠮᠠᠭ ᠤᠯᠤᠰ ᠪᠦᠬᠦᠢ ᠦᠶ᠎ᠡ ᠳ᠋ᠦ᠍ᠷ ᠳᠡᠭᠡᠳᠦ ᠬᠠᠭᠠᠨ ᠯᠢᠶᠧ ᠽᠦ᠍ ᠪᠠᠭᠠᠲᠤᠷ ᠡᠵᠡᠨ ᠦ᠌ ᠪᠡᠶ᠎ᠡ ᠶ᠋ᠢᠨ ᠭᠡᠭᠡᠬᠡᠨ ᠥᠪᠡᠷ ᠢ᠋ᠶ᠋ᠡᠨ ᠬᠤᠨᠳᠠᠭ᠎ᠠ ᠪᠠᠷᠢᠨ ᠭᠬᠢᠪ ᠲᠠᠯᠪᠢᠭᠰᠠᠨ ᠪᠡᠷᠢ ᠪᠤᠶᠤ ᠭᠡᠮᠡᠨ ᠲᠠᠢᠽᠦ ᠶ᠋ᠢᠨ ᠶᠢᠰᠦᠨ ᠥᠷᠯᠥᠭ ᠨᠣᠶᠠᠳ ᠪᠠ ᠬᠤᠸᠠᠩᠬᠡᠦ ᠶ᠋ᠢᠨ ᠨᠠᠢ᠍ᠮᠠᠨ ᠲᠥᠷᠥ ᠶ᠋ᠢᠨ ᠡᠬᠡᠨᠡᠷ ᠭᠦᠩᠵᠦ ᠰᠠᠢᠳ ᠤ᠋ᠳ ᠢ᠋ ᠴᠥᠮ ᠡᠮᠦᠨ᠎ᠡ ᠪᠡᠨ ᠵᠢᠭᠰᠠᠭᠠᠨ ᠵᠣᠭᠰᠣᠭᠠᠭᠠᠳ᠂ ᠣᠯᠠᠨ ᠰᠡᠴᠡᠳ ᠡᠷ᠎ᠡ ᠡᠮ᠎ᠡ ᠰᠠᠢᠳ ᠤ᠋ᠳ ᠢ᠋ ᠦᠵᠦᠭ ᠰᠠᠮᠪᠠᠷ᠎ᠠ ᠪᠠᠷᠢᠭᠤᠯᠤᠨ ᠰᠥᠭᠥᠳᠬᠡᠵᠦ᠂ ᠦᠯᠡᠭᠦᠦ ᠢᠷᠦᠭᠡᠯᠲᠦ ᠲᠠᠢᠬᠡᠦ ᠪᠡᠷ ᠵᠠᠷᠯᠢᠭ ᠪᠣᠯᠤᠷᠤᠨ᠄
《ᠮᠣᠩᠭᠣᠯ ᠤᠯᠤᠰ ᠤ᠋ᠨ ᠦᠯᠡᠭᠦᠦ ᠢᠷᠦᠭᠡᠯᠲᠦ ᠲᠡᠢ ᠴᠢᠩ ᠲᠠᠢᠬᠡᠦ ᠶ᠋ᠢᠨ ᠠᠯᠲᠠᠨ ᠵᠠᠷᠯᠢᠭ ᠤ᠋ᠨ ᠬᠠᠳᠠᠮᠠᠯ᠃ ᠲᠠᠨ ᠤ᠋ ᠡᠨᠡ ᠤᠯᠤᠰ ᠤ᠋ᠨ ᠡᠬᠡ᠂ ᠶᠡᠬᠡᠮᠰᠦᠭ ᠢ᠋ᠶ᠋ᠡᠷ ᠭᠡᠢᠭᠦᠯᠦᠭᠰᠡᠨ ᠲᠠᠬᠢᠮᠳᠠᠭᠤ ᠭᠡᠷᠡᠯᠲᠦ ᠭᠤᠸᠠᠩ ᠰᠢᠶᠠᠨ ᠬᠤᠸᠠᠩᠬᠡᠦ ᠬᠠᠲᠤᠨ ᠬᠡᠮᠡᠭᠴᠢ ᠶᠢᠷᠲᠢᠨᠴᠦ ᠶ᠋ᠢᠨ ᠳᠡᠭᠡᠷᠡᠬᠢ ᠡᠬᠡᠨᠡᠷ ᠲᠥᠷᠥᠯᠬᠢᠲᠡᠨ ᠦ᠌ ᠳᠣᠲᠣᠷᠠᠬᠢ ᠴᠤᠬᠤᠮᠬᠠᠨ ᠡᠬᠡᠨᠡᠷ ᠦ᠋ᠨ ᠭᠤᠷᠪᠠᠨ ᠭᠡᠷᠡᠯ᠂ ᠳᠣᠯᠣᠭᠠᠨ ᠭᠡᠰᠢᠭᠦᠨ᠂ ᠶᠢᠰᠦᠨ ᠢᠯᠠᠩᠭᠤᠶ᠎ᠠ ᠪᠦᠷᠢᠳᠦᠨ ᠲᠡᠭᠦᠰᠦᠭᠰᠡᠨ ᠪᠣᠭᠳᠠ ᠡᠬᠡᠨᠡᠷ ᠡᠵᠡᠨ ᠴᠢᠨᠦ ᠪᠤᠶᠤ᠃ ᠡᠬᠡᠨᠡᠷ ᠦ᠋ᠨ ᠭᠤᠷᠪᠠᠨ ᠭᠡᠷᠡᠯ ᠬᠡᠮᠡᠭᠴᠢ᠄ ᠬᠠᠳᠠᠮ ᠲᠥᠷᠬᠥᠮ ᠳ᠋ᠡᠭᠡᠨ ᠬᠠᠯᠠᠮᠵᠢᠲᠠᠢ ᠪᠣᠯᠪᠠᠰᠤ ᠡᠬᠡᠨᠡᠷ ᠦ᠋ᠨ ᠲᠡᠷᠢᠭᠦᠨ ᠭᠡᠷᠡᠯ᠃ ᠬᠠᠷᠢᠯᠠᠭᠰᠠᠨ ᠨᠥᠬᠥᠷ ᠡᠷ᠎ᠡ ᠳ᠋ᠡᠭᠡᠨ ᠬᠦᠨᠳᠦᠲᠡᠢ ᠪᠣᠯᠪᠠᠰᠤ ᠡᠬᠡᠨᠡᠷ ᠦ᠋ᠨ ᠬᠣᠶᠠᠳᠤᠭᠠᠷ ᠭᠡᠷᠡᠯ᠃ ᠬᠠᠮᠤᠭ ᠤᠯᠤᠰ ᠲᠤᠷ ᠪᠢᠰᠢᠷᠡᠯᠲᠡᠢ ᠪᠣᠯᠪᠠᠰᠤ ᠡᠬᠡᠨᠡᠷ ᠦ᠋ᠨ ᠭᠤᠷᠪᠠᠳᠤᠭᠠᠷ ᠭᠡᠷᠡᠯ ᠮᠥᠨ᠃ ᠵᠢᠴᠢ ᠡᠬᠡᠨᠡᠷ ᠦ᠋ᠨ ᠳᠣᠯᠣᠭᠠᠨ ᠭᠡᠰᠢᠭᠦᠨ ᠬᠡᠮᠡᠭᠴᠢ ᠢᠨᠦ᠂ ᠡᠬᠡᠨᠡᠷ ᠦ᠋ᠨ ᠭᠤᠷᠪᠠᠨ ᠳᠠᠭᠠᠯᠲᠠ᠂ ᠳᠥᠷᠪᠡᠨ ᠡᠷᠳᠡᠮ ᠦ᠋ᠨ ᠬᠤᠷᠢᠶᠠᠩᠭᠤᠢ ᠨᠡᠷ᠎ᠡ ᠪᠤᠶᠤ᠃ ᠡᠬᠡᠨᠡᠷ ᠦ᠋ᠨ ᠭᠤᠷᠪᠠᠨ ᠳᠠᠭᠠᠯᠲᠠ ᠬᠡᠮᠡᠭᠴᠢ᠂ ᠨᠢᠯᠬ᠎ᠠ ᠪᠠᠭ᠎ᠠ ᠳ᠋ᠤᠷ ᠲᠥᠷᠬᠥᠮ ᠲᠥᠷᠥᠯ ᠦ᠋ᠨ ᠠᠶ᠎ᠠ ᠶ᠋ᠢ ᠳᠠᠭᠠᠵᠤ ᠬᠠᠷᠢ ᠳ᠋ᠤᠷ ᠡᠴᠢᠬᠦ᠂ ᠡᠭᠦᠨ ᠢ᠋ ᠡᠬᠡᠨᠡᠷ ᠦ᠋ᠨ ᠲᠡᠷᠢᠭᠦᠨ ᠳᠠᠭᠠᠯᠲᠠ ᠬᠡᠮᠡᠮᠦᠢ᠃ ᠨᠠᠰᠤᠨ ᠳᠤᠮᠳᠠ ᠳ᠋ᠤᠷ ᠨᠥᠬᠥᠷ ᠡᠷ᠎ᠡ ᠶ᠋ᠢᠨ ᠠᠶ᠎ᠠ ᠶ᠋ᠢ ᠳᠠᠭᠠᠵᠤ ᠬᠢᠷᠢ ᠪᠡᠷ ᠢ᠋ᠶ᠋ᠡᠨ ᠠᠮᠢᠳᠤᠷᠠᠨ ᠤᠨᠳᠤᠷᠬᠤ᠂ ᠡᠭᠦᠨ ᠢ᠋ ᠡᠬᠡᠨᠡᠷ ᠦ᠋ᠨ ᠬᠣᠶᠠᠳᠤᠭᠠᠷ ᠳᠠᠭᠠᠯᠲᠠ ᠬᠡᠮᠡᠮᠦᠢ᠃ ᠨᠠᠰᠤᠵᠢᠨ ᠬᠥᠭᠰᠢᠷᠡᠪᠡᠰᠦ ᠦᠷ᠎ᠡ ᠬᠥᠪᠡᠭᠦᠳ ᠦ᠋ᠨ ᠠᠶ᠎ᠠ ᠶ᠋ᠢ ᠳᠠᠭᠠᠵᠤ ᠬᠠᠷᠢᠭᠤ ᠠᠴᠢᠯᠠᠯ ᠢ᠋ ᠡᠳ᠋ᠯᠡᠮᠦᠢ᠂ ᠡᠭᠦᠨ ᠢ᠋ ᠡᠬᠡᠨᠡᠷ ᠦ᠋ᠨ ᠭᠤᠷᠪᠠᠨ ᠳᠠᠭᠠᠯᠲᠠ ᠬᠡᠮᠡᠮᠦᠢ᠃ ᠡᠨᠡ ᠭᠤᠷᠪᠠᠨ ᠳᠠᠭᠠᠯᠲᠠ ᠠ᠋ᠴᠠ ᠨᠢᠭᠡᠨ ᠢ᠋ ᠢᠨᠤ ᠲᠡᠪᠴᠢᠪᠡᠰᠦ᠂ ᠡᠬᠡᠨᠡᠷ ᠦ᠋ᠨ ᠬᠠᠤᠯᠢ ᠰᠤᠷᠭᠠᠯᠲᠤ ᠡᠬᠡᠨᠡᠷ ᠪᠤᠰᠤ ᠬᠡᠮᠡᠮᠦ᠃ ᠵᠢᠴᠢ ᠡᠬᠡᠨᠡᠷ ᠦ᠋ᠨ ᠡᠷᠳᠡᠮ᠂ ᠬᠣᠶᠠᠷ ᠲᠤᠷ ᠡᠬᠡᠨᠡᠷ ᠦ᠋ᠨ ᠦᠭᠡᠰ᠂ ᠭᠤᠷᠪᠠᠨ ᠳ᠋ᠤᠷ ᠡᠬᠡᠨᠡᠷ ᠦ᠋ᠨ ᠥᠩᠭᠡ᠂ ᠳᠥᠷᠪᠡᠨ ᠳ᠋ᠦ᠍ᠷ ᠡᠬᠡᠨᠡᠷ ᠦ᠋ᠨ ᠦᠢᠯᠡ᠃ ᠡᠨᠡ ᠳᠥᠷᠪᠡᠨ ᠢ᠋ ᠡᠬᠡᠨᠡᠷ ᠦ᠋ᠨ ᠳᠥᠷᠪᠡᠨ ᠡᠷᠳᠡᠮ ᠬᠡᠮᠡᠮᠦᠢ᠃ ᠬᠠᠨ ᠬᠠᠷᠠᠴᠤ ᠭᠡᠮᠡᠨ ᠬᠠᠮᠤᠭ ᠬᠥᠮᠦᠨ ᠦ᠌ ᠡᠬᠡᠨᠡᠷ ᠥᠬᠢᠳ᠂ ᠡᠨᠡ ᠳᠥᠷᠪᠡᠨ ᠡᠷᠳᠡᠮ ᠦ᠋ᠨ ᠨᠢᠭᠡᠨ ᠢᠨᠤ ᠳᠤᠲᠠᠪᠠᠰᠤ᠂ ᠰᠠᠢᠨ ᠤᠳᠤᠮᠲᠠᠨ ᠤ᠋ ᠰᠠᠢᠬᠠᠨ ᠬᠥᠮᠦᠨ ᠬᠡᠮᠡᠬᠦ ᠦᠭᠡᠢ ᠪᠤᠶᠤ᠂ ᠤᠷᠢᠳᠤ ᠶ᠋ᠢᠨ ᠭᠤᠷᠪᠠᠨ ᠳᠠᠭᠠᠯᠲᠠ᠂ ᠬᠣᠵᠢᠮ ᠤ᠋ᠨ ᠳᠥᠷᠪᠡᠨ ᠡᠷᠳᠡᠮ ᠢ᠋ ᠨᠡᠢᠯᠡᠭᠦᠯᠪᠡᠰᠦ᠂ ᠡᠭᠦᠨ ᠢ᠋ ᠡᠬᠡᠨᠡᠷ ᠦ᠋ᠨ ᠳᠣᠯᠣᠭᠠᠨ ᠭᠡᠰᠢᠭᠦᠨ ᠬᠡᠮᠡᠮᠦᠢ᠃ ᠡᠬᠡᠨᠡᠷ ᠬᠥᠮᠦᠨ ᠡᠨᠡ ᠳᠣᠯᠣᠭᠠᠨ ᠭᠡᠰᠢᠭᠦᠨ ᠦ᠌ ᠨᠢᠭᠡᠨ ᠢᠨᠦ ᠳᠤᠲᠠᠭᠳᠠᠪᠠᠰᠤ᠂ ᠲᠡᠭᠦᠨ ᠢ᠋ ᠡᠬᠡᠨᠡᠷ ᠦ᠋ᠨ ᠨᠢᠭᠡᠨ ᠮᠥᠴᠡ ᠳᠤᠲᠠᠭᠤ ᠬᠡᠮᠡᠮᠦ᠃ ᠡᠷᠳᠡᠮᠲᠦ ᠪᠣᠭᠳᠠ ᠡᠭᠡᠨᠡᠷᠡ ᠦᠯᠦ ᠪᠠᠭᠲᠠᠮᠤᠢ᠃ ᠮᠢᠨᠦ ᠪᠡᠷᠢ ᠬᠤᠸᠠᠩᠬᠡᠦ ᠳ᠋ᠦ᠍ᠷ ᠤᠷᠢᠳᠤ ᠶ᠋ᠢᠨ ᠭᠤᠷᠪᠠᠨ ᠭᠡᠷᠡᠯ᠂ ᠳᠤᠮᠳᠠᠳᠤ ᠶ᠋ᠢᠨ ᠳᠣᠯᠣᠭᠠᠨ ᠭᠡᠰᠢᠭᠦᠨ ᠮᠠᠰᠢᠳᠠ ᠪᠦᠷᠢᠳᠦᠨ ᠲᠡᠭᠦᠰᠦᠭᠰᠡᠨ ᠢ᠋ᠶ᠋ᠡᠷ ᠰᠠᠶᠢ ᠡᠨᠡ ᠶᠢᠰᠦᠨ ᠢᠯᠠᠩᠭᠤᠶ᠎ᠠ ᠢᠯᠡᠷᠡᠨ ᠭᠠᠷᠴᠤ᠂ ᠶᠡᠬᠡᠮᠰᠦᠭ ᠭᠡᠷᠡᠯᠲᠦ ᠬᠤᠸᠠᠩᠬᠡᠦ ᠪᠣᠯᠤᠭᠰᠠᠨ ᠪᠤᠶᠤ᠃ ᠶᠢᠰᠦᠨ ᠢᠯᠠᠩᠭᠤᠶ᠎ᠠ ᠬᠡᠮᠡᠭᠴᠢ᠂ ᠲᠡᠷᠢᠭᠦᠨ ᠨᠢᠭᠡᠨ ᠵᠦᠢᠯ ᠢᠨᠦ ᠭᠡᠷᠡᠯᠲᠦ ᠬᠤᠸᠠᠩᠬᠡᠦ᠂ ᠬᠤᠲᠤᠭ ᠬᠡᠰᠢᠭᠲᠦ ᠬᠣᠩᠭᠢᠷᠠᠳ ᠤ᠋ᠨ ᠤᠯᠤᠰ ᠤ᠋ᠨ ᠡᠵᠡᠨ ᠳ᠋ᠠᠢ ᠰᠡᠴᠡᠨ ᠦ᠌ ᠪᠦᠷᠬᠦᠭᠰᠡᠨ ᠥᠷᠭᠥᠭᠡ ᠶ᠋ᠢᠨ ᠢᠰᠡᠭᠡᠢ ᠶ᠋ᠢ ᠨᠡᠪᠲᠡ ᠭᠡᠷᠡᠯ ᠰᠠᠴᠤᠷᠠᠨ ᠮᠡᠨᠳᠦᠯᠡᠵᠦ᠂ ᠡᠴᠢᠭᠡ ᠡᠬᠡ ᠳ᠋ᠡᠭᠡᠨ ᠭᠠᠭᠴᠠ ᠪᠦᠧᠧᠵᠤ ᠥᠬᠢᠨ ᠲᠤᠯᠠ ᠲᠥᠷᠥᠯᠬᠢ ᠪᠡᠯᠭᠡ ᠴᠢᠨᠠᠷ ᠤ᠋ᠨ ᠭᠤᠷᠪᠠᠨ ᠡᠷᠬᠢᠮ ᠦ᠋ᠨ ᠣᠬᠢ ᠶ᠋ᠢ ᠡᠵᠡᠯᠡᠭᠰᠡᠨ ᠡᠨᠡ ᠨᠢᠭᠡᠳᠦᠭᠡᠷ ᠢᠯᠭᠠᠮᠵᠢ᠃ ᠰᠠᠶᠢ ᠶᠢᠰᠦᠬᠡᠨ ᠨᠠᠰᠤᠯᠠᠲᠠᠯ᠎ᠠ᠂ ᠳᠡᠭᠡᠳᠦ ᠡᠵᠡᠨ ᠡᠨᠡ ᠬᠦ᠌ ᠬᠠᠭᠠᠨ ᠴᠢᠨᠦ ᠡᠴᠢᠭᠡ ᠬᠥᠪᠡᠭᠦᠨ ᠪᠡᠶ᠎ᠡ ᠪᠡᠷ ᠡᠴᠢᠵᠦ᠂ ᠠᠷᠢᠬᠢ ᠬᠠᠳᠠᠭ ᠠᠭᠲᠠ ᠪᠡᠯᠡᠭ ᠢ᠋ᠶ᠋ᠡᠨ ᠪᠠᠷᠢᠵᠤ ᠰᠦᠢ ᠲᠣᠭᠲᠠᠭᠠᠨ᠂ ᠪᠸᠲ᠋ᠡ᠋ ᠤᠯᠤᠰ ᠤ᠋ᠨ ᠪᠠᠭ᠎ᠠ ᠡᠵᠡᠨ ᠦ᠌ ᠬᠠᠲᠤᠨ ᠪᠣᠯᠭᠠᠨ ᠠᠮᠠᠨ ᠠᠯᠳᠠᠮᠠᠭᠴᠠ᠂ ᠠᠯᠲᠠᠨ ᠶᠠᠰᠤᠲᠤ ᠶ᠋ᠢᠨ ᠬᠠᠲᠤᠨ ᠪᠣᠯᠤᠭᠰᠠᠨ ᠡᠨᠡ ᠬᠣᠶᠠᠳᠤᠭᠠᠷ ᠢᠯᠭᠠᠮᠵᠢ᠃ ᠪᠣᠭᠲᠣᠯᠠᠨ ᠪᠠᠭᠤᠯᠭᠠᠬᠤᠢ ᠶ᠋ᠢᠨ ᠤᠷᠢᠳ ᠲᠠᠲ᠋ᠠᠷ ᠪᠠ ᠲᠠᠢᠴᠢᠭᠤᠳ ᠤ᠋ᠨ ᠵᠡᠷᠭᠡ ᠶᠢᠰᠦᠨ ᠠᠢᠮᠠᠭ ᠤ᠋ᠨ ᠴᠡᠷᠢᠭ ᠨᠡᠢᠯᠡᠵᠦ᠂ ᠪᠢᠳᠡᠨ ᠦ᠌ ᠤᠯᠤᠰ ᠢ᠋ ᠳᠠᠪᠴᠢᠯᠠᠬᠤ ᠶᠡᠬᠡ ᠲᠡᠢᠨ ᠳᠡᠭᠳᠡᠭᠰᠡᠨ ᠳ᠋ᠦ᠍ᠷ ᠬᠣᠲᠠ ᠨᠣᠶᠠᠨ ᠳ᠋ᠠᠢ ᠰᠡᠴᠡᠨ ᠮᠡᠳᠡᠭᠡ ᠢᠯᠡᠬᠡᠨ ᠬᠦᠴᠦᠨ ᠲᠤᠰᠠᠯᠠᠭᠰᠠᠨ ᠬᠠᠳᠠᠮ ᠳ᠋ᠤᠷ ᠢᠷᠡᠬᠦᠢ ᠶ᠋ᠢᠨ ᠤᠷᠢᠳ ᠬᠠᠯᠠᠮᠵᠢ ᠭᠡᠷᠡᠯ ᠢᠨᠦ ᠬᠦᠷᠴᠦ ᠢᠷᠡᠭᠰᠡᠨ ᠡᠨᠡ ᠭᠤᠷᠪᠠᠳᠤᠭᠠᠷ ᠢᠯᠭᠠᠮᠵᠢ᠃ ᠠᠷᠪᠠᠨ ᠳᠣᠯᠣᠭᠠᠨ ᠨᠠᠰᠤᠨ᠎ᠠ ᠬᠠᠷᠢᠯᠠᠵᠤ᠂ ᠲᠦᠷᠦᠯᠭᠦᠢ ᠶ᠋ᠢᠨ ᠬᠠᠲᠤᠨ ᠪᠣᠯᠬᠤᠢ ᠶ᠋ᠢᠨ ᠵᠢᠷᠭᠤᠭᠠᠨ ᠵᠦᠢᠯ ᠦ᠋ᠨ ᠶᠡᠬᠡ ᠶᠣᠰᠣᠯᠠᠯ ᠢ᠋ ᠬᠠᠭᠠᠨ ᠡᠵᠡᠨ ᠴᠢᠨᠦ ᠴᠥᠮ ᠪᠡᠶ᠎ᠡ ᠪᠡᠷ ᠢ᠋ᠶ᠋ᠡᠨ ᠵᠠᠬ᠎ᠠ ᠳᠠᠷᠠᠭᠠᠯᠠᠨ ᠪᠦᠷᠢᠳᠬᠡᠨ ᠭᠦᠢᠴᠡᠳᠬᠡᠵᠦ᠂ ᠪᠣᠭᠲᠣᠯᠠᠨ ᠪᠠᠭᠤᠯᠭᠠᠵᠤ᠂ ᠪᠤᠶᠠᠨᠲᠤ ᠬᠡᠷᠦᠯᠦᠨ ᠮᠥᠷᠡᠨ ᠦ᠌ ᠵᠠᠬ᠎ᠠ ᠳ᠋ᠤᠷ ᠪᠤᠯᠲᠤ ᠣᠯᠠᠨ ᠤᠯᠤᠰ ᠤ᠋ᠳ ᠶᠡᠬᠡᠳᠡ ᠬᠤᠷᠢᠮᠯᠠᠨ᠂ ᠶᠢᠰᠦᠨ ᠥᠷᠯᠥᠭ ᠦ᠋ᠨ ᠬᠤᠷᠠᠯᠳᠤᠨ ᠳᠠᠭᠠᠭᠰᠠᠨ ᠡᠨᠡ ᠳᠥᠷᠪᠡᠳᠦᠭᠡᠷ ᠢᠯᠭᠠᠮᠵᠢ᠃ ᠭᠡᠷᠡᠯᠲᠦ ᠬᠤᠸᠠᠩᠬᠡᠦ ᠶ᠋ᠢᠨ ᠲᠥᠷᠥᠯᠬᠢ ᠥᠩᠭᠡ ᠵᠢᠰᠦ᠂ ᠴᠣᠭᠴᠠ ᠮᠠᠬᠠᠪᠣᠳ᠂ ᠬᠠᠰ ᠪᠣᠯᠣᠷ᠂ ᠪᠢᠳᠦᠷᠶ᠎ᠡ ᠰᠤᠪᠤᠳ ᠮᠡᠲᠦ᠃ ᠥᠨᠳᠥᠷ ᠡᠷᠬᠢᠮ ᠭᠤᠸ᠎ᠠ ᠦᠵᠡᠰᠬᠦᠯᠡᠩ ᠬᠡᠲᠦᠢᠳᠦᠭᠰᠡᠨ ᠢ᠋ᠶ᠋ᠡᠷ ᠲᠡᠭᠷᠢ ᠶ᠋ᠢᠨ ᠲᠥᠷᠥᠯᠬᠢ ᠶ᠋ᠢᠨ ᠰᠦᠷ ᠵᠢᠪᠬᠤᠯᠠᠩ ᠭᠡᠷᠡᠯ ᠲᠡᠭᠦᠰᠦᠭᠰᠡᠨ ᠡᠨᠡ ᠲᠠᠪᠤᠳᠤᠭᠠᠷ ᠢᠯᠭᠠᠮᠵᠢ᠃ ᠨᠡᠩ ᠪᠠᠰᠠ ᠠᠷᠪᠠᠨ ᠳᠣᠯᠣᠭᠠᠨ ᠨᠠᠰᠤᠨ ᠳ᠋ᠤᠷ ᠬᠠᠲᠤᠨ ᠪᠣᠯᠤᠨ ᠬᠠᠳᠠᠮ ᠤ᠋ᠨ ᠡᠭᠦᠳᠡᠨ᠎ᠡ ᠣᠷᠣᠭᠰᠠᠨ ᠡᠳᠦᠷ ᠡᠴᠡ ᠡᠬᠢᠯᠡᠨ᠂ ᠡᠵᠡᠨ ᠡᠷ᠎ᠡ ᠶ᠋ᠢᠨ ᠡᠯ᠎ᠡ ᠶᠡᠬᠡ ᠤᠯᠠᠷᠢᠯ ᠠᠨᠤ ᠡᠷᠬᠢᠮᠯᠡᠨ ᠳᠡᠯᠭᠡᠷᠡᠵᠦ᠂ ᠡᠷ᠎ᠡ ᠶ᠋ᠢᠨ ᠡᠷᠳᠡᠮ ᠢ᠋ᠶ᠋ᠡᠷ ᠳᠤᠷᠪᠠᠨ ᠵᠦᠭ ᠨᠠᠢ᠍ᠮᠠᠨ ᠵᠣᠪᠬᠢᠰ ᠢ᠋ ᠳᠠᠢᠯᠠᠨ ᠳᠠᠭᠠᠭᠤᠯᠵᠤ᠂ ᠤᠯᠤᠰ ᠢᠷᠭᠡᠨ ᠬᠡᠳᠦᠢᠴᠢᠨᠡᠭᠡᠨ ᠮᠢᠩᠭᠠᠨ ᠭᠠᠵᠠᠷ ᠳᠡᠯᠡᠬᠡᠢ ᠶ᠋ᠢ ᠪᠦᠷᠬᠦᠵᠦ᠂ ᠬᠤᠲᠤᠭ ᠬᠡᠰᠢᠭ ᠬᠤᠪᠢ ᠪᠤᠶᠠᠨ ᠪᠦᠷᠢᠳᠦᠭᠰᠡᠨ ᠡᠨᠡ ᠵᠢᠷᠭᠤᠳᠤᠭᠠᠷ ᠢᠯᠭᠠᠮᠵᠢ᠃ ᠵᠢᠴᠢ ᠪᠠᠰᠠ ᠠᠷᠪᠠᠨ ᠶᠢᠰᠦᠨ ᠨᠠᠰᠤᠨ ᠠ᠋ᠴᠠ ᠡᠬᠢᠯᠡᠨ ᠦᠷ᠎ᠡ ᠴᠠᠭᠠᠨ ᠳᠡᠯᠭᠡᠷᠡᠵᠦ ᠶᠡᠬᠡ ᠠᠴᠢ – ᠵᠣᠴᠢ ᠲᠠᠢᠽᠢ ᠶ᠋ᠢ ᠬᠥᠩᠭᠡᠵᠢᠭᠰᠡᠨ ᠡᠴᠡ ᠬᠣᠷᠢᠨ ᠵᠢᠷᠭᠤᠭᠠᠨ ᠨᠠᠰᠤᠨ ᠳ᠋ᠤᠷ ᠬᠦᠷᠲᠡᠯ᠎ᠡ ᠳᠥᠷᠪᠡᠨ ᠮᠥᠴᠢ ᠮᠡᠲᠦ ᠳᠥᠷᠪᠡᠨ ᠲᠠᠢᠽᠢ ᠬᠥᠪᠡᠭᠦᠨ᠂ ᠭᠠᠭᠴᠠ ᠪᠤᠯᠠᠭᠠᠨ ᠰᠡᠭᠦᠯ ᠠᠳᠠᠯᠢ ᠨᠢᠭᠡᠨ ᠭᠦᠩᠵᠦ ᠥᠬᠢᠨ ᠲᠡᠢ᠂ ᠦᠷ᠎ᠡ ᠴᠠᠭᠠᠨ ᠲᠡᠭᠰᠢ ᠳᠡᠯᠭᠡᠷᠡᠨ ᠤᠷᠢᠳᠤᠰ ᠳᠡᠭᠡᠳᠦᠰ ᠦ᠋ᠨ ᠳᠠᠢᠯᠭ᠎ᠠ ᠲᠠᠬᠢᠯᠭ᠎ᠠ ᠪᠠ ᠤᠷᠤᠭ ᠰᠠᠳᠤᠨ ᠤ᠋ ᠤᠯᠠᠮᠵᠢᠯᠠᠯ ᠵᠠᠯᠭᠠᠮᠵᠢᠯᠠᠯ ᠬᠢᠭᠡᠳ ᠤᠯᠤᠰ ᠪᠦᠷᠢ ᠳ᠋ᠦ᠍ᠷ ᠡᠵᠡᠳ ᠪᠠᠢᠭᠤᠯᠤᠭᠴᠢ ᠤᠳᠤᠮ ᠰᠤᠳᠤᠷ ᠤ᠋ᠨ ᠦᠨᠳᠦᠰᠦᠨ ᠢ᠋ ᠪᠠᠲᠤᠳᠬᠠᠨ ᠬᠠᠳᠬᠤᠭᠰᠠᠨ ᠡᠨᠡ ᠳᠣᠯᠣᠳᠤᠭᠠᠷ ᠢᠯᠭᠠᠮᠵᠢ᠃ ᠤᠯᠠᠮ ᠤᠯᠠᠮ ᠤᠯᠤᠰ ᠠᠯᠪᠠᠲᠤ ᠶ᠋ᠢᠨ ᠬᠥᠪᠡᠭᠦᠳ ᠥᠬᠢᠳ ᠢ᠋ ᠣᠢᠷ᠎ᠠ ᠪᠠᠨ ᠤᠮᠳᠠᠯᠠᠨ ᠲᠡᠵᠢᠭᠡᠵᠦ ᠣᠯᠠᠨᠲᠠ ᠬᠥᠮᠦᠵᠢᠭᠦᠯᠦᠨ ᠥᠰᠬᠡᠵᠦ᠂ ᠣᠷᠳᠣᠨ ᠤ᠋ ᠳᠣᠲᠣᠷᠠᠬᠢ ᠣᠯᠠᠨ ᠠᠪᠢᠰᠤᠨ ᠠᠵᠢᠳ ᠬᠢᠭᠡᠳ ᠣᠯᠪᠣᠭ ᠤ᠋ᠨ ᠳᠣᠣᠷᠠᠬᠢ ᠣᠯᠠᠨ ᠣᠢᠷ᠎ᠠ ᠡᠩᠰᠡᠭᠯᠡᠭᠴᠢ ᠪᠠᠭ᠎ᠠ ᠬᠠᠲᠤᠳ ᠪᠠ ᠣᠯᠠᠨ ᠹᠧᠢ ᠨᠠᠷ ᠢ᠋ ᠥᠪᠡᠷᠦᠨ ᠪᠡᠶ᠎ᠡ ᠡᠴᠡ ᠰᠢᠮᠡᠳᠦᠭᠰᠡᠨ ᠥᠬᠢᠨ ᠮᠡᠲᠦ ᠦᠷᠦ ᠡᠪᠡᠳᠴᠦ᠂ ᠦᠨᠡᠮᠴᠢᠯᠡᠨ ᠥᠷᠥᠰᠢᠶᠡᠨ᠂ ᠠᠮᠢᠨᠴᠢᠯᠠᠨ ᠠᠰᠠᠷᠠᠵᠤ᠂ ᠨᠠᠭᠠᠯᠳᠤᠭᠤᠯᠤᠨ ᠨᠢᠭᠦᠯᠡᠰᠬᠦᠢ ᠶ᠋ᠢᠨ ᠡᠬᠡᠴᠢᠯᠡᠨ ᠡᠨᠡᠷᠢᠵᠦ᠂ ᠶᠡᠬᠡᠮᠰᠦᠭ ᠭᠡᠢᠭᠦᠯᠦᠭᠰᠡᠨ ᠶᠡᠷᠦᠩᠬᠡᠢ ᠶ᠋ᠢᠨ ᠴᠣᠯᠠ ᠣᠯᠤᠭᠰᠠᠨ ᠡᠨᠡ ᠨᠠᠢ᠍ᠮᠠᠳᠤᠭᠠᠷ ᠢᠯᠭᠠᠮᠵᠢ᠃ ᠬᠠᠮᠤᠭ ᠤ᠋ᠨ ᠭᠠᠢᠬᠠᠮᠰᠢᠭ ᠠᠨᠤ᠂ ᠬᠠᠷᠠᠬᠠᠨ ᠪᠡᠷᠢ ᠪᠣᠯᠤᠨ ᠡᠨᠡ ᠡᠳᠦᠷ ᠲᠣᠷ ᠭᠦᠷᠦᠨ ᠬᠦᠷᠲᠡᠯ᠎ᠡ ᠬᠠᠳᠠᠮ ᠡᠬᠡ ᠪᠡᠨ ᠨᠠᠮᠠᠶ᠋ᠢ ᠲᠥᠷᠥᠭᠰᠡᠨ ᠡᠬᠡ ᠪᠡᠷ ᠡᠨᠡᠭᠰᠢᠶᠡᠨ ᠡᠷᠬᠢᠯᠡᠨ ᠰᠠᠨᠠᠵᠤ᠂ ᠮᠢᠨᠦ ᠰᠡᠳᠬᠢᠯ ᠢ᠋ ᠲᠥᠷᠥᠭᠰᠡᠨ ᠦᠷ᠎ᠡ ᠪᠡᠨ ᠰᠠᠨᠠᠬᠤ ᠮᠡᠲᠦ ᠡᠭᠡᠷᠡᠭᠦᠯᠦᠨ ᠠᠪᠴᠤ᠂ ᠡᠨᠡᠯᠭᠡᠲᠦ ᠠᠮᠠᠷᠠᠭ ᠢ᠋ ᠮᠢᠨᠦ ᠣᠯᠵᠤ᠂ ᠤᠯᠤᠰ ᠤ᠋ᠨ ᠬᠣᠲᠠᠯᠠᠭᠠᠷ᠎ᠠ᠂ ᠲᠠᠬᠢᠮᠳᠠᠭᠤ ᠭᠡᠷᠡᠯᠲᠦ ᠡᠷᠭᠦᠮᠵᠢᠯᠡᠯ ᠢ᠋ ᠪᠠᠢᠭᠤᠯᠵᠤ᠂ ᠲᠥᠷᠬᠥᠮ ᠲᠥᠷᠥᠯ ᠦ᠋ᠨ ᠡᠭᠦᠳᠡ ᠡᠷᠦᠬᠡ ᠳ᠋ᠦ᠍ᠷ ᠦᠶ᠎ᠡ ᠤᠯᠠᠷᠢᠨ ᠤᠯᠤᠰ ᠤ᠋ᠨ ᠨᠠᠭᠠᠴᠤ᠂ ᠪᠡᠢᠯᠡ᠂ ᠬᠦᠩ ᠦ᠋ᠨ ᠨᠡᠷ᠎ᠡ ᠰᠠᠭᠤᠷᠢᠨ ᠢ᠋ ᠪᠠᠲᠤᠯᠠᠨ ᠦᠯᠡᠳᠡᠭᠡᠵᠦ᠂ ᠥᠪᠡᠷᠦᠨ ᠪᠡᠶ᠎ᠡ ᠳᠠᠯᠠᠨ ᠲᠠᠪᠤᠨ ᠤᠯᠤᠰ ᠠᠢᠮᠠᠭ ᠤ᠋ᠳ ᠤ᠋ᠨ ᠨᠡᠢᠭᠡᠮ ᠳᠡᠯᠡᠬᠡᠢ ᠶ᠋ᠢᠨ ᠡᠬᠡ᠂ ᠬᠠᠮᠤᠭ ᠬᠥᠮᠦᠨ ᠦ᠌ ᠬᠠᠭᠠᠨ ᠡᠵᠡᠨ ᠬᠤᠸᠠᠩᠳᠢ ᠶ᠋ᠢᠨ ᠬᠤᠸᠠᠩᠬᠡᠦ ᠬᠠᠲᠤᠨ᠂ ᠬᠠᠨ ᠬᠤᠷᠮᠤᠰᠲᠠ ᠶ᠋ᠢᠨ ᠬᠠᠢᠷᠠᠯᠠᠭᠰᠠᠨ ᠬᠠᠮᠲᠤᠳᠬᠠᠬᠤ ᠲᠠᠮᠠᠭ᠎ᠠ ᠶ᠋ᠢᠨ ᠬᠠᠰ ᠢ᠋ ᠬᠠᠳᠠᠭᠠᠯᠠᠭᠴᠢ᠂ ᠶᠢᠰᠦᠨ ᠢᠯᠭᠤᠮ ᠤ᠋ᠨ ᠬᠣᠲᠠᠯᠠ ᠶ᠋ᠢᠨ ᠬᠤᠪᠢ ᠲᠡᠭᠦᠰᠦᠭᠰᠡᠨ ᠶᠢᠰᠦᠨ ᠲᠡᠭᠷᠢ ᠶ᠋ᠢᠨ ᠶᠡᠬᠡ ᠬᠠᠲᠤᠨ ᠬᠡᠮᠡᠭᠴᠢ ᠴᠤᠬᠤᠮᠬᠠᠨ ᠲᠦᠭ ᠲᠦᠮᠡᠨ ᠦ᠌ ᠲᠦᠭᠡᠮᠡᠯ ᠡᠬᠡ ᠪᠤᠶᠤ᠃ ᠮᠢᠨᠦ ᠪᠡᠷᠢ ᠨᠠᠳᠠ ᠠ᠋ᠴᠠ ᠢᠯᠡᠭᠦᠦ ᠭᠤᠷᠪᠠᠨ ᠭᠡᠰᠢᠭᠦᠨ ᠪᠦᠷᠢᠳᠦᠭᠰᠡᠨ ᠢᠨᠦ᠂ ᠰᠡᠪ ᠰᠠᠶᠢ ᠭᠤᠶᠤᠵᠤ ᠲᠣᠭᠲᠠᠬᠤᠢ ᠳ᠋ᠤᠷ ᠬᠠᠳᠠᠮ ᠡᠴᠢᠭᠡ ᠪᠠᠭᠠᠲᠤᠷ ᠠ᠋ᠴᠠ ᠥᠪᠡᠷᠦᠨ ᠭᠠᠷ ᠢ᠋ᠶ᠋ᠠᠷ ᠠᠷᠢᠬᠢ ᠪᠠᠷᠢᠵᠤ ᠭᠬᠢᠪ ᠬᠠᠳᠠᠭ ᠲᠠᠲᠠᠵᠤ ᠲᠣᠷᠭᠣᠭᠠᠨ᠂ ᠬᠠᠭᠠᠨ ᠬᠥᠪᠡᠭᠦᠨ ᠮᠠᠯᠠᠭ᠎ᠠ ᠶ᠋ᠢᠨ ᠬᠥᠪᠡᠭᠡ ᠬᠦᠰᠡᠷ᠎ᠡ ᠬᠦᠷᠴᠦ ᠮᠠᠬᠠᠢ ᠶ᠋ᠢᠨ ᠦᠵᠦᠭᠦᠷ ᠡᠯᠡᠰᠤᠨᠡ ᠰᠢᠭᠢᠳᠲᠡᠯᠡ ᠮᠥᠷᠭᠥᠵᠦ᠂ ᠵᠢᠷᠭᠤᠭᠠᠨ ᠶᠣᠰᠣᠯᠠᠯ ᠢ᠋ ᠪᠦᠷᠢᠳᠬᠡᠨ ᠭᠦᠢᠴᠡᠳᠬᠡᠵᠦ ᠠᠪᠤᠭᠰᠠᠨ ᠠᠩᠬ᠎ᠠ ᠨᠢᠯᠬ᠎ᠠ ᠶ᠋ᠢᠨ ᠠᠪᠠᠯᠢ ᠶ᠋ᠢᠨ ᠬᠠᠲᠤᠨ ᠪᠤᠶᠤ᠃ ᠪᠢ ᠬᠡᠮᠡᠭᠴᠢ ᠪᠠᠭᠠᠲᠤᠷ ᠡᠵᠡᠨ ᠦ᠌ ᠬᠣᠷᠢᠨ ᠭᠤᠷᠪᠠᠨ ᠨᠠᠰᠤᠨ᠎ᠠ᠂ ᠨᠠᠮᠠᠶ᠋ᠢ ᠠᠷᠪᠠᠨ ᠳᠣᠯᠣᠭᠠᠲᠠᠢ ᠵᠠᠯᠭᠠᠵᠤ ᠠᠪᠤᠭᠰᠠᠨ ᠡᠮ᠎ᠡ ᠪᠥᠭᠡᠳ ᠬᠠᠳᠠᠮ ᠡᠴᠢᠭᠡ ᠡᠬᠡ ᠶ᠋ᠢᠨ ᠨᠢᠭᠤᠷ ᠢ᠋ ᠦᠵᠡᠨ ᠬᠦᠴᠦᠨ ᠪᠠᠷᠢᠵᠤ ᠡᠰᠡ ᠴᠢᠳᠠᠭᠰᠠᠨ ᠪᠡᠷᠢ ᠪᠤᠶᠤ᠂ ᠡᠨᠡ ᠨᠢᠭᠡ᠃ ᠵᠢᠴᠢ ᠳ᠋ᠦ᠍ᠷ ᠮᠢᠨᠦ ᠪᠡᠶ᠎ᠡ ᠬᠣᠷᠢᠨ ᠳᠣᠯᠣᠭᠠᠬᠠᠨ ᠨᠠᠰᠤᠨ᠎ᠠ ᠪᠠᠭᠠᠲᠤᠷ ᠡᠵᠡᠨ ᠢ᠋ ᠠᠯᠳᠠᠵᠤ᠂ ᠵᠠᠯᠠᠭᠤ ᠠ᠋ᠴᠠ ᠪᠡᠯᠪᠡᠰᠦᠨ ᠪᠣᠯᠵᠤ ᠂ ᠪᠡᠷᠬᠡ ᠲᠦᠭᠰᠢᠭᠦᠷᠢ ᠳ᠋ᠦ᠍ᠷ ᠲᠤᠯᠵᠤ ᠨᠢᠯᠬ᠎ᠠ ᠬᠡᠦᠬᠡᠳ ᠢ᠋ ᠬᠠᠮᠠᠭᠠᠯᠠᠨ᠂ ᠠᠷᠪᠠᠨ ᠭᠤᠷᠪᠠᠨ ᠪᠦᠯᠦᠭ ᠦ᠋ᠨ ᠴᠡᠷᠢᠭ ᠢ᠋ ᠳᠠᠢᠴᠢᠯᠠᠨ ᠶᠠᠪᠤᠵᠤ᠂ ᠬᠡᠳᠦᠢᠪᠡᠷ ᠤᠯᠤᠰ ᠢ᠋ ᠰᠠᠬᠢᠨ ᠤᠭᠰᠠᠭ᠎ᠠ ᠶ᠋ᠢ ᠬᠠᠮᠠᠭᠠᠯᠠᠭᠰᠠᠨ ᠥᠴᠦᠬᠡᠨ ᠵᠢᠳᠬᠦᠯ ᠪᠣᠢ ᠭᠡᠪᠡᠴᠦ ᠪᠡᠷ ᠡᠭᠡᠨᠡᠭᠲᠡ ᠡᠬᠡᠨᠡᠷ ᠬᠥᠮᠦᠨ ᠦ᠌ ᠦᠢᠯᠡᠳᠬᠦ ᠡᠩ ᠦ᠋ᠨ ᠦᠢᠯᠡ ᠪᠤᠰᠤ ᠪᠢᠰᠢᠦ ? ᠲᠥᠷᠬᠥᠮ ᠦ᠋ᠨ ᠡᠴᠢᠭᠡ ᠡᠬᠡ ᠠᠬ᠎ᠠ ᠳᠡᠭᠦᠦ ᠡᠨᠡ ᠪᠡᠶ᠎ᠡ ᠶ᠋ᠢ ᠰᠠᠬᠢᠬᠤ ᠶ᠋ᠢ ᠴᠢᠳᠠᠨᠠᠮ ᠶᠠ᠃ ᠡᠨᠡ ᠪᠧᠲ᠋ᠠ᠋ ᠤᠯᠤᠰ ᠤ᠋ᠨ ᠴᠡᠷᠢᠭ ᠦ᠋ᠨ ᠡᠷᠬᠡ ᠶ᠋ᠢ ᠡᠵᠡᠷᠬᠡᠵᠦ ᠪᠣᠯᠤᠮᠤᠢ ᠤᠤ ? ᠮᠢᠨᠦ ᠪᠡᠷᠢ ᠬᠡᠮᠡᠭᠴᠢ ᠲᠥᠷᠥᠯᠬᠢ ᠲᠥᠷᠬᠥᠮ ᠳ᠋ᠡᠭᠡᠨ ᠲᠦᠭᠡᠮᠡᠯ᠂ ᠬᠠᠳᠠᠮ ᠳ᠋ᠠᠭᠠᠨ ᠬᠠᠢᠷᠠᠲᠠᠢ ᠬᠠᠳ ᠡᠵᠡᠳ ᠦ᠋ᠨ ᠬᠠᠲᠤᠨ ᠪᠦᠧᠧᠵᠤ ᠶ᠋ᠢᠨ ᠶᠣᠰᠣᠨ ᠢ᠋ᠶ᠋ᠠᠷ ᠭᠦᠨ ᠳᠣᠲᠣᠭᠠᠳᠤ ᠳ᠋ᠤᠷ ᠵᠠᠭᠤᠨ ᠥᠬᠢᠳ ᠵᠢᠭᠰᠠᠭᠠᠨ᠂ ᠭᠠᠳᠠᠭᠰᠢ ᠭᠠᠷᠪᠠᠰᠤ ᠵᠠᠭᠤᠨ ᠪᠠᠭᠠᠲᠤᠳ ᠪᠠᠭᠯᠠᠭᠠᠯᠠᠨ᠂ ᠡᠬᠡᠨᠡᠷ ᠬᠥᠮᠦᠨ ᠦ᠌ ᠬᠦᠨᠳᠦ ᠶᠣᠰᠣᠯᠠᠯ ᠢ᠋ ᠡᠵᠡᠯᠡᠨ ᠰᠠᠬᠢᠭᠰᠠᠨ᠂ ᠬᠠᠭᠠᠨ ᠬᠠᠲᠤᠨ ᠬᠣᠣᠰ ᠲᠡᠭᠦᠰ ᠪᠡᠯᠭᠡ ᠴᠢᠨᠠᠷ ᠬᠠᠮᠲᠤ ᠪᠦᠷᠢᠳᠴᠦ ᠥᠯᠵᠡᠢ ᠬᠤᠲᠤᠭ ᠣᠷᠣᠰᠢᠨ ᠰᠢᠩᠭᠡᠭᠰᠡᠨ᠂ ᠬᠠᠳᠠᠨ ᠭᠣᠯᠣᠮᠲᠠ ᠶ᠋ᠢᠨ ᠡᠬᠡ ᠳ᠋ᠦ᠍ᠷ ᠬᠠᠯᠠᠮᠵᠢ ᠭᠡᠷᠡᠯᠲᠦ ᠬᠠᠲᠤᠨ ᠪᠣᠯᠠᠢ᠃ ᠡᠨᠡ ᠬᠣᠶᠠᠷ᠃ ᠵᠢᠴᠢ ᠪᠢ ᠮᠥᠨ ᠬᠡᠳᠦᠢᠪᠡᠷ ᠮᠥᠨ ᠬᠦ᠌ ᠲᠠᠪᠤᠨ ᠬᠥᠪᠡᠭᠦᠨ ᠨᠢᠭᠡᠨ ᠥᠬᠢᠨ ᠢ᠋ ᠬᠥᠩᠭᠡᠵᠢᠨ ᠵᠠᠪᠳᠤᠵᠤ᠂ ᠦᠷ᠎ᠡ ᠴᠠᠭᠠᠨ ᠲᠡᠭᠰᠢ ᠳᠡᠯᠭᠡᠷᠡᠨ᠂ ᠬᠠᠭᠠᠨ ᠬᠥᠮᠦᠨ ᠦ᠌ ᠡᠬᠡ ᠪᠣᠯᠤᠨ ᠴᠢᠳᠠᠭᠰᠠᠨ ᠪᠣᠯᠪᠠᠴᠤ ᠪᠠᠷ ᠬᠠᠷᠠᠬᠠᠨ ᠵᠠᠯᠠᠭᠤ ᠠ᠋ᠴᠠ ᠪᠡᠯᠪᠡᠰᠦᠨ ᠪᠣᠯᠵᠤ᠂ ᠬᠠᠭᠠᠨ ᠬᠥᠮᠦᠨ ᠦ᠌ ᠬᠠᠲᠤᠨ ᠪᠤᠰᠤ ᠪᠤᠶᠤ᠂ ᠮᠢᠨᠦ ᠬᠤᠸᠠᠩᠬᠡᠦ ᠪᠡᠷᠢ ᠬᠡᠮᠡᠭᠴᠢ ᠥᠪᠡᠷᠦᠨ ᠡᠵᠡᠨ ᠡᠷ᠎ᠡ ᠪᠡᠨ ᠬᠠᠭᠠᠨ ᠰᠠᠭᠤᠯᠭᠠᠨ᠂ ᠥᠪᠡᠷᠦᠨ ᠪᠡᠶ᠎ᠡ ᠬᠠᠭᠠᠨ ᠤ᠋ ᠬᠠᠲᠤᠨ ᠪᠣᠯᠤᠭᠰᠠᠨ ᠪᠥᠭᠡᠳ ᠳᠥᠷᠪᠡᠨ ᠬᠥᠪᠡᠭᠦᠨ ᠬᠥᠩᠭᠡᠵᠢᠵᠦ᠂ ᠲᠥᠷᠥ ᠰᠠᠭᠤᠷᠢᠨ ᠤ᠋ ᠤᠭ ᠦᠨᠳᠦᠰᠦᠨ ᠢ᠋ ᠪᠠᠲᠤ ᠪᠡᠬᠢ ᠠᠭᠤᠳᠠᠮ ᠶᠡᠬᠡ ᠪᠣᠯᠭᠠᠭᠰᠠᠨ ᠢ᠋ᠶ᠋ᠠᠷ ᠳᠥᠷᠪᠡᠨ ᠲᠠᠢᠽᠢ ᠠᠴᠢᠨᠠᠷ ᠬᠠᠭᠠᠨ ᠰᠠᠭᠤᠯ ᠦᠭᠡᠢ ᠬᠠᠮᠢᠭᠠᠰᠢ ᠡᠴᠢᠨᠡᠮ ? ᠡᠨᠡ ᠭᠤᠷᠪᠠᠨ ᠵᠦᠢᠯ ᠨᠠᠳᠠ ᠠ᠋ᠴᠠ ᠢᠯᠡᠭᠦᠦ ᠪᠣᠯᠵᠤ᠂ ᠶᠡᠬᠡ ᠠᠴᠢᠯᠠᠯ ᠲᠠᠬᠢᠮᠳᠡᠯᠠᠯ ᠪᠦᠷᠢᠳᠪᠡ ᠬᠡᠮᠡᠭᠴᠢ ᠡᠨᠡ ᠪᠤᠶᠤ᠃ ᠵᠢᠴᠢ ᠬᠠᠨ ᠪᠠ ᠬᠠᠷᠠᠴᠤ ᠶ᠋ᠢᠨ ᠶᠡᠬᠡ ᠡᠮ᠎ᠡ ᠶ᠋ᠢᠨ ᠵᠢᠷᠭᠤᠭᠠᠨ ᠬᠦᠨᠳᠦ ᠶᠣᠰᠣᠯᠠᠯ ᠬᠡᠮᠡᠭᠴᠢ ᠢᠨᠤ᠂ ᠤᠷᠤᠭ ᠢ᠋ ᠳᠤᠷᠠᠳᠤᠨ ᠭᠤᠶᠤᠬᠤ᠂ ᠰᠢᠭᠦᠰᠦ ᠠᠷᠢᠬᠢ ᠤᠤᠭᠤᠯᠭᠠᠬᠤ᠂ ᠰᠤᠮᠤᠨ ᠤ᠋ ᠪᠡᠯᠡᠭ ᠲᠠᠯᠪᠢᠬᠤ᠂ ᠡᠳᠦᠷ ᠴᠠᠭ ᠢ᠋ ᠮᠡᠳᠡᠭᠦᠯᠬᠦ᠂ ᠨᠡᠷ᠎ᠡ ᠴᠣᠯᠠ ᠶ᠋ᠢ ᠠᠰᠠᠭᠤᠬᠤ᠂ ᠪᠣᠭᠲᠣᠯᠠᠨ ᠪᠠᠭᠤᠯᠭᠠᠵᠤ ᠢᠷᠡᠬᠦ – ᠡᠨᠡ ᠵᠢᠷᠭᠤᠭᠠᠨ ᠵᠦᠢᠯ ᠦ᠋ᠨ ᠶᠣᠰᠣᠯᠠᠯ ᠤ᠋ᠨ ᠨᠢᠭᠡᠨ ᠢᠨᠦ ᠳᠤᠲᠠᠪᠠᠰᠤ᠂ ᠶᠡᠬᠡ ᠡᠮ᠎ᠡ ᠬᠡᠮᠡᠬᠦ ᠦᠭᠡᠢ ᠪᠤᠶᠤ᠃ ᠲᠡᠢᠮᠦ ᠶ᠋ᠢᠨ ᠲᠤᠯᠠ ᠮᠢᠨᠦ ᠡᠨᠡ ᠪᠡᠷᠢ ᠶ᠋ᠢᠨ ᠦᠶᠡᠰ ᠭᠡᠰᠢᠭᠦᠨ ᠶᠣᠰᠣᠯᠠᠯ ᠲᠥᠪ ᠨᠡᠢᠳᠡᠪᠡᠷ ᠪᠦᠷᠢᠳᠦᠭᠰᠡᠨ ᠢ᠋ᠶ᠋ᠡᠷ ᠰᠠᠶᠢ ᠭᠤᠷᠪᠠᠨ ᠭᠡᠷᠡᠯ᠂ ᠳᠣᠯᠣᠭᠠᠨ ᠭᠡᠰᠢᠭᠦᠨ᠂ ᠶᠢᠰᠦᠨ ᠢᠯᠠᠩᠭᠤᠢᠶᠠᠲᠤ ᠶᠡᠬᠡ ᠪᠣᠭᠳᠠ ᠬᠠᠲᠤᠨ ᠬᠡᠮᠡᠬᠦ ᠪᠤᠶᠤ᠃ ᠡᠭᠦᠨ ᠦ᠌ ᠳᠣᠲᠣᠷ᠎ᠠ ᠭᠤᠷᠪᠠᠨ ᠲᠥᠷᠥᠯ ᠦ᠋ᠨ ᠪᠤᠶᠠᠨ ᠵᠠᠶᠠᠭᠠᠨ ᠬᠣᠯᠪᠣᠭᠳᠠᠵᠤ ᠪᠣᠢ ᠠᠮᠤᠢ᠃ ᠵᠠᠭᠤᠨ ᠦᠶ᠎ᠡ ᠶ᠋ᠢᠨ ᠮᠢᠩᠭᠠᠨ ᠬᠠᠳ ᠤ᠋ᠨ ᠬᠤᠸᠠᠩᠬᠡᠦ ᠬᠠᠲᠤᠳ ᠤᠯᠠᠩᠬᠢᠨ ᠴᠥᠮ ᠰᠠᠢᠳ ᠲᠦᠰᠢᠮᠡᠳ ᠦ᠋ᠨ ᠥᠬᠢᠳ ᠡᠴᠡ ᠰᠣᠩᠭᠣᠨ ᠬᠠᠲᠤᠨ ᠡᠷᠭᠦᠮᠵᠢᠯᠡᠬᠦᠢ ᠶ᠋ᠢᠨ ᠲᠤᠯᠠᠳᠠ ᠬᠠᠭᠠᠨ ᠪᠠ ᠲᠠᠢᠽᠢ ᠪᠣᠯᠪᠠᠴᠤ ᠪᠠᠷ ᠰᠠᠢᠳ ᠲᠦᠰᠢᠮᠡᠳ ᠦ᠋ᠨ ᠡᠭᠦᠳᠡᠨ᠎ᠡ ᠰᠠᠴᠠᠭᠤ ᠠᠳᠠᠯᠢ ᠤᠷᠤᠭ ᠤ᠋ᠨ ᠶᠣᠰᠣᠭᠠᠷ ᠵᠢᠷᠭᠤᠭᠠᠨ ᠶᠣᠰᠣᠯᠠᠯ ᠢ᠋ ᠪᠦᠷᠢᠳᠬᠡᠨ ᠭᠦᠢᠴᠡᠳᠬᠡᠵᠦ ᠴᠢᠳᠠᠮᠤᠢ ᠤᠤ ? ᠬᠠᠭᠠᠨ ᠬᠥᠪᠡᠭᠦᠨ ᠪᠡᠶ᠎ᠡ ᠪᠡᠷ ᠡᠨᠡ ᠰᠠᠴᠠᠭᠤ ᠠᠳᠠᠯᠢ ᠤᠷᠤᠭ ᠤ᠋ᠨ ᠵᠢᠷᠭᠤᠭᠠᠨ ᠶᠣᠰᠣᠯᠠᠯ ᠢ᠋ ᠪᠦᠷᠢᠳᠬᠡᠨ ᠲᠡᠭᠦᠰᠬᠡᠭᠰᠡᠨ ᠦ᠌ ᠬᠠᠷᠢᠭᠤ ᠠᠴᠢᠯᠠᠯ ᠳ᠋ᠤᠷ ᠠᠨᠤ ᠭᠠᠷᠤᠭᠰᠠᠨ ᠡᠷ᠎ᠡ ᠬᠠᠭᠠᠨ ᠰᠠᠭᠤᠵᠤ᠂ ᠠᠪᠤᠭᠰᠠᠨ ᠡᠮ᠎ᠡ ᠬᠤᠸᠠᠩᠬᠡᠦ ᠪᠣᠯᠤᠨ ᠬᠥᠪᠡᠭᠦᠨ ᠲᠥᠷᠥᠪᠡᠰᠦ ᠲᠠᠢᠽᠢ᠂ ᠥᠬᠢᠨ ᠬᠥᠩᠭᠡᠵᠢᠪᠡᠰᠦ ᠭᠦᠩᠵᠦ ᠪᠣᠯᠤᠯᠴᠠᠪᠠ᠃ ᠲᠡᠢᠨ ᠬᠦ᠌ ᠤᠯᠤᠰ ᠨᠡᠭᠡᠭᠡᠬᠦᠢ ᠶ᠋ᠢᠨ ᠶᠡᠬᠡ ᠬᠠᠲᠤᠨ᠂ ᠬᠠᠭᠠᠨ ᠰᠠᠭᠤᠬᠤᠢ ᠶ᠋ᠢᠨ ᠡᠬᠡ ᠬᠤᠸᠠᠩᠬᠡᠦ ᠪᠣᠯᠤᠭᠰᠠᠨ ᠦᠨᠡᠨ ᠬᠦᠴᠦᠨ ᠦ᠌ ᠭᠠᠪᠢᠶ᠎ᠠ ᠵᠢᠳᠬᠦᠯᠭᠡ ᠳ᠋ᠦ᠍ᠷ ᠢᠨᠤ᠂ ᠡᠨᠡ ᠬᠦ᠌ ᠪᠠᠢᠭᠤᠯᠤᠨ ᠲᠣᠭᠲᠠᠭᠠᠭᠰᠠᠨ ᠶᠡᠬᠡ ᠮᠣᠩᠭᠣᠯ ᠤᠯᠤᠰ ᠤ᠋ᠨ ᠲᠥᠷᠥ ᠰᠠᠭᠤᠷᠢᠨ ᠬᠡᠵᠢᠶ᠎ᠡ ᠢᠨᠠᠷᠤ ᠵᠠᠯᠭᠠᠮᠵᠢᠯᠠᠨ ᠳᠡᠯᠭᠡᠷᠡᠨ ᠪᠠᠢᠭᠰᠠᠨ ᠴᠠᠭᠳᠠ᠂ ᠦᠶ᠎ᠡ ᠦᠶ᠎ᠡ ᠶ᠋ᠢᠨ ᠰᠠᠭᠤᠷᠢᠨ ᠢ᠋ ᠵᠠᠯᠭᠠᠮᠵᠢᠯᠠᠨ ᠬᠠᠭᠠᠨ ᠰᠠᠭᠤᠭᠴᠢᠳ ᠢ᠋ᠶ᠋ᠠᠷ ᠣᠨᠴᠠ ᠡᠷᠬᠡᠪᠰᠢ ᠡᠨᠡ ᠬᠦ᠌ ᠡᠬᠢ ᠡᠭᠦᠰᠬᠡᠯ ᠦ᠋ᠨ ᠬᠤᠪᠢ ᠪᠤᠶᠠᠨ ᠲᠡᠭᠦᠰᠴᠦ᠂ ᠬᠤᠲᠤᠭ ᠬᠡᠰᠢᠭ ᠣᠷᠣᠰᠢᠭᠰᠠᠨ᠂ ᠬᠣᠩᠭᠢᠷᠠᠳ ᠠᠢᠮᠠᠭ ᠤ᠋ᠨ ᠭᠡᠷᠡᠯᠲᠦ ᠶᠡᠬᠡᠮᠰᠦᠭ ᠬᠤᠸᠠᠩᠬᠡᠦ ᠶ᠋ᠢᠨ ᠲᠥᠷᠬᠥᠮ ᠦ᠋ᠨ ᠦᠷ᠎ᠡ ᠠᠴᠢ ᠶ᠋ᠢᠨ ᠨᠣᠶᠠᠳ ᠤ᠋ᠨ ᠥᠬᠢᠳ ᠡᠴᠡ ᠡᠷᠬᠡᠪᠰᠢ ᠨᠢᠭᠡᠨ ᠬᠤᠸᠠᠩᠬᠡᠦ ᠰᠣᠩᠭᠣᠨ ᠡᠷᠭᠦᠮᠵᠢᠯᠡᠵᠦ᠂ ᠭᠡᠷᠡᠯᠲᠦ ᠬᠤᠸᠠᠩᠬᠡᠦ ᠶ᠋ᠢᠨ ᠦᠨᠡᠨ ᠭᠡᠷᠡᠯ ᠢ᠋ ᠦᠶ᠎ᠡ ᠤᠯᠠᠷᠢᠨ ᠦᠯᠡᠳᠡᠭᠡᠨ ᠬᠣᠴᠣᠷᠤᠭᠤᠯᠵᠤ᠂ ᠮᠣᠩᠭᠣᠯ ᠤᠯᠤᠰ ᠤ᠋ᠨ ᠡᠭᠦᠷᠢᠳᠡ ᠶ᠋ᠢᠨ ᠲᠣᠭᠲᠠᠮᠠᠯ ᠬᠠᠤᠯᠢ ᠪᠣᠯᠭᠠᠨ ᠲᠣᠭᠲᠠᠭᠠᠭᠲᠤᠨ᠃ ᠦᠶ᠎ᠡ ᠦᠶ᠎ᠡ ᠶ᠋ᠢᠨ ᠬᠠᠳ ᠡᠵᠡᠳ ᠢ᠋ᠶ᠋ᠡᠷ ᠬᠤᠲᠤᠭᠲᠤ ᠬᠣᠩᠭᠢᠷᠠᠳ ᠤ᠋ᠨ ᠥᠬᠢᠳ ᠪᠠᠢᠲᠠᠯ᠎ᠠ᠂ ᠪᠤᠰᠤ ᠠᠢᠮᠠᠭ ᠤ᠋ᠳ ᠤ᠋ᠨ ᠥᠬᠢᠳ ᠠᠴᠠ ᠬᠤᠸᠠᠩᠬᠡᠦ ᠡᠷᠭᠦᠮᠵᠢᠯᠡᠵᠦ ᠲᠠᠰᠤ ᠪᠣᠯᠬᠤ ᠦᠭᠡᠢ ᠬᠡᠪ ᠬᠠᠤᠯᠢ ᠶ᠋ᠢ ᠲᠣᠷᠭ᠎ᠠ ᠳ᠋ᠤᠷ ᠨᠡᠬᠡᠵᠦ᠂ ᠲᠡᠮᠦᠷ ᠲᠣᠷ ᠳᠤᠭᠭᠢᠵᠤ ᠬᠤᠸᠠᠩᠬᠡᠦ ᠳ᠋ᠦ᠍ᠷ ᠪᠠᠷᠢᠵᠤ᠂ ᠲᠡᠭᠦᠪᠡᠷ ᠬᠣᠩᠭᠢᠷᠠᠳ ᠲᠤᠷ ᠥᠭᠴᠦ ᠬᠠᠳᠠᠭᠠᠯᠠᠭᠤᠯᠤᠭᠲᠤᠨ᠃ ᠮᠢᠨᠦ ᠡᠨᠡ ᠤᠯᠤᠰ ᠲᠥᠷᠥ ᠶ᠋ᠢᠨ ᠦᠷ᠎ᠡ ᠠᠴᠢ ᠶ᠋ᠢᠨ ᠡᠭᠦᠷᠢᠳᠡ ᠶ᠋ᠢᠨ ᠥᠯᠵᠡᠢ ᠪᠡᠯᠭᠡ ᠪᠦᠷᠢᠨ ᠲᠡᠭᠦᠰ ᠦ᠋ᠨ ᠪᠡᠯᠡᠭ ᠢᠷᠦᠭᠡᠯ ᠢ᠋ ᠦᠯᠡᠳᠡᠭᠡᠭᠰᠡᠨ ᠪᠣᠢ ᠶᠠ᠂ ᠠᠳᠠᠪᠠᠰᠢ ᠤᠷᠤᠭ ᠪᠦᠬᠦᠨ ᠢ᠋ ᠡᠢᠨ ᠬᠦ᠌ ᠪᠣᠯᠭ᠎ᠠ ᠬᠡᠮᠡᠭᠰᠡᠨ ᠢᠨᠦ ᠪᠤᠰᠤ 》ᠬᠡᠮᠡᠪᠡᠢ᠃
ᠲᠡᠳᠦᠢ ᠬᠠᠭᠠᠨ ᠬᠠᠲᠤᠨ ᠬᠠᠮᠤᠭ ᠦᠷ᠎ᠡ ᠠᠴᠢ ᠲᠥᠷᠥ ᠶ᠋ᠢᠨ ᠬᠣᠲᠠᠯᠠᠭᠠᠷ ᠢ᠋ ᠠᠪᠴᠤ᠂ ᠬᠠᠭᠠᠨ ᠯᠤᠭ᠎ᠠ ᠰᠠᠴᠠᠭᠤ ᠬᠤᠸᠠᠩᠬᠡᠦ ᠡᠷᠭᠦᠮᠵᠢᠯᠡᠭᠰᠡᠨ ᠬᠡᠰᠢᠭ ᠲᠣᠢ ᠮᠥᠷᠭᠥᠵᠦ ᠲᠠᠢᠬᠡᠦ ᠶ᠋ᠢᠨ ᠵᠠᠷᠯᠢᠭ ᠢ᠋ ᠳᠠᠭᠠᠵᠤ᠂ ᠭᠤᠸᠠᠩ ᠰᠢᠶᠠᠨ ᠬᠤᠸᠠᠩᠬᠡᠦ ᠶ᠋ᠢᠨ ᠶᠢᠰᠦ ᠶᠢᠰᠦᠨ ᠠᠯᠲᠠᠨ ᠯᠤᠤᠲᠤ ᠡᠷᠳᠡᠨᠢ ᠶ᠋ᠢᠨ ᠥᠨᠳᠥᠷ ᠮᠠᠨᠳᠠᠯ ᠤ᠋ᠨ ᠭᠣᠣᠯ ᠳᠤᠮᠳᠠᠳᠤ ᠦᠷᠭᠦᠭᠡᠨ᠎ᠡ ᠵᠠᠯᠠᠵᠤ᠂ ᠬᠠᠭᠠᠨ ᠬᠠᠲᠤᠨ ᠬᠣᠶᠠᠭᠤᠯᠠ ᠶ᠋ᠢᠨ ᠨᠢᠭᠡᠨ ᠬᠣᠣᠰ ᠡᠷᠳᠡᠨᠢ ᠰᠢᠭᠢᠳᠭᠡᠭᠡᠷᠲᠦ ᠯᠤᠤ ᠶ᠋ᠢᠨ ᠰᠢᠷᠡᠭᠡᠨ ᠢ᠋ ᠰᠠᠴᠠᠭᠤ ᠵᠡᠷᠭᠡᠯᠡᠭᠦᠯᠦᠨ᠂ ᠲᠠᠢᠬᠡᠦ ᠡᠬᠡ ᠶ᠋ᠢᠨ ᠵᠠᠷᠯᠢᠭ ᠪᠣᠢ ᠶ᠋ᠢᠨ ᠲᠤᠯᠠ ᠠᠶᠤᠮᠰᠢᠭ ᠦᠭᠡᠢ ᠬᠠᠭᠠᠨ ᠡᠵᠡᠨ ᠦ᠌ ᠶᠣᠰᠣᠭᠠᠷ ᠭᠠᠭᠴᠠᠭᠠᠷ ᠲᠡᠷᠢᠭᠦᠯᠡᠨ ᠰᠠᠭᠤᠬᠤ ᠦᠭᠡᠢ᠃ ᠲᠠᠢᠽᠦ ᠳᠥᠷᠪᠡᠨ ᠲᠡᠭᠦᠨᠡᠷ ᠢ᠋ᠶ᠋ᠡᠨ ᠠᠪᠴᠤ ᠵᠡᠭᠦᠨ ᠡᠲᠡᠭᠡᠳ ᠲᠣᠷ ᠵᠢᠭᠰᠠᠭᠠᠨ ᠵᠣᠭᠰᠣᠵᠤ᠂ ᠬᠤᠸᠠᠩᠬᠡᠦ ᠳᠥᠷᠪᠡᠨ ᠬᠥᠪᠡᠭᠦᠳ ᠪᠠ ᠨᠢᠭᠡᠨ ᠭᠦᠩᠵᠦ ᠣᠯᠠᠨ ᠡᠬᠡᠨᠡᠷ ᠬᠡᠦᠬᠡᠳ ᠥᠬᠢᠳ ᠢ᠋ ᠠᠪᠴᠤ ᠪᠠᠷᠠᠭᠤᠨ ᠡᠲᠡᠭᠡᠳ ᠲᠣᠷ ᠵᠢᠭᠰᠠᠭᠠᠨ ᠵᠣᠭᠰᠣᠵᠤ᠂ ᠶᠢᠰᠦᠨ ᠡᠩ ᠦ᠋ᠨ ᠲᠡᠷᠢᠭᠦᠯᠡᠭᠴᠢ ᠥᠷᠯᠥᠭ ᠨᠣᠶᠠᠳ ᠣᠢᠷ᠎ᠠ ᠲᠣᠭᠣᠷᠢᠨ᠂ ᠲᠠᠪᠤᠨ ᠲᠠᠢᠰᠢ᠂ ᠵᠢᠷᠭᠤᠭᠠᠨ ᠰᠠᠢᠰᠢᠶᠠᠯ ᠳᠠᠷᠠᠭ᠎ᠠ ᠳ᠋ᠤᠷ ᠵᠣᠭᠰᠣᠨ᠂ ᠭᠤᠴᠢᠨ ᠵᠢᠷᠭᠤᠭᠠᠨ ᠪᠠᠭᠠᠲᠤᠳ ᠵᠠᠩᠵᠤᠨ ᠳᠠᠯᠠᠨ ᠬᠣᠶᠠᠷ ᠠᠢᠮᠠᠭ ᠤ᠋ᠨ ᠨᠣᠶᠠᠳ ᠪᠦᠭᠦᠳᠡᠭᠡᠷ ᠬᠦᠷᠢᠶᠡᠯᠡᠨ᠂ ᠥᠨᠳᠥᠷ ᠠᠰᠠᠷᠯᠢᠭ ᠲᠠᠭᠲᠤ ᠳ᠋ᠤᠷ ᠲᠡᠭᠷᠢ ᠶ᠋ᠢᠨ ᠬᠥᠭᠵᠢᠮ ᠢ᠋ ᠡᠭᠦᠰᠬᠡᠨ᠂ ᠲᠠᠢᠽᠦ ᠥᠪᠡᠷᠦᠨ ᠮᠣᠳᠣᠷ ᠢ᠋ᠶ᠋ᠠᠷ ᠲᠡᠭᠷᠢ ᠶ᠋ᠢᠨ ᠤᠮᠳᠠ ᠷᠠᠰᠢᠶᠠᠨ ᠢ᠋ ᠬᠤᠸᠠᠩᠬᠡᠦ ᠳ᠋ᠦ᠍ᠷ ᠵᠣᠭᠰᠣᠭ᠎ᠠ ᠪᠠᠷ ᠪᠠᠷᠢᠬᠤᠢ ᠳ᠋ᠤᠷ ᠬᠤᠸᠠᠩᠬᠡᠦ ᠬᠡᠮᠡᠭᠴᠢ ᠰᠡᠴᠡᠨ ᠭᠡᠭᠡᠨ ᠤᠯᠤᠰ ᠤ᠋ᠨ ᠡᠬᠡ ᠲᠤᠯᠠ᠂ ᠤᠯᠤᠰ ᠤ᠋ᠨ ᠬᠠᠤᠯᠢ ᠶ᠋ᠢ ᠦᠯᠦ ᠬᠥᠩᠭᠡᠯᠡᠨ᠂ ᠲᠠᠢᠬᠡᠦ ᠶ᠋ᠢᠨ ᠵᠠᠷᠯᠢᠭ ᠪᠣᠢ ᠪᠣᠯᠪᠠᠴᠤ ᠪᠠᠷ ᠭᠡᠮᠡᠨ ᠡᠷᠡᠮᠰᠢᠬᠦ ᠦᠭᠡᠢ ᠮᠥᠨ ᠬᠦ᠌ ᠡᠵᠡᠨ ᠬᠠᠭᠠᠨ ᠢ᠋ ᠬᠦᠨᠳᠦᠯᠡᠬᠦᠢ ᠶ᠋ᠢᠨ ᠶᠣᠰᠣᠯᠠᠯ ᠢ᠋ᠶ᠋ᠠᠷ ᠪᠠᠰᠠ ᠬᠦ᠌ ᠰᠥᠭᠥᠳᠴᠦ ᠬᠦᠯᠢᠶᠡᠨ ᠠᠪᠤᠬᠤᠶᠠ᠂ ᠵᠢᠨᠦᠩ ᠮᠤᠬᠤᠯᠢ ᠥᠨᠳᠥᠷ ᠳᠠᠭᠤᠨ ᠢ᠋ᠶ᠋ᠠᠷ᠂ ᠥᠷᠭᠥᠭᠡ ᠶ᠋ᠢᠨ ᠭᠠᠳᠠᠨ᠎ᠠ ᠰᠥᠭᠥᠳᠴᠦ ᠠᠢᠯᠠᠳᠬᠠᠷᠤᠨ᠄
《ᠡᠵᠡᠨ ᠦ᠌ ᠶᠢᠰᠦᠨ ᠢᠯᠠᠩᠭᠤᠶ᠎ᠠ ᠶ᠋ᠢᠨ ᠠᠯᠲᠠᠨ ᠵᠠᠷᠯᠢᠭ ᠡᠨᠳᠡ ᠠᠮᠤᠢ᠃ ᠬᠤᠸᠠᠩᠲᠠᠢ ᠡᠵᠡᠨ ᠬᠤᠸᠠᠩᠬᠡᠦ ᠡᠵᠡᠨ ᠦ᠌ ᠶᠣᠰᠣᠯᠠᠯ ᠢ᠋ ᠪᠦᠬᠦᠯᠢ ᠪᠡᠷ ᠬᠦᠯᠢᠶᠡᠨ ᠠᠪᠴᠤ ᠦᠯᠦ ᠪᠣᠯᠤᠮᠤᠢ᠃ ᠬᠤᠸᠠᠩᠬᠡᠦ ᠡᠬᠡ ᠳ᠋ᠦ᠍ᠷ ᠬᠠᠷᠢᠭᠤ ᠰᠥᠭᠥᠳᠴᠦ ᠦᠯᠦ ᠪᠣᠯᠬᠤ ᠪᠣᠯᠪᠠᠴᠤ ᠲᠠᠢᠽᠦ ᠡᠵᠡᠨ ᠢ᠋ ᠵᠦᠭᠴᠢᠯᠡᠨ ᠬᠠᠨᠳᠤᠵᠤ ᠰᠥᠭᠥᠳᠬᠦ ᠬᠡᠷᠡᠭᠲᠡᠢ 》ᠬᠡᠮᠡᠭᠰᠡᠨ ᠳ᠋ᠦ᠍ᠷ ᠲᠠᠢᠽᠦ ᠶᠠᠭᠠᠷᠠᠨ᠂ ᠯᠤᠤ ᠶ᠋ᠢᠨ ᠣᠯᠪᠣᠭ ᠲᠤᠷ ᠬᠣᠢᠰᠢ ᠬᠠᠨᠳᠤᠨ ᠰᠥᠭᠥᠳᠪᠡ ᠃ ᠬᠤᠸᠠᠩᠬᠡᠦ ᠲᠡᠭᠷᠢ ᠶ᠋ᠢᠨ ᠤᠮᠳᠠ ᠵᠠᠰᠢᠶᠠᠨ ᠢ᠋ ᠬᠦᠷᠲᠡᠨ ᠠᠮᠰᠠᠭᠠᠳ᠂ ᠬᠣᠭᠣᠰᠣᠨ ᠵᠦᠭ ᠬᠠᠨᠳᠤᠨ ᠬᠡᠰᠢᠭ ᠲᠣᠷ ᠮᠥᠷᠭᠥᠲᠡᠯ᠎ᠡ᠂ ᠵᠢᠨᠦᠩ ᠭᠠᠳᠠᠨ᠎ᠠ ᠰᠥᠭᠥᠳᠦᠭᠰᠡᠭᠡᠷ ᠪᠠᠰᠠ ᠥᠨᠳᠥᠷ ᠳᠠᠭᠤᠨ ᠢ᠋ᠶ᠋ᠠᠷ ᠠᠢᠯᠠᠳᠬᠠᠷᠤᠨ᠄
《ᠲᠠᠢᠬᠡᠦ ᠡᠵᠡᠨ ᠦ᠌ ᠵᠠᠷᠯᠢᠭ ᠡᠨᠳᠡ ᠠᠮᠤᠢ᠃ ᠣᠯᠠᠨ ᠸᠠᠩ ᠤ᠋ᠳ ᠦᠳᠲᠡᠷ ᠳᠦᠷᠭᠡᠨ᠎ᠡ ᠤᠯᠤᠰ ᠤ᠋ᠨ ᠡᠬᠡ ᠬᠤᠸᠠᠩᠬᠡᠦ ᠡᠵᠡᠨ ᠢ᠋ ᠮᠥᠷᠭᠥᠨ ᠥᠭᠡᠳᠡ ᠪᠣᠯᠭᠠᠨ ᠵᠠᠯᠠᠷᠠᠨ ᠪᠣᠰᠬᠠᠵᠤ᠂ ᠵᠠᠷᠯᠢᠭ ᠤ᠋ᠨ ᠰᠢᠷᠡᠭᠡᠨ᠎ᠡ ᠵᠠᠯᠠᠬᠤ ᠪᠣᠯᠪᠠᠰᠤ ᠪᠣᠭᠳᠠ ᠡᠵᠡᠨ ᠪᠣᠰᠬᠤᠢ ᠳ᠋ᠤᠷ ᠰᠠᠢᠨ》ᠬᠡᠮᠡᠭᠰᠡᠨ᠎ᠡ᠂ ᠳᠥᠷᠪᠡᠨ ᠳᠡᠭᠦᠦ ᠳᠥᠷᠪᠡᠨ ᠲᠠᠢᠽᠢ᠂ ᠨᠠᠢ᠍ᠮᠠᠨ ᠸᠠᠩ ᠤ᠋ᠳ ᠲᠡᠷᠢᠭᠦᠯᠡᠨ᠂ ᠲᠥᠷᠥ ᠶ᠋ᠢᠨ ᠬᠣᠲᠠᠯᠠᠭᠠᠷ᠎ᠠ ᠰᠥᠭᠥᠳᠴᠦ ᠮᠥᠷᠭᠥᠭᠡᠳ ᠵᠠᠯᠠᠬᠤᠶ᠎ᠠ᠂ ᠬᠠᠭᠠᠨ ᠬᠠᠲᠤᠨ ᠬᠠᠮᠲᠤ ᠵᠠᠯᠠᠷᠠᠵᠤ ᠪᠣᠰᠪᠠ᠃ ᠳᠥᠷᠪᠡᠨ ᠳᠡᠭᠦᠦ ᠸᠠᠩ ᠬᠠᠭᠠᠨ ᠢ᠋ ᠰᠠᠭᠤᠷᠢᠨ᠎ᠠ ᠵᠠᠯᠠᠪᠠ᠃ ᠳᠥᠷᠪᠡᠨ ᠲᠠᠢᠽᠢ ᠸᠠᠩ᠂ ᠬᠤᠸᠠᠩᠬᠡᠦ ᠶ᠋ᠢ ᠰᠠᠭᠤᠷᠢᠨ᠎ᠠ ᠵᠠᠯᠠᠭᠰᠠᠨᠠ᠂ ᠬᠤᠸᠠᠩᠬᠡᠦ ᠬᠣᠭᠣᠰᠣᠨ ᠵᠦᠭ ᠬᠠᠨᠳᠤᠨ ᠬᠠᠭᠠᠨ ᠤ᠋ ᠬᠡᠰᠢᠭ ᠲᠣᠷ ᠮᠥᠷᠭᠥᠬᠦᠢ ᠳ᠋ᠦ᠍ᠷ ᠬᠠᠭᠠᠨ ᠮᠥᠨ ᠬᠣᠭᠣᠰᠣᠨ ᠵᠦᠭ ᠬᠠᠨᠳᠤᠨ ᠪᠣᠰᠴᠤ ᠵᠣᠭᠰᠣᠪᠠ᠃ ᠬᠠᠭᠠᠨ ᠪᠠᠰᠠ ᠳᠥᠷᠪᠡᠨ ᠳᠡᠭᠦᠦ ᠸᠠᠩ ᠢ᠋ ᠬᠤᠸᠠᠩᠬᠡᠦ ᠶ᠋ᠢᠨ ᠰᠠᠭᠤᠷᠢᠨ᠎ᠠ ᠵᠠᠯ᠎ᠠ ᠬᠡᠮᠡᠭᠰᠡᠨ ᠳ᠋ᠦ᠍ᠷ ᠳᠥᠷᠪᠡᠨ ᠸᠠᠩ ᠳᠠᠬᠢᠨ ᠰᠥᠭᠥᠳᠴᠦ ᠮᠥᠷᠭᠥᠨ ᠵᠠᠯᠠᠬᠤᠶ᠎ᠠ᠂ ᠳᠥᠷᠪᠡᠨ ᠲᠠᠢᠽᠢ ᠸᠠᠩ ᠤᠯᠤᠰ ᠤ᠋ᠨ ᠡᠬᠡ ᠬᠤᠸᠠᠩᠬᠡᠦ ᠶ᠋ᠢ ᠡᠷᠳᠡᠨᠢᠰ ᠦ᠋ᠨ ᠰᠢᠷᠡᠭᠡᠨ᠎ᠡ ᠲᠦᠰᠢᠨ ᠵᠠᠯᠠᠵᠤ ᠭᠠᠷᠭᠠᠬᠤᠢ ᠳ᠋ᠤᠷ ᠤᠯᠤᠰ ᠤ᠋ᠨ ᠡᠬᠡ᠂ ᠲᠠᠢᠽᠢ ᠨᠠᠷ ᠢ᠋ᠶ᠋ᠠᠨ ᠵᠠᠬᠢᠵᠤ᠂ ᠠᠯᠲᠠᠨ ᠴᠥᠭᠥᠴᠡ ᠳ᠋ᠦ᠍ᠷ ᠠᠷᠢᠬᠢ ᠬᠢᠯᠭᠡᠨ ᠠᠴᠢᠷᠠᠵᠤ᠂ ᠥᠪᠡᠷ ᠢ᠋ᠶ᠋ᠡᠨ ᠬᠠᠭᠠᠨ ᠳ᠋ᠤᠷ ᠪᠠᠷᠢᠬᠤᠢ ᠳ᠋ᠤᠷ ᠬᠠᠭᠠᠨ ᠳᠥᠷᠪᠡᠨ ᠲᠠᠢᠰᠢ ᠪᠠᠷ ᠠᠨᠤ ᠲᠦᠰᠢᠭᠦᠯᠦᠨ ᠰᠥᠭᠥᠳᠬᠡᠬᠦ ᠦᠭᠡᠢ ᠪᠡᠷ ᠮᠥᠨ ᠵᠣᠭᠰᠣᠭ᠎ᠠ ᠪᠠᠷ ᠬᠦᠯᠢᠶᠡᠨ ᠠᠪᠴᠤ᠂ ᠮᠡᠬᠦᠰᠬᠢᠨ ᠲᠣᠰᠴᠤ ᠠᠪᠤᠭᠠᠳ ᠵᠠᠷᠯᠢᠭ ᠪᠣᠯᠤᠨ ᠪᠡᠯᠡᠭᠯᠡᠷᠦᠨ᠄
ᠬᠠᠨ ᠡᠴᠢᠭᠡ ᠯᠢᠶᠧ ᠽᠦ᠍ ᠬᠤᠸᠠᠩᠳᠢ ᠶ᠋ᠢᠨ ᠬᠠᠳᠠᠭ ᠠᠷᠢᠬᠢ ᠪᠠᠷ ᠭᠤᠶᠤᠭᠰᠠᠨ
ᠬᠠᠯᠠᠮᠵᠢ ᠬᠠᠷᠠᠭᠠᠯᠵᠠᠯᠲᠤ ᠬᠠᠳᠠᠮ ᠤ᠋ᠨ ᠶᠢᠰᠦᠨ ᠢᠯᠠᠩᠭᠤᠢᠶᠠᠲᠤ ᠬᠠᠲᠤᠨ ᠬᠤᠸᠠᠩᠬᠡᠦ ᠪᠡᠷ
ᠬᠠᠲᠠᠭᠤ ᠵᠠᠷᠯᠢᠭᠲᠤ ᠡᠬᠡ ᠲᠠᠢᠬᠡᠦ ᠶ᠋ᠢᠨ ᠬᠠᠮᠤᠭ ᠰᠣᠶᠣᠷᠬᠠᠯ ᠢ᠋ ᠬᠢᠴᠢᠶᠡᠨ ᠳᠠᠭᠠᠵᠤ
ᠬᠠᠭᠤᠴᠢᠨ ᠶᠣᠰᠣᠭᠠᠷ ᠵᠣᠪᠠᠯᠠᠩ ᠢ᠋ ᠬᠠᠮᠲᠤᠳᠬᠠᠭᠰᠠᠨ ᠲᠡᠭᠰᠢ ᠰᠠᠴᠠᠭᠤ ᠬᠠᠨ ᠬᠠᠲᠤᠨ ᠪᠣᠯᠲᠤᠭᠠᠢ᠃
ᠭᠡᠮᠡᠨ ᠮᠣᠳᠣᠷ ᠢ᠋ᠶ᠋ᠠᠷ ᠬᠠᠷᠢᠭᠤ ᠠᠷᠢᠬᠢ ᠶ᠋ᠢ ᠬᠠᠰᠠᠷ ᠴᠢᠨ ᠸᠠᠩ ᠤ᠋ᠨ ᠭᠠᠷ ᠲᠤᠷ ᠥᠭᠴᠦ ᠪᠠᠷᠢᠭᠤᠯᠤᠭᠰᠠᠨᠠ᠂ ᠬᠠᠲᠤᠨ ᠬᠤᠸᠠᠩᠬᠡᠦ᠂ ᠡᠵᠡᠨ ᠦ᠌ ᠪᠠᠰᠠ ᠬᠠᠷᠢᠭᠤ ᠶᠣᠰᠣᠯᠠᠬᠤ ᠠ᠋ᠴᠠ ᠡᠮᠢᠶᠡᠨ᠂ ᠡᠵᠡᠨ ᠦ᠌ ᠵᠦᠭ ᠲᠠᠰᠢᠭᠤᠯᠤᠨ᠂ ᠬᠣᠭᠣᠰᠣᠨ ᠵᠦᠭ ᠬᠠᠨᠳᠤᠨ ᠬᠠᠭᠠᠨ ᠤ᠋ ᠬᠡᠰᠢᠭ ᠲᠣᠷ ᠮᠥᠷᠭᠥᠵᠦ᠂ ᠬᠠᠷᠢᠭᠤ ᠠᠷᠢᠬᠢ ᠶ᠋ᠢ ᠪᠠᠰᠠ ᠬᠦ᠌ ᠬᠠᠰᠠᠷ ᠴᠢᠨ ᠸᠠᠩ ᠤ᠋ᠨ ᠭᠠᠷ ᠲᠤᠷ ᠪᠠᠷᠢᠵᠤ᠂ ᠬᠠᠭᠠᠨ ᠳ᠋ᠤᠷ ᠪᠠᠷᠢᠭᠤᠯᠬᠤᠶᠠ᠂ ᠬᠠᠭᠠᠨ ᠥᠨᠳᠡᠢᠨ ᠪᠣᠰᠴᠤ ᠬᠦᠯᠢᠶᠡᠨ ᠠᠪᠤᠭᠰᠠᠨ᠎ᠠ᠂ ᠤᠯᠤᠰ ᠤ᠋ᠨ ᠡᠬᠡ ᠪᠡᠷ ᠬᠠᠷᠢᠭᠤ ᠳ᠋ᠤᠷ ᠪᠠᠰᠠ ᠡᠢᠨ ᠭᠡᠮᠡᠨ ᠮᠠᠷᠭᠤᠵᠤ ᠪᠡᠯᠡᠭᠯᠡᠨ ᠠᠢᠯᠠᠳᠬᠠᠷᠤᠨ᠄
ᠪᠣᠭᠳᠠ ᠶ᠋ᠢᠨ ᠬᠡᠰᠢᠭ ᠪᠣᠷᠣᠭᠠᠨ ᠰᠢᠭᠦᠳᠡᠷᠢ ᠮᠡᠲᠦ
ᠪᠥᠷᠲᠡᠭᠡᠯᠵᠢᠨ ᠰᠠᠢᠳ ᠤ᠋ᠨ ᠪᠤᠶᠠᠨ ᠦᠯᠦ ᠳᠠᠭᠠᠭᠠᠬᠤ
ᠬᠠᠭᠠᠨ ᠬᠡᠮᠡᠭᠴᠢ ᠬᠠᠭᠠᠨ ᠡᠵᠡᠨ ᠭᠠᠭᠴᠠᠭᠠᠷᠬᠠᠨ ᠪᠤᠰᠤ
ᠬᠠᠲᠤᠨ ᠰᠠᠭᠤᠭᠴᠢ ᠪᠦᠷᠳᠡᠭᠡᠯᠵᠢᠨ ᠬᠠᠲᠤᠨ ᠨᠢᠭᠡᠬᠡᠨ ᠪᠢᠰᠢ᠂
ᠬᠠᠳ ᠪᠦᠬᠦᠨ ᠦ᠌ ᠬᠠᠭᠤᠴᠢᠨ ᠬᠠᠤᠯᠢ ᠢᠯᠡᠷᠬᠡᠢ ᠠᠮᠤᠢ᠃
ᠬᠠᠲᠤᠨ ᠪᠥᠷᠲᠡᠭᠡᠯᠵᠢᠨ ᠭᠠᠭᠴᠠᠭᠠᠷ ᠡᠪᠳᠡᠪᠡᠰᠦ ᠶᠠᠯ᠎ᠠ ᠲᠠᠢ ᠪᠤᠶᠤ
ᠪᠣᠭᠳᠠ ᠪᠠᠷ ᠪᠦᠷᠲᠡᠭᠡᠯᠵᠢᠨ ᠦ᠌ ᠰᠠᠭᠤᠳᠠᠯ ᠢ᠋ ᠪᠠᠬᠠᠨ ᠳᠡᠰᠯᠡᠭᠦᠯᠪᠡᠰᠦ
ᠪᠦᠷᠲᠡᠭᠡᠯᠵᠢᠨ ᠰᠠᠢᠳ ᠤ᠋ᠨ ᠪᠤᠶᠠᠨ ᠨᠡᠮᠡᠬᠦ ᠪᠣᠯᠲᠤᠭᠠᠢ᠃
ᠬᠠᠭᠠᠨ ᠡᠵᠡᠨ ᠬᠠᠷᠢᠭᠤ ᠮᠦᠰᠢᠶᠡᠨ ᠵᠠᠷᠯᠢᠭ ᠪᠣᠯᠤᠷᠤᠨ :
ᠬᠠᠰ ᠡᠬᠡ ᠶ᠋ᠢᠨ ᠬᠠᠳᠠᠨ ᠬᠦᠴᠦᠲᠦ ᠵᠠᠷᠯᠢᠭ ᠢ᠋
ᠬᠠᠮᠤᠭ ᠰᠠᠢᠳ ᠤ᠋ᠳ ᠬᠠᠷᠠᠬᠠᠨ ᠲᠥᠷᠥ ᠳ᠋ᠦ᠍ᠷ ᠪᠠᠷᠢᠨ ᠠᠬᠤᠶ᠎ᠠ᠂
ᠬᠠᠭᠠᠨ ᠬᠡᠮᠡᠭᠳᠡᠪᠡᠴᠦ ᠮᠢᠨᠦ ᠵᠣᠷᠢᠭ ᠪᠤᠰᠤ ᠶᠠ᠃
ᠬᠡᠮᠡᠭᠰᠡᠨ ᠳ᠋ᠦ᠍ᠷ ᠬᠠᠮᠲᠤ ᠲᠥᠷᠥ ᠶ᠋ᠢᠨ ᠸᠠᠩ᠂ ᠲᠠᠢᠽᠢ᠂ ᠶᠡᠬᠡ ᠰᠠᠢᠳ ᠤ᠋ᠳ ᠢ᠋ᠶ᠋ᠠᠷ ᠬᠤᠸᠠᠩᠬᠡᠦ ᠳ᠋ᠦ᠍ᠷ ᠳᠠᠬᠢᠨ ᠳᠠᠬᠢᠨ ᠮᠥᠷᠭᠥᠨ ᠰᠠᠭᠤᠷᠢᠨ ᠳ᠋ᠤᠷ ᠵᠠᠯᠠᠪᠠᠴᠤ ᠬᠠᠮᠤᠭ ᠤ᠋ᠨ ᠡᠬᠡ ᠬᠤᠸᠠᠩᠬᠡᠦ᠂ ᠬᠡᠷᠬᠢᠪᠡᠴᠦ ᠬᠠᠭᠠᠨ ᠯᠤᠭ᠎ᠠ ᠰᠠᠴᠠᠭᠤ ᠲᠡᠭᠰᠢ ᠵᠠᠯᠠᠷᠠᠬᠤ ᠦᠭᠡᠢ ᠳ᠋ᠦ᠍ᠷ ᠣᠯᠠᠨ ᠸᠠᠩ ᠨᠠᠷ ᠠᠷᠭᠠᠳᠠᠯ ᠦᠭᠡᠢ᠂ ᠬᠤᠸᠠᠩᠬᠡᠦ ᠶ᠋ᠢᠨ ᠵᠠᠷᠯᠢᠭ ᠢ᠋ ᠬᠠᠭᠠᠰ ᠳᠠᠭᠠᠵᠤ ᠬᠤᠸᠠᠩᠬᠡᠦ ᠶ᠋ᠢᠨ ᠡᠷᠳᠡᠨᠢᠰ ᠦ᠋ᠨ ᠰᠠᠨᠳᠠᠯᠢ ᠶ᠋ᠢ ᠬᠠᠭᠠᠨ ᠤ᠋ ᠰᠠᠭᠤᠷᠢᠨ ᠠ᠋ᠴᠠ ᠨᠢᠭᠡᠨ ᠲᠣᠬᠣᠢ ᠳᠣᠷᠣᠭᠰᠢ ᠳᠡᠪᠰᠢᠭᠦᠯᠦᠨ ᠲᠠᠯᠪᠢᠭᠰᠠᠨ ᠳ᠋ᠤᠷ ᠬᠤᠸᠠᠩᠬᠡᠦ ᠳᠠᠬᠢᠨ ᠵᠠᠷᠯᠢᠭ ᠪᠣᠯᠤᠨ ᠪᠠᠢᠵᠤ᠂ ᠡᠷᠳᠡᠨᠢᠰ ᠦ᠋ᠨ ᠰᠠᠨᠳᠠᠯᠢ ᠶ᠋ᠢ ᠡᠵᠡᠨ ᠤ ᠰᠠᠭᠤᠷᠢᠨ ᠤ᠋ ᠵᠦᠭ ᠵᠢᠰᠢᠭᠦᠦ ᠪᠡᠷ ᠬᠠᠨᠳᠤᠭᠤᠯᠤᠨ ᠵᠢᠭᠦᠷ ᠰᠢᠭ ᠲᠠᠯᠪᠢᠭᠤᠯᠤᠨ ᠲᠣᠭᠲᠠᠭᠰᠠᠨ ᠬᠣᠢᠨ᠎ᠠ ᠳᠥᠷᠪᠡᠨ ᠲᠠᠢᠰᠢ ᠲᠡᠳᠬᠦᠨ᠂ ᠰᠢᠷᠡᠭᠡᠨ᠎ᠡ ᠵᠠᠯᠠᠨ ᠭᠠᠷᠭᠠᠭᠰᠠᠨ ᠳ᠋ᠤᠷ ᠬᠤᠸᠠᠩᠬᠡᠦ ᠰᠢᠷᠡᠭᠡᠨ᠎ᠡ ᠰᠥᠭᠥᠳᠦᠭᠰᠡᠭᠡᠷ ᠠᠵᠤ᠂ ᠡᠵᠡᠨ ᠦ᠌ ᠵᠦᠭ ᠬᠠᠨᠳᠤᠨ ᠬᠡᠰᠢᠭ ᠲᠣᠷ ᠳᠠᠬᠢᠨ ᠮᠥᠷᠭᠥᠵᠦ᠂ ᠪᠠᠰᠠ ᠴᠢᠬᠡ ᠳᠤᠮᠳᠠᠬᠢ ᠶᠢᠰᠦᠨ ᠳᠠᠪᠬᠤᠷ ᠤ᠋ᠨ ᠶᠢᠰᠦᠨ ᠠᠯᠲᠠᠨ ᠯᠤᠤ ᠶ᠋ᠢᠨ ᠣᠯᠪᠣᠭ ᠲᠦᠰᠢᠯᠭᠡ ᠳ᠋ᠦ᠍ᠷ ᠢᠨᠤ ᠪᠠᠰᠠ ᠰᠠᠭᠤᠬᠤ ᠦᠭᠡᠢ᠂ ᠬᠠᠵᠠᠭᠤ ᠳ᠋ᠤᠷ ᠪᠦᠬᠦᠢ ᠳᠣᠯᠣᠭᠠᠨ ᠳᠠᠪᠬᠤᠷ ᠤ᠋ᠨ ᠯᠤᠤ ᠺᠠᠷᠣᠳᠢ ᠶ᠋ᠢᠨ ᠬᠠᠳᠬᠤᠮᠠᠯ ᠮᠠᠩᠨᠤᠭ᠂ ᠳᠡᠳ᠋ ᠰᠠᠭᠤᠳᠠᠯ ᠤ᠋ᠨ ᠳᠡᠪᠢᠰᠬᠡᠷ ᠲᠥᠰᠢᠯᠭᠡᠨᠡ ᠪᠡᠶ᠎ᠡ ᠵᠥᠷᠢᠭᠦᠯᠡᠨ ᠡᠵᠡᠨ ᠦ᠌ ᠵᠦᠭ ᠬᠠᠨᠳᠤᠨ᠂ ᠨᠢᠭᠡᠨ ᠡᠪᠦᠳᠦᠭ ᠢ᠋ ᠪᠤᠰᠬᠠᠨ ᠶᠣᠰᠣᠲᠤ ᠰᠠᠭᠤᠳᠠᠯ ᠢ᠋ᠶ᠋ᠠᠷ ᠴᠣᠮᠴᠣᠢᠨ ᠰᠠᠭᠤᠪᠠᠢ᠃
ᠲᠡᠳᠦᠢ ᠰᠠᠶᠢ ᠬᠠᠭᠠᠨ ᠬᠠᠲᠤᠨ ᠤ᠋ ᠰᠠᠴᠠᠭᠤ ᠰᠠᠭᠤᠳᠠᠯ ᠲᠣᠭᠲᠠᠨᠢᠵᠤ ᠬᠠᠰ ᠲᠥᠷᠥ ᠶ᠋ᠢᠨ ᠣᠯᠠᠨ ᠸᠠᠩ ᠤ᠋ᠳ ᠰᠦᠨ ᠲᠠᠷᠠᠭ᠂ ᠠᠷᠢᠬᠢ ᠰᠠᠷᠬᠤᠳ ᠤ᠋ᠨ ᠰᠠᠢᠨ ᠪᠡᠯᠡᠭᠲᠦ ᠵᠦᠩᠽᠢ᠂ ᠴᠥᠭᠥᠴᠡ ᠶ᠋ᠢ ᠡᠷᠭᠦᠨ ᠪᠠᠷᠢᠯᠴᠠᠵᠤ᠂ ᠳᠣᠬᠢᠶ᠎ᠠ ᠬᠥᠳᠡᠯᠦᠨ ᠬᠥᠭᠵᠢᠮ ᠨᠡᠮᠡᠵᠦ ᠡᠭᠦᠰᠬᠡᠨ᠂ ᠶᠢᠰᠦᠨ ᠳᠡᠰ ᠦ᠋ᠨ ᠵᠠᠭᠤᠨ ᠲᠦᠰᠢᠮᠡᠳ ᠢ᠋ᠶ᠋ᠡᠷ ᠱᠧᠩ ᠡᠦ ᠬᠤᠸᠠᠩᠳᠢ᠂ ᠭᠤᠸᠠᠩ ᠰᠢᠶᠠᠨ ᠬᠤᠸᠠᠩᠬᠡᠦ ᠶ᠋ᠢᠨ ᠬᠣᠣᠰ ᠰᠠᠨᠳᠠᠯᠢ ᠶ᠋ᠢᠨ ᠪᠠᠶᠠᠷ ᠲᠤᠷ ᠤᠷᠢᠳᠠ ᠬᠤᠸᠠᠩᠬᠡᠦ ᠶ᠋ᠢᠨ ᠰᠠᠴᠠᠭᠤ ᠰᠠᠭᠤᠷᠢᠨ ᠣᠯᠤᠭᠰᠠᠨ ᠪᠠᠶᠠᠷ᠎ᠠ᠂ ᠶᠢᠰᠦᠨ ᠵᠡᠷᠭᠡ ᠮᠥᠷᠭᠥᠵᠦ᠂ ᠰᠠᠶᠢ ᠣᠳᠣ ᠬᠠᠭᠠᠨ ᠪᠣᠭᠳᠠ ᠶ᠋ᠢᠨ ᠤᠯᠤᠰ ᠤ᠋ᠨ ᠡᠬᠡ ᠳ᠋ᠦ᠍ᠷ ᠢ᠋ᠶ᠋ᠡᠨ ᠰᠠᠴᠠᠭᠤ ᠰᠠᠭᠤᠷᠢᠨ ᠬᠦᠷᠲᠡᠭᠡᠭᠰᠡᠨ ᠬᠡᠰᠢᠭ ᠲᠣᠷ ᠤᠯᠤᠰ ᠤ᠋ᠨ ᠬᠣᠲᠠᠯᠠᠭᠠᠷ ᠦᠷ᠎ᠡ ᠬᠥᠪᠡᠭᠦᠳ ᠦ᠋ᠨ ᠶᠣᠰᠣᠭᠠᠷ ᠮᠥᠷᠭᠥᠵᠦ ᠪᠠᠷᠠᠭᠰᠠᠨ ᠬᠣᠢᠨ᠎ᠠ ᠵᠠᠭᠤᠨ ᠰᠠᠢᠳ ᠳᠡᠳ᠋ ᠳᠡᠭᠲᠡᠷ ᠲᠣᠷ ᠪᠠᠭᠤᠯᠴᠠᠨ᠂ ᠳᠣᠲᠣᠭᠠᠳᠤ ᠣᠷᠳᠣᠨ ᠤ᠋ ᠭᠦᠩᠵᠦ ᠪᠦᠸᠧᠵᠦ ᠪᠢᠨ ᠹᠧᠢ ᠶ᠋ᠢᠨ ᠵᠡᠷᠭᠡ ᠶ᠋ᠢᠨ ᠬᠠᠲᠤᠳ ᠪᠠ ᠸᠠᠩ ᠹᠧᠢ ᠨᠠᠷ ᠤ᠋ᠨ ᠮᠥᠷᠭᠥᠬᠦ ᠴᠢᠮᠡᠭᠡ ᠳᠣᠬᠢᠶ᠎ᠠ ᠬᠥᠳᠡᠯᠦᠨ᠂ ᠨᠠᠷᠢᠨ ᠬᠥᠭᠵᠢᠮ ᠨᠡᠮᠡᠨ ᠡᠭᠦᠰᠬᠡᠵᠦ᠂ ᠤᠯᠠᠭᠠᠨ ᠯᠤᠤᠲᠤ ᠮᠠᠩᠨᠤᠭ ᠨᠣᠯᠣᠮ ᠤ᠋ᠨ ᠶᠡᠬᠡ ᠬᠠᠯᠠᠬᠠᠪᠴᠢ ᠬᠡᠰᠡᠭᠦᠷ ᠭᠠᠷᠴᠤ ᠢᠷᠡᠨ᠂ ᠬᠠᠯᠬᠠᠪᠴᠢ ᠶ᠋ᠢᠨ ᠭᠠᠳᠠᠨ᠎ᠠ ᠠᠨᠤ ᠦᠯᠦ ᠨᠢᠭᠤᠨ ᠦᠯᠦ ᠪᠡᠷᠢᠯᠡᠬᠦ ᠤᠯᠤᠰ ᠤ᠋ᠨ ᠭᠦᠩᠵᠦ ᠲᠡᠷᠢᠭᠦᠯᠡᠨ᠂ ᠬᠠᠭᠠᠨ ᠤ᠋ ᠪᠢᠨ ᠹᠧᠢ ᠶ᠋ᠢᠨ ᠵᠡᠷᠭᠡ ᠶ᠋ᠢᠨ ᠬᠠᠵᠠᠭᠤ ᠶ᠋ᠢᠨ ᠬᠠᠲᠤᠳ ᠪᠠ ᠤᠯᠤᠰ ᠤ᠋ᠨ ᠤᠷᠤᠭ ᠤ᠋ᠳ ᠤ᠋ᠨ ᠡᠬᠡᠨᠡᠷ ᠰᠠᠢᠳ ᠣᠷᠳᠣᠨ ᠵᠠᠬᠢᠷᠤᠭᠰᠠᠳ᠂ ᠬᠤᠸᠠᠩᠬᠡᠦ ᠶ᠋ᠢᠨ ᠹᠧᠢ ᠨᠠᠷ ᠢ᠋ ᠴᠠᠭᠠᠵᠠᠯᠠᠬᠤ ᠰᠡᠯᠡᠮ᠎ᠡ ᠬᠢᠲᠤᠭ᠎ᠠ ᠶ᠋ᠢᠨ ᠵᠢᠭᠰᠠᠭᠠᠯ ᠤ᠋ᠨ ᠳᠠᠷᠤᠭ᠎ᠠ ᠵᠡᠷᠭᠡ ᠶ᠋ᠢᠨ ᠡᠬᠡᠨᠡᠷ ᠰᠠᠢᠳ᠂ ᠣᠷᠳᠣᠨ ᠤ᠋ ᠥᠬᠢᠳ᠂ ᠬᠠᠯᠬᠠᠪᠴᠢ ᠬᠡᠰᠡᠭᠦᠷ ᠦ᠋ᠨ ᠳᠠᠯᠳᠠ ᠪᠣᠯᠪᠠᠰᠤ᠂ ᠬᠠᠭᠠᠨ ᠤ᠋ ᠳᠡᠭᠦᠦ ᠸᠠᠩ ᠤ᠋ᠳ ᠤ᠋ᠨ ᠹᠧᠢ ᠨᠠᠷ ᠬᠢᠭᠡᠳ ᠲᠠᠢᠽᠢ ᠸᠠᠩ ᠤ᠋ᠳ ᠤ᠋ᠨ ᠹᠧᠢ ᠨᠠᠷ ᠬᠠᠭᠠᠨ ᠤ᠋ ᠪᠡᠷᠢᠶᠡᠳ ᠦ᠋ᠨ ᠠᠢᠮᠠᠭ ᠤ᠋ᠳ ᠤᠷᠢᠳᠠ ᠬᠠᠭᠠᠨ ᠤ᠋ ᠰᠠᠭᠤᠷᠢᠨ ᠳ᠋ᠤᠷ ᠰᠠᠭᠤᠭᠰᠠᠨ ᠪᠠᠶᠠᠷ ᠤ᠋ᠨ ᠶᠣᠰᠣᠭᠠᠷ ᠮᠥᠷᠭᠥᠵᠦ ᠪᠠᠷᠠᠭᠰᠠᠨ ᠬᠣᠢᠨ᠎ᠠ ᠰᠠᠶᠢ ᠳᠠᠬᠢᠨ ᠤᠯᠤᠰ ᠤ᠋ᠨ ᠡᠬᠡ ᠳ᠋ᠦ᠍ᠷ ᠰᠠᠴᠠᠭᠤ ᠰᠠᠭᠤᠷᠢᠨ ᠤ᠋ ᠬᠤᠪᠢ ᠡᠷᠭᠦᠮᠵᠢ ᠬᠦᠷᠲᠡᠭᠡᠭᠰᠡᠨ ᠬᠡᠰᠢᠭ ᠲᠣᠷ ᠮᠥᠷᠭᠥᠵᠦ᠂ ᠪᠠᠰᠠ ᠬᠤᠸᠠᠩᠬᠡᠦ ᠶ᠋ᠢᠨ ᠥᠨᠳᠥᠷ ᠰᠠᠭᠤᠷᠢᠨ ᠣᠯᠤᠭᠰᠠᠨ ᠪᠠᠶᠠᠷ ᠲᠤᠷ ᠮᠥᠷᠭᠥᠵᠦ᠂ ᠭᠠᠳᠠᠭᠠᠳᠤ ᠳᠣᠲᠣᠭᠠᠳᠤ ᠶ᠋ᠢᠨ ᠶᠣᠰᠣᠯᠠᠯ ᠬᠥᠭᠵᠢᠮ ᠪᠦᠷᠢᠳᠦᠭᠰᠡᠨ ᠬᠣᠢᠨ᠎ᠠ᠂ ᠳᠠᠷᠤᠢ ᠲᠠᠢᠬᠡᠦ ᠳ᠋ᠦ᠍ᠷ ᠪᠠᠶᠠᠷ ᠬᠤᠷᠢᠮ ᠪᠠᠷᠢᠵᠤ᠂ ᠲᠠᠢᠬᠡᠦ ᠵᠠᠷᠯᠢᠭ ᠪᠠᠭᠤᠯᠭᠠᠨ ᠬᠠᠭᠠᠨ ᠬᠠᠲᠤᠨ ᠤ᠋ ᠬᠣᠣᠰ ᠰᠠᠨᠳᠠᠯᠢ ᠶ᠋ᠢᠨ ᠬᠤᠷᠢᠮ ᠳ᠋ᠤᠷ ᠢᠯᠡᠭᠡᠵᠦ᠂ ᠬᠠᠭᠠᠨ ᠢ᠋ᠶ᠋ᠠᠷ ᠥᠪᠡᠷᠦᠨ ᠰᠠᠭᠤᠷᠢᠨ᠎ᠠ ᠲᠥᠪᠯᠡᠨ ᠰᠠᠭᠤᠵᠤ᠂ ᠬᠠᠲᠤᠨ᠂ ᠾᠧᠦ ᠶ᠋ᠢᠨ ᠰᠢᠷᠡᠭᠡᠨ᠎ᠡ ᠬᠠᠵᠤᠯᠠᠨ ᠰᠠᠭᠤᠵᠤ᠂ ᠬᠠᠭᠠᠨ ᠬᠠᠲᠤᠨ ᠲᠠᠢᠽᠢ ᠸᠠᠩ ᠤ᠋ᠳ ᠢ᠋ᠶ᠋ᠠᠷ ᠬᠠᠷᠢᠯᠴᠠᠨ ᠪᠠᠷᠢᠬᠤ ᠰᠠᠷᠬᠤᠳ ᠴᠥᠭᠥᠴᠡ ᠶ᠋ᠢ ᠰᠣᠯᠢᠯᠴᠠᠨ ᠪᠠᠷᠢᠯᠴᠠᠵᠤ᠂ ᠬᠠᠭᠠᠨ ᠵᠠᠪᠢᠯᠤᠨ ᠰᠠᠭᠤᠵᠤ᠂ ᠬᠠᠲᠤᠨ ᠬᠠᠪᠢᠷᠭᠠᠯᠠᠨ ᠴᠣᠮᠴᠣᠢᠵᠤ ᠪᠠᠷᠢᠬᠤ ᠪᠠ ᠬᠦᠷᠲᠡᠬᠦᠢ ᠶ᠋ᠢᠨ ᠶᠣᠰᠣᠯᠠᠯ ᠢ᠋ ᠭᠦᠢᠴᠡᠳᠬᠡᠨ ᠥᠨᠳᠥᠷ ᠠᠰᠠᠷᠯᠢᠭ ᠲᠠᠭᠲᠤ ᠳ᠋ᠤᠷ ᠲᠦᠰᠢᠮᠡᠯ ᠦ᠋ᠨ ᠲᠡᠷᠢᠭᠦᠨ ᠰᠤᠷᠬᠠᠨ ᠰᠢᠷ᠎ᠠ᠂ ᠤᠯᠤᠰ ᠤ᠋ᠨ ᠬᠣᠲᠠᠯᠠᠭᠠᠷ᠎ᠠ ᠡᠷ᠎ᠡ ᠡᠮ᠎ᠡ ᠳ᠋ᠦ᠍ᠷ ᠦᠯᠡᠭᠦᠦ ᠢᠷᠦᠭᠡᠯᠲᠦ ᠲᠡᠢ ᠴᠢᠩ ᠲᠠᠢᠬᠡᠦ ᠶ᠋ᠢᠨ ᠪᠡᠷᠢ ᠶᠦ᠍ᠭᠡᠨ ᠭᠤᠸᠠᠩ ᠰᠢᠶᠠᠨ ᠬᠤᠸᠠᠩᠬᠡᠦ ᠶ᠋ᠢᠨ ᠭᠤᠷᠪᠠᠨ ᠭᠡᠷᠡᠯ᠂ ᠳᠣᠯᠣᠭᠠᠨ ᠭᠡᠰᠢᠭᠦᠨ᠂ ᠶᠢᠰᠦᠨ ᠢᠯᠠᠩᠭᠤᠶ᠎ᠠ ᠶ᠋ᠢᠨ ᠵᠠᠷᠯᠢᠭ ᠢ᠋ ᠥᠨᠳᠥᠷ ᠳᠠᠭᠤᠨ ᠢ᠋ᠶ᠋ᠠᠷ ᠳᠠᠭᠤᠳᠠᠨ ᠵᠠᠷᠯᠠᠵᠤ᠂ ᠤᠯᠤᠰ ᠤ᠋ᠨ ᠬᠣᠲᠠᠯᠠᠭᠠᠷ᠎ᠠ《 ᠲᠦᠮᠡᠨ ᠲᠦᠮᠡᠨ ᠨᠠᠰᠤᠲᠤ 》ᠭᠡᠮᠡᠨ ᠵᠦᠭᠴᠢᠯᠡᠨ ᠮᠥᠷᠭᠥᠵᠦ᠂ ᠬᠠᠭᠠᠨ ᠤ᠋ ᠥᠷᠯᠥᠭᠡ ᠶ᠋ᠢᠨ ᠬᠤᠷᠢᠮ ᠤ᠋ᠨ ᠰᠡᠭᠦᠯ ᠳ᠋ᠦ᠍ᠷ ᠵᠠᠯᠭᠠᠵᠤ ᠤᠯᠤᠰ ᠤ᠋ᠨ ᠬᠣᠲᠠᠯᠠᠭᠠᠷ᠎ᠠ ᠵᠠᠷᠯᠠᠬᠤ ᠶ᠋ᠢ ᠪᠡᠯᠡᠳᠬᠡᠨ ᠬᠢᠯᠭᠡᠷᠡ ᠠᠪᠠᠴᠢᠪᠠ᠃ ᠤᠭ ᠠ᠋ᠴᠠ ᠶᠡᠬᠡ ᠶᠤᠸᠠᠨ ᠤᠯᠤᠰ ᠤ᠋ᠨ ᠮᠣᠩᠭᠣᠯ ᠤ᠋ᠨ ᠲᠥᠷᠥ ᠶ᠋ᠢᠨ ᠬᠠᠭᠤᠴᠢᠨ ᠬᠠᠤᠯᠢ ᠳ᠋ᠤᠷ ᠬᠠᠭᠠᠨ ᠬᠥᠮᠦᠨ ᠨᠢᠭᠡᠨ ᠨᠠᠰᠤᠨ ᠳ᠋ᠤᠷ ᠪᠡᠷᠢᠶᠡᠳ ᠲᠣᠷ ᠨᠢᠭᠤᠷ ᠵᠣᠯᠭᠠᠬᠤ ᠦᠭᠡᠢ ᠪᠥᠯᠥᠭᠡ᠃ ᠡᠨᠡ ᠶᠣᠰᠣᠯᠠᠯ ᠬᠠᠷᠠᠴᠢᠨ ᠤ᠋ ᠲᠦᠮᠡᠳ ᠦ᠋ᠨ ᠪᠠᠷᠠᠭᠤᠨ ᠭᠠᠷ ᠤ᠋ᠨ ᠬᠣᠰᠢᠭᠤ ᠳ᠋ᠤᠷ ᠲᠠᠢᠴᠢᠩ ᠤᠯᠤᠰ ᠤ᠋ᠨ ᠶᠢᠰᠦᠳᠦᠭᠡᠷ ᠤᠳᠠᠭ᠎ᠠ ᠶ᠋ᠢᠨ ᠬᠠᠭᠠᠨ ᠡᠵᠡᠨ ᠰᠢᠤᠸᠠᠨᠽᠥ᠋ᠩ ᠴᠧᠩ ᠬᠤᠸᠠᠩᠳᠢ ᠶ᠋ᠢᠨ ᠲᠥᠷᠥ ᠭᠡᠷᠡᠯᠲᠦ ᠶ᠋ᠢᠨ ᠣᠨ ᠪᠣᠯᠲᠠᠯ᠎ᠠ᠂ ᠵᠠᠰᠠᠭ ᠲᠠᠢᠵᠢ ᠬᠢᠭᠡᠳ ᠬᠡᠷᠭᠡᠮᠲᠦ ᠲᠠᠢᠵᠢ ᠪᠠ ᠶᠡᠬᠡᠬᠡᠨ ᠡᠭᠦᠳᠡ᠂ ᠶᠣᠰᠣᠯᠠᠯ ᠬᠥᠭᠵᠢᠮᠲᠦ ᠭᠡᠷ ᠦ᠋ᠳ ᠲᠣᠷ ᠵᠠᠯᠭᠠᠮᠵᠢᠯᠠᠭᠰᠠᠨ ᠪᠥᠯᠥᠭᠡ᠃ ᠵᠢᠴᠢ ᠬᠥᠳᠡᠭᠡᠰᠢᠨ ᠬᠡᠭᠡᠷᠡᠰᠢᠭᠰᠡᠨ ᠲᠠᠢᠵᠢ ᠨᠠᠷ ᠲᠤᠷ ᠪᠣᠯᠪᠠᠴᠤ᠂ ᠰᠢᠨ᠎ᠡ ᠪᠡᠷᠢ ᠠᠪᠤᠪᠠᠰᠤ ᠭᠠᠯ ᠭᠣᠯᠣᠮᠲᠠ ᠪᠠ ᠬᠠᠳᠠᠮ ᠡᠴᠢᠭᠡ ᠠᠪᠠᠭ᠎ᠠ ᠨᠠᠷ ᠲᠤᠷ ᠮᠥᠷᠭᠥᠭᠦᠯᠬᠦᠶᠡ ᠬᠥᠰᠢᠭᠡ ᠬᠠᠯᠬᠠᠪᠴᠢ ᠶ᠋ᠢᠨ ᠴᠠᠭᠠᠨ᠎ᠠ ᠮᠥᠷᠭᠥᠭᠦᠯᠵᠦ᠂ ᠬᠣᠢᠨ᠎ᠠ ᠰᠠᠶᠢ ᠳᠠᠯᠳᠠ ᠪᠠᠷᠢᠯᠡᠭᠦᠯᠦᠮᠦ ᠤᠤ᠂ ᠢᠯᠡ ᠪᠠᠷᠢᠯᠡᠭᠦᠯᠦᠮᠦ ᠤᠤ ᠭᠡᠮᠡᠨ ᠠᠷᠢᠬᠢ ᠬᠠᠳᠠᠭ᠂ ᠪᠠᠯᠩ ᠪᠠᠷᠢᠴᠠ ᠪᠠᠷᠢᠵᠤ᠂ ᠬᠠᠯᠬᠠᠪᠴᠢ ᠶ᠋ᠢ ᠭᠤᠶᠤᠨ ᠠᠪᠤᠭᠤᠯᠤᠮᠤᠢ ᠭᠡᠮᠡᠨ ᠶᠡᠬᠡ ᠪᠠᠭ᠎ᠠ ᠭᠡᠷ ᠪᠣᠯᠪᠠᠴᠤ᠂ ᠲᠡᠷᠡ ᠶᠣᠰᠣᠯᠠᠯ ᠢ᠋ ᠣᠷᠣ ᠶ᠋ᠢᠨ ᠲᠡᠳᠦᠢ ᠭᠦᠢᠴᠡᠳᠬᠡᠵᠦ ᠪᠠᠢᠬᠤ ᠠᠨᠤ ᠲᠡᠷᠡ ᠦᠶ᠎ᠡ ᠶ᠋ᠢᠨ ᠦᠯᠡᠳᠡᠪᠦᠷᠢ ᠬᠠᠤᠯᠢ ᠪᠤᠶᠤ᠃ ᠬᠣᠢᠨ᠎ᠠ ᠪᠣᠭᠳᠠ ᠴᠢᠩᠭᠢᠰ ᠱᠧᠩ ᠡᠦ ᠬᠤᠸᠠᠩᠳᠢ ᠶ᠋ᠢᠨ ᠭᠠᠪᠢᠶ᠎ᠠ ᠡᠷᠳᠡᠮ ᠢ᠋ ᠲᠣᠭᠠᠴᠢᠬᠤᠶᠠ᠂ ᠡᠨᠡ ᠨᠢᠭᠡᠨ ᠬᠡᠰᠡᠭ ᠦ᠋ᠨ ᠪᠤᠰᠤᠳ ᠤ᠋ᠨ ᠦᠷ᠎ᠡ ᠶ᠋ᠢ ᠨᠢᠯᠬ᠎ᠠ ᠪᠠᠭ᠎ᠠ ᠪᠠᠷ ᠬᠥᠪᠡᠭᠦᠨ ᠳ᠋ᠡᠭᠡᠨ ᠪᠡᠷᠢ ᠪᠣᠯᠭᠠᠨ ᠠᠪᠤᠭᠠᠳ᠂ ᠡᠴᠢᠭᠡ ᠠᠪᠠᠭ᠎ᠠ ᠶ᠋ᠢᠨ ᠡᠮᠦᠨ᠎ᠡ᠂ ᠥᠪᠡᠷᠦᠨ ᠲᠥᠷᠥᠭᠰᠡᠨ ᠦᠷ᠎ᠡ ᠮᠡᠲᠦ ᠠᠯᠪᠠ ᠬᠠᠰᠢᠭᠤᠯᠤᠨ ᠵᠡᠷᠦᠴᠢᠯᠡᠨ ᠵᠣᠪᠠᠭᠠᠬᠤᠶᠠ ᠦᠯᠦ ᠲᠥᠪᠳᠡᠨ᠂ ᠵᠠᠯᠠᠭᠤ ᠪᠠᠭ᠎ᠠ ᠨᠠᠰᠤᠨ ᠤ᠋ ᠪᠡᠷᠢᠶᠡᠳ ᠦ᠋ᠨ ᠥᠩᠭᠡ ᠵᠢᠰᠦ ᠰᠠᠢᠨ ᠠᠨᠤ ᠪᠣᠢ᠂ ᠥᠩᠭᠡ ᠵᠢᠰᠦ ᠮᠠᠭᠤ ᠠᠨᠤ ᠪᠣᠢ᠃ ᠰᠠᠢᠨ ᠠᠨᠤ ᠰᠠᠢᠬᠠᠨ ᠠᠭᠠᠰᠢᠯᠠᠬᠤ ᠲᠤᠯᠠ ᠭᠠᠢ ᠦᠭᠡᠢ᠂ ᠬᠡᠷᠪᠡ ᠥᠩᠭᠡ ᠵᠢᠰᠦ ᠮᠠᠭᠤ ᠠᠨᠤ ᠲᠣᠬᠢᠶᠠᠯᠳᠤᠪᠠᠰᠤ᠂ ᠡᠳᠦᠷ ᠰᠥᠨᠢ ᠦᠭᠡᠢ ᠢᠴᠢᠩᠭᠦᠷᠡᠨ ᠭᠤᠲᠤᠵᠤ ᠲᠣᠯᠣᠭᠠᠢ ᠪᠠᠨ ᠪᠥᠬᠥᠢᠨ ᠨᠢᠭᠤᠷ ᠢ᠋ᠶ᠋ᠠᠨ ᠨᠢᠭᠤᠵᠤ᠂ ᠳᠠᠯᠳᠠᠯᠠᠨ ᠶᠠᠪᠤᠬᠤᠢ ᠶ᠋ᠢᠨ ᠪᠡᠷᠬᠡ ᠵᠣᠪᠠᠭᠤᠷᠢ ᠶ᠋ᠢ ᠪᠣᠳᠣᠵᠤ᠂ ᠪᠡᠷᠢᠶᠡᠳ ᠬᠡᠮᠡᠭᠴᠢ ᠬᠥᠪᠡᠭᠦᠳ ᠢ᠋ ᠡᠩᠰᠡᠯᠡᠭᠴᠢ ᠭᠡᠷᠭᠡᠢ᠂ ᠬᠠᠳᠠᠮ ᠡᠴᠢᠭᠡ ᠠᠪᠠᠭ᠎ᠠ ᠳ᠋ᠤᠷ ᠣᠭᠲᠣᠬᠠᠨ ᠴᠤ᠌ ᠬᠠᠷᠢᠶ᠎ᠠ ᠦᠭᠡᠢ ᠲᠤᠯᠠ ᠳᠡᠭᠦᠨᠦ ᠰᠠᠢᠬᠠᠨ ᠪᠠ ᠮᠠᠭᠤᠬᠠᠢ ᠶ᠋ᠢ ᠢᠯᠭᠠᠯ ᠦᠭᠡᠢ᠂ ᠨᠢᠭᠡᠮᠦᠰᠦᠨ ᠨᠢᠭᠤᠷ ᠵᠢᠰᠦ ᠶ᠋ᠢ ᠰᠢᠭᠤᠳ ᠢᠯᠡᠷᠡᠭᠦᠯᠬᠦ ᠦᠭᠡᠢ ᠪᠣᠯᠪᠠᠰᠤ᠂ ᠪᠤᠰᠤᠳ ᠤ᠋ᠨ ᠦᠷ᠎ᠡ ᠳ᠋ᠦ᠍ᠷ ᠵᠣᠪᠠᠯᠠᠩ ᠦᠭᠡᠢ ᠭᠡᠮᠡᠨ ᠬᠠᠭᠠᠨ ᠬᠥᠮᠦᠨ ᠪᠡᠷᠢᠶᠡᠳ ᠦ᠋ᠨ ᠨᠢᠭᠤᠷ ᠢ᠋ ᠡᠴᠦᠰᠲᠡᠯ᠎ᠡ ᠦᠯᠦ ᠦᠵᠡᠭᠳᠡᠬᠦᠢ᠃ ᠭᠠᠭᠴᠠ ᠳᠡᠭᠦᠨᠦ ᠨᠥᠬᠥᠷ ᠡᠷ᠎ᠡ ᠪᠠ ᠬᠠᠳᠠᠮ ᠡᠬᠡ ᠪᠡᠨ ᠦᠢᠯᠡᠴᠢᠯᠡᠨ ᠲᠠᠬᠢᠮᠳᠠᠬᠤ ᠶ᠋ᠢ ᠠᠨᠤ ᠦᠵᠡᠮᠦᠢ᠃ ᠲᠡᠢᠮᠦ ᠶ᠋ᠢᠨ ᠲᠤᠯᠠ ᠪᠡᠷᠢᠶᠡᠳ ᠦ᠋ᠨ ᠥᠩᠭᠡ ᠵᠢᠰᠦ ᠶ᠋ᠢ ᠦᠵᠡᠬᠦ ᠦᠭᠡᠢ᠂ ᠦᠢᠯᠡ ᠶᠠᠪᠤᠳᠠᠯ ᠢ᠋ᠶ᠋ᠠᠷ ᠣᠢᠯᠠᠭᠠᠮᠤᠢ ᠂ ᠨᠢᠭᠤᠷ ᠴᠢᠷᠠᠢ ᠶ᠋ᠢ ᠦᠵᠡᠬᠦ ᠦᠭᠡᠢ᠂ ᠨᠢᠭᠲᠠ ᠨᠠᠷᠢᠨ ᠢ᠋ ᠠᠨᠤ ᠦᠵᠡᠮᠦᠢ᠃ ᠰᠢᠳᠤᠷᠭᠤ ᠪᠤᠶᠤ ᠰᠦᠷᠡᠬᠡᠢ ᠶ᠋ᠢ ᠬᠡᠯᠡᠯᠴᠡᠬᠦ ᠦᠭᠡᠢ᠃ ᠭᠣᠣᠯ ᠵᠢᠷᠦᠬᠡ ᠪᠡᠷ ᠢᠨᠦ ᠢᠯᠭᠠᠮᠤᠢ᠃ ᠡᠮᠦᠰᠬᠡᠯ ᠴᠢᠮᠡᠭᠯᠡᠯ ᠢ᠋ ᠦᠵᠡᠬᠦ ᠦᠭᠡᠢ᠂ ᠡᠷᠳᠡᠮ ᠪᠠᠭᠲᠠᠭᠠᠮᠵᠢ ᠶ᠋ᠢ ᠠᠨᠤ ᠦᠵᠡᠮᠦᠢ ᠬᠡᠮᠡᠵᠦᠬᠦᠢ᠃ ᠡᠨᠡ ᠢᠨᠤ ᠶᠡᠬᠡ ᠪᠠᠭ᠎ᠠ ᠭᠡᠷ ᠦ᠋ᠳ ᠦ᠋ᠨ ᠬᠠᠳᠠᠮ ᠡᠴᠢᠭᠡ ᠪᠣᠯᠤᠭᠴᠢᠳ ᠤ᠋ᠨ ᠪᠡᠷᠢᠶᠡᠳ ᠢ᠋ ᠦᠭᠡ ᠪᠡᠷ ᠡᠰᠡ ᠰᠤᠷᠭᠠᠪᠠᠴᠤ᠂ ᠦᠯᠢᠳᠬᠡᠯ ᠢ᠋ᠶ᠋ᠡᠷ ᠰᠤᠷᠭᠠᠬᠤᠢ ᠶ᠋ᠢᠨ ᠮᠠᠰᠢ ᠭᠦᠨ᠂ ᠮᠠᠰᠢ ᠶᠡᠬᠡ ᠰᠤᠷᠭᠠᠯ ᠪᠣᠯᠠᠢ᠃ ᠴᠤᠬᠤᠮᠬᠠᠨ ᠶᠡᠬᠡ ᠪᠣᠭᠳᠠ ᠶ᠋ᠢᠨ ᠠᠭᠤᠤ ᠶᠡᠬᠡ ᠠᠭᠠᠷ ᠣᠭᠲᠠᠷᠭᠤᠢ ᠮᠡᠲᠦ ᠠᠭᠤᠳᠠᠮ᠂ ᠳᠠᠯᠠᠢ ᠳᠡᠯᠡᠬᠡᠢ ᠠᠳᠠᠯᠢ ᠳᠡᠯᠭᠡᠬᠦᠢ ᠭᠡᠰᠬᠡᠯ ᠰᠣᠶᠣᠷᠬᠠᠯ ᠠᠨᠤ ᠪᠤᠶᠤ᠃ ᠡᠷᠲᠡᠨ ᠦ᠌ ᠵᠠᠭᠤᠨ ᠤᠯᠤᠰ ᠤ᠋ᠳ ᠮᠢᠩᠭᠠᠨ ᠬᠠᠳ ᠤ᠋ᠳ ᠨᠡᠢᠲᠡ ᠪᠡᠷ ᠴᠥᠮ ᠡᠬᠡᠨᠡᠷ ᠦ᠋ᠨ ᠥᠩᠭᠡ ᠶ᠋ᠢ ᠢᠨᠤ ᠤᠷᠢᠳᠴᠢᠯᠠᠨ ᠢᠯᠭᠠᠭᠰᠠᠨ ᠪᠣᠢ ᠶᠠ᠃ ᠡᠨᠡ ᠶᠤᠸᠠᠨ ᠲᠠᠢᠽᠦ ᠴᠢᠩᠭᠢᠰ ᠬᠠᠭᠠᠨ ᠤ᠋ ᠮᠡᠲᠦ ᠡᠬᠡᠨᠡᠷ ᠦ᠋ᠨ ᠥᠩᠭᠡ ᠶᠢᠰᠦ ᠪᠡᠶ᠎ᠡ ᠪᠠᠢᠳᠠᠯ ᠢ᠋ ᠠᠨᠤ ᠨᠢᠭᠡᠨᠲᠡ ᠢᠯᠡᠷᠡᠭᠦᠯᠬᠦ ᠦᠭᠡᠢ ᠪᠡᠷ ᠬᠥᠰᠢᠭᠡ ᠵᠠᠮ᠎ᠠ ᠪᠠᠷ ᠬᠠᠯᠬᠠᠯᠠᠭᠠᠳ᠂ ᠭᠠᠭᠴᠠ ᠬᠦ᠌ ᠲᠡᠭᠦᠨ ᠦ᠌ ᠦᠢᠯᠡᠰ ᠶᠠᠪᠤᠳᠠᠯ ᠪᠠ ᠪᠡᠷᠬᠡ ᠬᠠᠲᠠᠭᠤᠵᠢᠯ ᠢ᠋ᠶ᠋ᠠᠷ ᠠᠨᠤ ᠰᠠᠢᠨ ᠢ᠋ ᠰᠢᠮᠳᠠᠭᠤᠯᠤᠭᠰᠠᠨ ᠬᠠᠳ ᠤ᠋ᠳ ᠭᠡᠮᠡᠨ ᠨᠢᠭᠡᠬᠡᠨ ᠴᠦ᠍ ᠭᠠᠷᠤᠭᠰᠠᠨ ᠦᠭᠡᠢ ᠪᠥᠯᠥᠭᠡ᠂ ᠪᠣᠭᠳᠠ ᠶ᠋ᠢᠨ ᠬᠡᠰᠢᠭ ᠪᠤᠰᠤᠳ ᠤ᠋ᠨ ᠬᠡᠦᠬᠡᠳ ᠨᠣᠬᠠᠳ ᠲᠤᠷ ᠬᠦᠷᠲᠡᠯ᠎ᠡ ᠰᠢᠮᠡᠳᠴᠦ᠂ ᠪᠡᠷᠢ ᠶ᠋ᠢᠨ ᠬᠠᠳᠠᠮ ᠤ᠋ᠨ ᠭᠡᠷ ᠦ᠋ᠨ ᠨᠠᠷᠢᠨ ᠨᠢᠭᠲᠠ ᠬᠢᠴᠢᠶᠡᠯ ᠢ᠋ ᠦᠯᠡᠳᠡᠭᠡᠭᠰᠡᠨ ᠬᠣᠯᠠ ᠤᠷᠲᠤ ᠰᠣᠶᠣᠯ ᠢ᠋ ᠲᠡᠮᠳᠡᠭᠯᠡᠵᠦᠬᠦᠢ᠃ ᠲᠡᠢᠨ ᠬᠦ᠌ ᠡᠨᠡ ᠰᠠᠢᠨ ᠢ᠋ᠶ᠋ᠠᠷ ᠶᠤᠸᠠᠨ ᠤᠯᠤᠰ ᠤ᠋ᠨ ᠡᠮᠦᠨᠡᠲᠦ ᠶ᠋ᠢᠨ ᠲᠥᠷᠥ ᠶ᠋ᠢ ᠠᠯᠲᠠᠨ ᠠᠯᠳᠠᠲᠠᠯ᠎ᠠ᠂ ᠶᠡᠬᠡ ᠲᠥᠷᠥ ᠳ᠋ᠦ᠍ᠷ ᠰᠠᠢᠨ ᠬᠡᠲᠦᠢᠳᠦᠭᠰᠡᠨ ᠲᠠᠢᠬᠡᠦ᠂ ᠬᠤᠸᠠᠩᠬᠡᠦ ᠬᠠᠷᠢᠨ ᠣᠯᠠᠨᠲᠠ ᠭᠠᠷᠤᠭᠰᠠᠨ ᠪᠣᠢ ᠶᠠ᠃ ᠰᠠᠮᠠᠭᠤᠨ ᠶᠠᠪᠤᠲᠠᠯᠳᠤ ᠬᠠᠲᠤᠳ ᠹᠧᠢ ᠭᠡᠮᠡᠨ ᠭᠠᠷᠴᠤ᠂ ᠬᠠᠨ᠂ ᠳᠠᠩ ᠤ᠋ᠨ ᠵᠡᠷᠭᠡ ᠶ᠋ᠢᠨ ᠤᠯᠤᠰ ᠤ᠋ᠳ ᠤ᠋ᠨ ᠮᠡᠲᠦ ᠡᠬᠡᠨᠡᠷ ᠦ᠋ᠨ ᠰᠠᠮᠠᠭᠤᠨ ᠤᠯᠤᠰ ᠲᠥᠷᠥ ᠶ᠋ᠢ ᠳᠦᠢᠪᠡᠭᠡᠭᠰᠡᠨ ᠶᠠᠪᠤᠳᠠᠯ ᠣᠭᠲᠣ ᠭᠠᠷᠤᠭᠰᠠᠨ ᠦᠭᠡᠢ ᠶ᠋ᠢ ᠴᠦ᠍ ᠪᠠᠢᠲᠤᠭᠠᠢ᠂ ᠡᠳᠦᠭᠡ ᠳᠣᠯᠣᠭᠠᠨ ᠵᠠᠭᠤᠨ ᠵᠢᠯ ᠭᠠᠷᠲᠠᠯ᠎ᠠ ᠮᠣᠩᠭᠣᠯ ᠲᠣᠭᠠᠲᠠᠨ ᠪᠦᠬᠦᠨ ᠦ᠌ ᠪᠡᠷᠢᠶᠡᠳ ᠦ᠋ᠨ ᠬᠠᠳᠠᠮ ᠬᠠᠷᠢ ᠪᠠᠨ ᠬᠦᠨᠳᠦᠯᠡᠨ ᠬᠢᠴᠢᠶᠡᠩᠭᠦᠢᠯᠡᠬᠦ ᠢᠨᠦ ᠶᠠᠭᠠᠬᠢᠪᠠᠴᠤ ᠭᠡᠮᠡᠨ ᠬᠢᠲᠠᠳ ᠢᠷᠭᠡᠳ ᠦ᠋ᠨ ᠬᠠᠳᠠᠮ ᠡᠴᠢᠭᠡ ᠡᠬᠡ ᠪᠡᠨ ᠢᠯᠡᠭᠦᠦ ᠦᠵᠡᠬᠦ ᠡᠴᠡ ᠬᠦᠨᠳᠦᠯᠡᠨ ᠦᠵᠡᠬᠦ ᠪᠠ ᠶᠠᠮᠪᠠᠷ ᠵᠡᠷᠭᠡ ᠶ᠋ᠢᠨ ᠬᠥᠳᠡᠭᠡ ᠬᠡᠭᠡᠷ᠎ᠡ ᠶ᠋ᠢᠨ ᠪᠣᠯᠬᠢ ᠪᠦᠳᠦᠭᠦᠯᠢᠭ ᠶᠣᠰᠣ ᠰᠤᠷᠭᠠᠯ ᠦᠭᠡᠢ ᠮᠠᠭᠤ ᠳᠣᠣᠷᠠᠲᠤ ᠶᠠᠳᠠᠭᠤ ᠵᠦᠳᠡᠭᠦᠦ ᠮᠣᠩᠭᠣᠯᠴᠤᠳ ᠪᠣᠯᠪᠠᠴᠤ ᠪᠠᠷ ᠭᠡᠮᠡᠨ ᠪᠠᠰᠠ ᠬᠦ᠌ ᠬᠢᠲᠠᠳ ᠢᠷᠭᠡᠳ ᠦ᠋ᠨ ᠪᠡᠷᠢ ᠳ᠋ᠡᠭᠡᠨ ᠣᠷᠣᠭᠴᠢ᠂ ᠦᠨᠡᠰᠦ ᠠᠭᠤᠳᠠᠯᠠᠬᠤ ᠮᠠᠯᠲᠠᠭᠤᠷ –《ᠲᠤᠤ ᠾᠦᠢ ᠪᠠᠩ 》ᠬᠡᠮᠡᠭᠴᠢ ᠶ᠋ᠢᠨ ᠭᠠᠷᠬᠤ ᠠᠨᠤ ᠮᠠᠰᠢᠳᠠ ᠴᠥᠭᠡᠨ ᠢᠨᠦ᠂ ᠪᠠᠰᠠ ᠬᠦ᠌ ᠪᠣᠭᠳᠠ ᠶ᠋ᠢᠨ ᠶᠣᠰᠣ ᠰᠣᠶᠣᠯ ᠤ᠋ᠨ ᠣᠯᠭᠣᠮ ᠢ᠋ ᠳᠠᠭᠠᠭᠰᠠᠭᠠᠷ ᠤᠳᠠᠭᠠᠨ ᠳ᠋ᠠᠭᠠᠨ ᠬᠠᠳᠠᠩᠰᠢᠨ ᠵᠠᠩᠰᠢᠭᠰᠠᠨ ᠤ᠋ ᠬᠣᠴᠣᠷᠯᠠᠯ ᠦᠯᠡᠳᠡᠪᠦᠷᠢ ᠬᠡᠰᠢᠭ ᠭᠡᠷᠡᠯ ᠪᠤᠶᠤ᠃ ᠴᠣᠬᠣᠮ ᠢ᠋ ᠬᠡᠯᠡᠪᠡᠰᠦ ᠡᠷᠲᠡ ᠳ᠋ᠡᠭᠡᠨ ᠠᠷᠤ ᠡᠯᠡᠰᠦᠨ ᠦ᠌ ᠬᠥᠳᠡᠭᠡ ᠬᠡᠭᠡᠷ᠎ᠡ ᠶ᠋ᠢᠨ ᠵᠡᠷᠯᠢᠭ ᠲᠣᠭᠰᠢᠨ᠂ ᠪᠣᠯᠬᠢ ᠲᠣᠯᠬᠢ ᠬᠡᠲᠦᠢᠳᠦᠭᠰᠡᠨ ᠭᠠᠵᠠᠷ ᠪᠥᠯᠥᠭᠡ᠃ ᠪᠣᠭᠳᠠ ᠴᠢᠩᠭᠢᠰ ᠮᠡᠨᠳᠦᠯᠡᠭᠰᠡᠨ ᠡᠴᠡ ᠶᠣᠰᠣ ᠰᠤᠷᠭᠠᠯ ᠶᠡᠬᠡᠳᠡ ᠳᠡᠯᠭᠡᠷᠡᠨ ᠠᠴᠢᠯᠠᠯ ᠲᠠᠬᠢᠮᠳᠠᠭᠤ ᠶ᠋ᠢ ᠪᠦᠭᠦᠳᠡᠭᠡᠷ ᠮᠥᠷᠳᠡᠯᠴᠡᠨ ᠳᠠᠭᠤᠷᠢᠶᠠᠯᠴᠠᠭᠰᠠᠭᠠᠷ ᠡᠳᠦᠭᠡ ᠡᠳᠦᠢ ᠭᠦᠷᠦᠨ ᠬᠦᠷᠲᠡᠯ᠎ᠡ ᠮᠣᠩᠭᠣᠯ ᠲᠣᠭᠠᠲᠠᠨ ᠤ᠋ ᠡᠴᠢᠭᠡ ᠡᠬᠡ ᠪᠡᠨ ᠬᠦᠨᠳᠦᠯᠡᠬᠦ ᠪᠠ ᠥᠲᠡᠭᠦᠰ ᠬᠥᠭᠰᠢᠳ ᠢ᠋ᠶ᠋ᠡᠨ ᠵᠥᠪᠴᠢᠯᠡᠨ ᠡᠷᠬᠢᠯᠡᠬᠦ ᠢᠨᠦ ᠡᠭᠡᠨᠡᠭᠲᠡ ᠪᠠᠰᠠ ᠬᠦ᠌ ᠬᠢᠲᠠᠳ ᠢᠷᠭᠡᠳ᠂ ᠲᠠᠩᠭᠤᠳ ᠲᠥᠪᠡᠳ ᠡᠴᠡ ᠮᠠᠰᠢᠳᠠ ᠡᠯᠪᠡᠷᠢᠯᠲᠡᠢ ᠳᠦᠷᠢᠮᠲᠡᠢ᠃ ᠬᠡᠳᠦᠢᠪᠡᠷ ᠡᠯᠪᠡᠷᠢᠯ ᠦᠭᠡᠢ ᠮᠣᠩᠭᠣᠯᠴᠤᠳ ᠪᠣᠢ ᠪᠣᠯᠪᠠᠴᠤ ᠪᠠᠷ ᠠᠢᠯ ᠠᠢᠮᠠᠭ ᠤ᠋ᠨ ᠠᠷᠠᠳ᠂ ᠳᠣᠷᠣᠮᠵᠢᠯᠠᠨ ᠡᠯᠡᠭᠯᠡᠳᠡᠭ ᠲᠤᠯᠠ᠂ ᠬᠥᠮᠦᠨ ᠦ᠌ ᠡᠮᠦᠨ᠎ᠡ ᠪᠣᠯᠪᠠᠰᠤ᠂ ᠤᠭ ᠰᠡᠳᠬᠢᠯ ᠡᠴᠡᠭᠡᠨ ᠡᠯᠪᠡᠷᠢᠯ ᠦᠭᠡᠢ ᠪᠣᠯᠪᠠᠴᠤ᠂ ᠭᠠᠳᠠᠭᠠᠳᠤ ᠪᠠᠢᠳᠠᠯ ᠳ᠋ᠠᠭᠠᠨ ᠡᠯᠪᠡᠷᠢᠯᠲᠡᠢ ᠠᠭᠠᠰᠢ ᠪᠠᠷ ᠬᠠᠭᠤᠷᠮᠠᠭᠯᠠᠨ ᠠᠭᠠᠰᠢᠯᠠᠵᠤ ᠪᠠᠢᠬᠤ ᠲᠡᠷᠡ ᠬᠠᠭᠤᠷᠮᠠᠭ ᠠᠭᠠᠰᠢ ᠠᠨᠤ ᠪᠣᠯᠪᠠᠴᠤ ᠪᠠᠷ ᠮᠥᠨ ᠪᠣᠭᠳᠠ ᠶ᠋ᠢᠨ ᠡᠷᠳᠡᠮ ᠦ᠋ᠨ ᠤᠯᠠᠮᠵᠢᠯᠠᠯ ᠬᠠᠳᠠᠩᠰᠢᠯ ᠳᠠᠭᠤᠷᠢᠶᠠᠯᠲᠠ ᠳᠠᠳᠮᠠᠭᠠᠢᠯᠠᠯ ᠪᠤᠶᠤ᠃ ᠲᠡᠢᠨ ᠬᠦ᠌ ᠴᠠᠭᠠᠵᠠᠯᠠᠯ ᠦᠭᠡᠢ ᠪᠡᠷ ᠵᠠᠰᠠᠭ ᠢ᠋ ᠳᠠᠭᠠᠬᠤ᠂ ᠰᠤᠷᠭᠠᠯ ᠦᠭᠡᠢ ᠪᠡᠷ ᠶᠣᠰᠣᠯᠠᠯ ᠳ᠋ᠤᠷ ᠳᠠᠳᠬᠤ ᠠᠨᠤ ᠪᠣᠭᠳᠠ ᠬᠥᠮᠦᠨ ᠦ᠌ ᠡᠭᠦᠰᠬᠡᠯ ᠦᠢᠯᠡᠳᠦᠯ᠂ ᠰᠣᠶᠣᠯ ᠤᠯᠠᠮᠵᠢᠯᠠᠯ ᠠ᠋ᠴᠠ ᠪᠤᠰᠤ ᠪᠣᠯᠪᠠᠰᠤ ᠶᠠᠪᠤᠬᠤ ᠦᠭᠡᠢ ᠬᠡᠮᠡᠭᠴᠢ ᠳᠠᠷᠤᠢ ᠡᠭᠦᠨ ᠢ᠋ ᠬᠡᠯᠡᠭᠰᠡᠨ ᠢᠨᠦ ᠪᠤᠶᠤ᠃ ᠲᠡᠷᠡ ᠴᠠᠭ ᠲᠡᠷᠡ ᠦᠶ᠎ᠡ ᠳ᠋ᠦ᠍ᠷ ᠮᠣᠩᠭᠣᠯ ᠤ᠋ᠨ ᠲᠥᠷᠥ ᠳ᠋ᠦ᠍ᠷ ᠱᠠᠭᠢᠮᠤᠨᠢ ᠪᠤᠷᠬᠠᠨ ᠤ᠋ ᠨᠣᠮ ᠬᠢᠭᠡᠳ ᠭᠦᠩᠽᠢ ᠪᠣᠭᠳᠠ ᠶ᠋ᠢᠨ ᠪᠢᠴᠢᠭ ᠣᠭᠲᠣᠬᠠᠨ ᠴᠤ᠌ ᠳᠡᠯᠭᠡᠷᠡᠭᠡᠳᠦᠢ ᠪᠥᠭᠡᠲᠡᠯ᠎ᠡ᠂ ᠨᠢᠭᠡᠬᠡᠨ ᠪᠣᠭᠳᠠ ᠴᠢᠩᠭᠢᠰ ᠦ᠋ᠨ ᠲᠥᠪ ᠴᠢᠬᠡ ᠭᠡᠭᠡᠬᠡᠨ ᠲᠣᠳᠣᠷᠬᠠᠢ ᠦᠨᠡᠮᠴᠢ ᠥᠷᠥᠰᠢᠶᠡᠯ ᠴᠢᠩ ᠪᠠᠲᠤ ᠶ᠋ᠢ ᠣᠯᠠᠨ ᠢ᠋ᠶ᠋ᠠᠷ ᠪᠠᠬᠠᠷᠬᠠᠯᠴᠠᠨ ᠳᠠᠭᠤᠷᠢᠶᠠᠯᠴᠠᠭᠰᠠᠭᠠᠷ ᠬᠠᠳᠠᠩᠰᠢᠨ ᠵᠠᠩᠰᠢᠭᠰᠠᠨ ᠰᠢᠳᠤᠷᠭᠤ ᠰᠢᠯᠤᠭᠤᠨ ᠨᠣᠮᠣᠬᠠᠨ ᠪᠢᠳᠠᠭᠤ ᠠᠨᠤ ᠣᠯᠠᠨ ᠪᠣᠢ ᠶᠠ᠃ ᠬᠢᠲᠠᠳ ᠢᠷᠭᠡᠳ ᠦ᠋ᠨ ᠮᠡᠲᠦ ᠪᠠᠬᠠᠨ ᠬᠦᠴᠦᠨ ᠬᠦᠷᠦᠯᠴᠡᠮᠡᠭᠴᠡ ᠳᠠᠷᠤᠢ ᠬᠠᠭᠠᠨ ᠡᠵᠡᠨ ᠡᠴᠡ ᠤᠷᠪᠠᠵᠤ ᠰᠥᠷᠦᠭᠡᠳ᠂ ᠶᠡᠬᠡ ᠲᠡᠢᠨ ᠳᠠᠢᠰᠤᠨ ᠡᠳᠦᠭᠦᠯᠵᠦ᠂ ᠲᠦᠮᠡ ᠲᠦᠮᠡᠨ ᠢ᠋ᠶ᠋ᠡᠷ ᠦᠬᠦᠬᠦ ᠪᠤᠰᠠᠨᠢᠬᠤᠢ ᠳ᠋ᠤᠷ ᠭᠥᠷᠦᠭᠦᠯᠬᠦ ᠦᠭᠡᠢ ᠢᠨᠤ᠂ ᠡᠭᠡᠨᠡᠭᠲᠡ ᠪᠣᠭᠳᠠ ᠶ᠋ᠢᠨ ᠰᠣᠶᠣᠯ ᠢ᠋ ᠦᠨᠡᠮᠴᠢᠯᠡᠨ ᠪᠢᠰᠢᠷᠡᠭᠰᠡᠨ ᠢ᠋ᠶ᠋ᠡᠷ ᠰᠠᠶᠢ ᠡᠢᠨ ᠬᠦ᠌ ᠪᠣᠯᠤᠭᠰᠠᠨ ᠠᠨᠤ ᠪᠤᠶᠤ᠃ ᠲᠡᠷᠡ ᠲᠤᠬᠠᠢ ᠭᠤᠴᠢᠭᠠᠳ ᠣᠨ ᠤ᠋ ᠳᠣᠲᠣᠷ᠎ᠠ ᠳᠠᠯᠠᠨ ᠲᠠᠪᠤᠨ ᠠᠢᠮᠠᠭ ᠤ᠋ᠳ ᠢ ᠶᠣᠰᠣ ᠰᠣᠶᠣᠯᠲᠤ ᠪᠣᠯᠭᠠᠨ ᠨᠣᠮᠣᠬᠠᠳᠬᠠᠨ ᠳᠠᠭᠠᠭᠤᠯᠵᠤ᠂ ᠦᠨᠡᠮᠴᠢ ᠪᠢᠰᠢᠷᠡᠯᠲᠡᠢ ᠴᠡᠪᠡᠷ ᠢᠴᠢᠭᠦᠷᠢ ᠶ᠋ᠢ ᠮᠡᠳᠡᠭᠦᠯᠦᠭᠰᠡᠨ ᠢ᠋ᠶ᠋ᠡᠷ ᠰᠠᠶᠢ ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠬᠡᠮᠡᠭᠰᠡᠨ ᠪᠤᠶᠤ᠃ ᠵᠢᠴᠢ ᠶᠡᠬᠡ ᠶᠤᠸᠠᠨ ᠤᠯᠤᠰ ᠤ᠋ᠨ ᠬᠤᠷᠢᠮ ᠲᠣᠢ ᠪᠠ ᠵᠠᠷᠯᠢᠭ ᠦᠭᠡᠰ ᠬᠣᠣᠰᠯᠠᠯ ᠪᠡᠯᠡᠭᠯᠡᠯ ᠢ᠋ ᠲᠡᠮᠳᠡᠭᠯᠡᠭᠰᠡᠨ ᠠᠩᠭᠢᠳᠠ ᠨᠢᠭᠡᠨ ᠪᠦᠯᠦᠭ ᠦ᠋ᠨ《ᠬᠣᠣᠰ ᠰᠠᠨᠳᠠᠯᠢ ᠶ᠋ᠢᠨ ᠬᠤᠷᠢᠮ》ᠭᠡᠮᠡᠨ ᠬᠠᠭᠠᠨ ᠬᠠᠲᠤᠨ ᠬᠣᠶᠠᠭᠤᠯᠠ ᠶ᠋ᠢᠨ ᠬᠣᠶᠠᠷ ᠡᠲᠡᠭᠡᠳ ᠦ᠋ᠨ ᠪᠡᠯᠡᠭᠴᠢ ᠰᠠᠢᠳ ᠲᠦᠰᠢᠮᠡᠳ ᠬᠣᠶᠠᠷ ᠬᠤᠪᠢ ᠪᠠᠷ ᠶᠢᠰᠦ ᠶᠢᠰᠦᠨᠲᠡ ᠪᠡᠯᠡᠭᠯᠡᠨ ᠥᠴᠢᠭᠰᠡᠨ ᠮᠠᠰᠢᠳᠠ ᠠᠷᠪᠢᠨ ᠮᠠᠰᠢᠳᠠ ᠣᠯᠠᠨ ᠠ᠋ᠴᠠ ᠨᠢᠭᠡᠨ ᠡᠲᠡᠭᠡᠳ ᠡᠴᠡ ᠬᠣᠶᠠᠷ ᠬᠣᠶᠠᠷ ᠢ᠋ ᠬᠠᠭᠤᠯᠤᠨ ᠪᠢᠴᠢᠵᠦ᠂ ᠬᠣᠣᠰ ᠰᠠᠨᠳᠠᠯᠢ ᠶ᠋ᠢᠨ ᠬᠣᠶᠠᠷ ᠬᠣᠣᠰ ᠤ᠋ᠨ ᠪᠡᠯᠡᠭᠯᠡᠯ ᠢ᠋ ᠪᠦᠷᠢᠳᠬᠡᠨ ᠭᠠᠷᠭᠠᠵᠤ᠂ ᠬᠣᠣᠰ ᠰᠠᠨᠳᠠᠯᠢ ᠶ᠋ᠢᠨ ᠬᠣᠷᠢᠮᠯᠠᠯ ᠢ᠋ ᠬᠤᠷᠢᠶᠠᠩᠭᠤᠢᠯᠠᠨ ᠬᠤᠮᠪᠢᠵᠤ᠂ ᠬᠤᠷᠳᠤᠬᠠᠨ ᠲᠡᠭᠦᠰᠬᠡᠭᠡᠳ᠂ ᠬᠣᠲᠠᠯᠠ ᠤᠯᠤᠰ ᠤ᠋ᠨ ᠴᠣᠬᠣᠮ ᠴᠡᠷᠢᠭ ᠲᠡᠢᠨ᠂ ᠤᠯᠤᠰ ᠲᠥᠷᠥ ᠶ᠋ᠢᠨ ᠴᠢᠬᠤᠯᠠ ᠴᠣᠬᠣᠮ ᠦᠢᠯᠡ ᠶ᠋ᠢ ᠢᠨᠦ ᠥᠭᠦᠯᠡᠰᠦᠭᠡᠢ᠃
ᠲᠡᠨᠳᠡᠴᠡ ᠬᠤᠸᠠᠩᠬᠡᠦ ᠤᠷᠢᠳᠠ ᠬᠠᠭᠠᠨ ᠳ᠋ᠤᠷ ᠬᠤᠷᠢᠮ ᠪᠠᠷᠢᠬᠤ ᠲᠤᠯᠠ ᠬᠤᠸᠠᠩᠬᠡᠦ ᠶ᠋ᠢᠨ ᠡᠲᠡᠭᠡᠳ ᠳᠥᠷᠪᠡᠨ ᠲᠠᠢᠽᠢ ᠸᠠᠩ᠂ ᠳᠥᠷᠪᠡᠨ ᠤᠷᠤᠭ ᠤ᠋ᠨ ᠨᠣᠶᠠᠳ ᠪᠦᠭᠦᠳᠡᠭᠡᠷ ᠢ᠋ ᠠᠪᠴᠤ ᠂ ᠪᠠᠷᠠᠭᠤᠨ ᠡᠲᠡᠭᠡᠳ ᠲᠣᠷ ᠬᠠᠷᠢᠶᠠᠴᠠᠢ ᠶ᠋ᠢᠨ ᠨᠢᠭᠡᠨ ᠵᠢᠭᠦᠷ ᠮᠡᠲᠦ ᠳᠡᠰ ᠵᠡᠷᠭᠡ ᠪᠡᠷ ᠵᠢᠭᠰᠠᠭᠠᠨ ᠵᠣᠭᠰᠣᠭᠠᠳ᠂ ᠲᠠᠢᠽᠦ ᠶ᠋ᠢᠨ ᠬᠠᠷᠢᠭᠤ ᠬᠤᠷᠢᠮ ᠬᠠᠢᠷᠠᠯᠠᠬᠤᠢ ᠳ᠋ᠤᠷ ᠬᠤᠸᠠᠩᠳᠢ ᠶ᠋ᠢᠨ ᠡᠲᠡᠭᠡᠳ ᠳᠥᠷᠪᠡᠨ ᠳᠡᠭᠦᠦ ᠸᠠᠩ᠂ ᠳᠥᠷᠪᠡᠨ ᠬᠦᠯᠦᠭ ᠦ᠋ᠨ ᠨᠣᠶᠠᠳ ᠪᠦᠭᠦᠳᠡᠭᠡᠷ ᠢ᠋ ᠠᠪᠴᠤ᠂ ᠵᠡᠭᠦᠨ ᠡᠲᠡᠭᠡᠳ ᠲᠣᠷ ᠬᠠᠷᠢᠶᠠᠴᠠᠢ ᠶ᠋ᠢᠨ ᠨᠥᠭᠦᠭᠡ ᠵᠢᠭᠦᠷ ᠮᠡᠲᠦ ᠬᠣᠣᠰᠯᠠᠨ ᠳᠡᠰ ᠵᠡᠷᠭᠡ ᠪᠡᠷ ᠵᠢᠭᠰᠠᠭᠠᠨ᠂ ᠬᠠᠭᠠᠨ ᠬᠠᠲᠤᠨ ᠬᠣᠶᠠᠭᠤᠯᠠ ᠶ᠋ᠢᠨ ᠬᠣᠶᠠᠷ ᠬᠤᠪᠢ ᠶ᠋ᠢᠨ ᠶᠢᠰᠦ ᠶᠢᠰᠦᠨ ᠨᠠᠶᠠᠨ ᠨᠢᠭᠡᠨ ᠰᠢᠷᠡᠭᠡ ᠶ᠋ᠢᠨ ᠶᠡᠬᠡ ᠲᠡᠭᠷᠢ ᠶ᠋ᠢᠨ ᠬᠤᠷᠢᠮ ᠬᠥᠭᠵᠢᠮ ᠮᠥᠨ ᠬᠦ᠌ ᠬᠣᠶᠠᠷ ᠠᠩᠭᠢᠯᠠᠨ ᠵᠢᠭᠰᠠᠭᠠᠵᠤ᠂ ᠫᠤᠤ ᠳᠠᠭᠤᠷᠢᠰᠤᠨ ᠬᠥᠭᠵᠢᠮ ᠡᠭᠦᠰᠬᠡᠨ᠂ ᠳᠣᠬᠢᠶ᠎ᠠ ᠬᠥᠳᠡᠯᠵᠦ ᠲᠡᠷᠢᠭᠦᠯᠡᠭᠰᠡᠨ ᠬᠣᠶᠠᠷ ᠰᠢᠷᠡᠭᠡ ᠥᠷᠭᠥᠭᠡ ᠳ᠋ᠦ᠍ᠷ ᠣᠷᠣᠵᠤ᠂ ᠵᠣᠴᠢ ᠴᠠᠭᠠᠲᠠᠢ ᠬᠣᠶᠠᠷ ᠲᠠᠢᠽᠢ ᠸᠠᠩ᠂ ᠬᠣᠶᠠᠷ ᠬᠣᠣᠰ ᠤ᠋ᠨ ᠠᠯᠲᠠᠨ ᠤ᠋ ᠴᠥᠭᠥᠴᠡ ᠶ᠋ᠢ ᠪᠠᠷᠢᠵᠤ᠂ ᠬᠣᠣᠰᠯᠠᠨ ᠰᠥᠭᠥᠳᠴᠦ ᠬᠠᠭᠠᠨ ᠬᠠᠲᠤᠨ ᠬᠣᠶᠠᠭᠤᠯᠠ ᠳ᠋ᠤᠷ ᠡᠷᠭᠦᠨ ᠪᠠᠷᠢᠭᠠᠳ ᠤᠬᠤᠷᠢᠨ ᠭᠠᠷᠴᠤ᠂ ᠬᠣᠶᠠᠷ ᠵᠢᠭᠦᠷ ᠦ᠋ᠨ ᠰᠠᠢᠳ ᠤ᠋ᠳ ᠨᠡᠢᠲᠡ ᠪᠦᠭᠦᠳᠡᠭᠡᠷ ᠰᠥᠭᠥᠳᠴᠦ᠂ ᠪᠠᠷᠠᠭᠤᠨ ᠪᠠᠢᠷᠢ ᠠ᠋ᠴᠠ ᠬᠦᠩ ᠦ᠋ᠨ ᠴᠣᠯᠠᠲᠤ ᠤᠯᠤᠰ ᠤ᠋ᠨ ᠶᠡᠬᠡ ᠨᠠᠭᠠᠴᠤ ᠨᠣᠶᠠᠨ ᠠᠵᠢᠨᠠᠢ ᠮᠡᠷᠭᠡᠨ ᠭᠠᠷᠴᠤ ᠮᠥᠷᠭᠥᠵᠦ ᠪᠡᠯᠡᠭᠯᠡᠷᠦᠨ᠄
ᠪᠤᠷᠬᠠᠨ ᠤ᠋ ᠤᠯᠤᠰ ᠤ᠋ᠨ ᠪᠥᠷᠲᠡ ᠴᠢᠨᠣ᠎ᠠ ᠪᠣᠭᠳᠠ ᠡᠪᠦᠭᠡ ᠡᠴᠡ ᠦᠨᠳᠦᠰᠦᠯᠡᠨ ᠢᠷᠡᠭᠰᠡᠨ
ᠪᠣᠷᠵᠢᠭᠢᠳ ᠢᠵᠠᠭᠤᠷ ᠢ᠋ ᠳᠠᠬᠢᠨ ᠰᠢᠨᠡᠳᠬᠡᠭᠰᠡᠨ ᠪᠣᠭᠳᠠ ᠴᠢᠩᠭᠢᠰ ᠬᠠᠭᠠᠨ ᠢ᠋ᠶ᠋ᠠᠷ ᠪᠢᠳᠡᠨ᠃
ᠪᠣᠳᠠᠲᠠᠶ᠎ᠠ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠶ᠋ᠢᠨ ᠬᠤᠪᠢᠯᠭᠠᠨ ᠦᠷ᠎ᠡ
ᠪᠣᠱᠣᠭ ᠵᠠᠷᠯᠢᠭ ᠢ᠋ᠶ᠋ᠠᠷ ᠪᠤᠯᠲᠤ ᠶ᠋ᠢ ᠠᠮᠤᠭᠤᠯᠬᠤᠢ ᠶ᠋ᠢᠨ ᠰᠠᠭᠤᠷᠢᠨ᠎ᠠ ᠰᠠᠭᠤᠭᠰᠠᠨ ᠪᠠᠶᠠᠷ᠎ᠠ᠃
ᠪᠤᠯᠠᠭ᠎ᠠ ᠶ᠋ᠢᠨ ᠭᠡᠰᠡᠭᠦᠷᠲᠦ ᠥᠷᠭᠥᠭᠡ ᠶ᠋ᠢᠨ ᠢᠰᠡᠭᠡᠢ ᠶ᠋ᠢ ᠨᠡᠪᠲᠡ ᠬᠡᠷᠡᠯᠳᠦᠵᠦ ᠮᠡᠨᠳᠦᠯᠡᠭᠰᠡᠨ
ᠪᠣᠭᠳᠠ ᠡᠵᠡᠨ ᠳ᠋ᠦ᠍ᠷ ᠲᠡᠭᠷᠢ ᠡᠴᠡ ᠵᠠᠶᠠᠭᠠᠭᠰᠠᠨ ᠬᠠᠲᠤᠨ ᠢ᠋ᠶ᠋ᠠᠷ ᠪᠤᠶᠠᠨᠲᠤ ᠬᠤᠷᠢᠮ ᠢ᠋ ᠪᠠᠷᠢᠨᠠᠮ᠃
ᠪᠤᠯᠠᠩᠭᠢᠷ ᠦᠭᠡᠢ ᠪᠣᠷᠣᠵᠠ ᠶ᠋ᠢ ᠪᠣᠭᠳᠠ ᠶ᠋ᠢᠨ ᠪᠡᠶ᠎ᠡ ᠪᠤᠴᠠᠭᠠᠯ ᠦᠭᠡᠶ᠎ᠡ ᠵᠣᠭᠣᠭᠯᠠᠨ
ᠪᠣᠯᠤᠭᠰᠠᠨ ᠲᠥᠷᠥ ᠳ᠋ᠦ᠍ᠷ ᠲᠦᠮᠡᠨ ᠪᠠᠷ᠎ᠠ ᠪᠣᠭᠣᠯᠴᠢᠯᠠᠨ ᠳᠠᠭᠠᠵᠤ ᠡᠩᠬᠡᠵᠢᠨ ᠵᠢᠷᠭᠠᠯᠳᠤᠲᠤᠭᠠᠢ᠃
ᠬᠡᠮᠡᠭᠰᠡᠨ ᠳ᠋ᠦ᠍ᠷ ᠬᠠᠭᠠᠨ ᠪᠡᠶᠡᠰᠴᠦ ᠰᠠᠢᠨ ᠪᠡᠯᠡᠭ ᠦ᠋ᠨ ᠠᠶᠠᠷᠠ ᠭᠡᠮᠡᠨ ᠬᠠᠷᠢᠭᠤ ᠬᠤᠨᠳᠠᠭ᠎ᠠ ᠰᠠᠷᠬᠤᠳ ᠢ᠋ ᠬᠠᠰᠠᠷ ᠪᠡᠯᠭᠦᠳᠡᠢ ᠬᠣᠶᠠᠷ ᠳᠡᠭᠦᠦ ᠸᠠᠩ ᠤ᠋ᠨ ᠭᠠᠷ ᠲᠤᠷ ᠥᠭᠴᠦ ᠬᠤᠸᠠᠩᠬᠡᠦ ᠳ᠋ᠦ᠍ᠷ ᠪᠠᠷᠢᠵᠤ ᠬᠦᠩ ᠦ᠋ᠨ ᠴᠣᠯᠠᠲᠤ ᠶᠡᠬᠡ ᠲᠠᠢᠪᠤᠤ᠂ ᠬᠦᠯᠦᠭ ᠨᠣᠶᠠᠨ ᠪᠤᠭᠤᠷᠵᠢ ᠭᠠᠷᠴᠤ ᠮᠥᠷᠭᠥᠵᠦ ᠪᠡᠯᠡᠭᠯᠡᠷᠦᠨ᠄
ᠬᠤᠷᠮᠤᠰᠲᠠ ᠬᠠᠨ ᠠ᠋ᠴᠠ ᠬᠤᠪᠢ ᠢᠷᠦᠭᠡᠯᠲᠦ ᠬᠣᠩᠭᠢᠷᠠᠳ ᠤ᠋ᠨ ᠲᠡᠭᠷᠢ ᠶ᠋ᠢᠨ ᠤᠷᠤᠭ
ᠬᠤᠲᠤᠭᠲᠤ ᠬᠤᠸᠠᠩᠬᠡᠦ ᠬᠣᠢᠮᠤᠷᠠ ᠵᠠᠯᠠᠷᠠᠵᠤ ᠢᠷᠡᠨ ᠤᠯᠤᠰ ᠤ᠋ᠨ ᠡᠬᠡ ᠪᠣᠯᠤᠭᠰᠠᠭᠠᠷ᠂
ᠬᠣᠯᠠ ᠣᠢᠷ᠎ᠠ ᠪᠠᠷ ᠬᠤᠷᠠᠯᠳᠤᠨ ᠴᠤᠭᠯᠠᠯᠴᠠᠵᠤ ᠬᠠᠤ ᠪᠦᠭᠦᠳᠡᠭᠡᠷ ᠲᠠᠭᠠᠯᠴᠠᠵᠤ
ᠬᠣᠲᠠᠯᠠ ᠵᠦᠭ ᠦ᠋ᠳ ᠢ᠋ ᠬᠤᠪᠢᠶᠠᠨ ᠡᠵᠡᠯᠡᠬᠦ ᠳᠥᠷᠪᠡᠨ ᠲᠠᠢᠽᠢ ᠨᠠᠷ ᠢ᠋ ᠬᠥᠮᠦᠵᠢᠭᠦᠯᠪᠡ᠃
ᠬᠣᠣᠰ ᠲᠡᠭᠦᠰ ᠬᠡᠯᠬᠢᠶᠡᠲᠦ ᠭᠤᠷᠪᠠᠨ ᠭᠡᠷᠡᠯᠲᠦ ᠡᠵᠡᠨ ᠡᠬᠡ ᠶ᠋ᠢᠨ ᠪᠠᠶᠠᠷ᠎ᠠ
ᠬᠣᠣᠷᠠᠵᠠ᠂ ᠪᠣᠷᠣᠵᠠ ᠶ᠋ᠢᠨ ᠬᠠᠷᠢᠭᠤ ᠰᠠᠷᠬᠤᠳ ᠢ᠋ ᠬᠠᠭᠠᠨ ᠡᠵᠡᠨ ᠢ᠋ᠶ᠋ᠡᠷ ᠮᠣᠳᠣᠷ ᠢ᠋ᠶ᠋ᠠᠷ ᠪᠠᠷᠢᠮᠤ
ᠬᠣᠷᠣᠮᠬᠠᠨ ᠲᠡᠳᠦᠢ ᠠᠮᠰᠠᠨ ᠵᠣᠭᠣᠭᠯᠠᠵᠤ ᠬᠤᠲᠤᠭᠲᠤ ᠪᠡᠶ᠎ᠡ ᠳ᠋ᠡᠭᠡᠨ ᠬᠦᠷᠲᠡᠨ ᠰᠢᠩᠭᠡᠭᠦᠯᠦᠨ
ᠬᠣᠴᠣᠷᠤᠯ ᠦᠭᠡᠢ ᠤᠯᠤᠰ ᠲᠥᠷᠥ ᠬᠣᠯᠠ ᠤᠷᠲᠤᠳᠠ ᠪᠠᠳᠠᠷᠠᠨ ᠳᠡᠯᠭᠡᠷᠡᠲᠦᠭᠡᠢ᠃
ᠬᠡᠮᠡᠭᠡᠳ ᠬᠠᠭᠠᠨ ᠤ᠋ ᠬᠠᠷᠢᠭᠤ ᠬᠤᠷᠢᠮ ᠤ᠋ᠨ ᠰᠢᠷᠡᠭᠡ ᠣᠷᠣᠵᠤ ᠬᠠᠭᠠᠨ ᠤ᠋ ᠮᠣᠳᠣᠷ ᠤ᠋ᠨ ᠠᠷᠢᠬᠢ ᠶ᠋ᠢ ᠸᠴᠢᠷ ᠬᠠᠴᠤᠭ ᠬᠣᠶᠠᠷ ᠳᠡᠭᠦᠦ ᠸᠠᠩ᠂ ᠬᠣᠣᠰ ᠬᠣᠣᠰ ᠬᠤᠨᠳᠠᠭ᠎ᠠ ᠶ᠋ᠢ ᠬᠤᠸᠠᠩᠬᠡᠦ ᠳ᠋ᠦ᠍ᠷ ᠪᠠᠷᠢᠭᠰᠠᠨ᠎ᠠ ᠬᠦᠩ ᠦ᠋ᠨ ᠴᠣᠯᠠᠲᠤ ᠬᠦᠯᠦᠭ ᠲᠠᠢᠪᠤᠤ ᠪᠤᠭᠤᠷᠤᠯ ᠨᠣᠶᠠᠨ ᠮᠥᠷᠭᠥᠵᠦ ᠪᠡᠯᠡᠭᠯᠡᠷᠦᠨ᠄
ᠡᠰᠡᠷᠸ᠎ᠠ ᠬᠤᠷᠮᠤᠰᠲᠠ ᠠ᠋ᠴᠠ ᠡᠰᠢ ᠵᠠᠷᠯᠢᠭ ᠲᠠᠢ ᠢᠷᠡᠭᠰᠡᠨ ᠶᠢᠰᠦᠨ ᠢᠯᠠᠩᠭᠤᠢᠶᠠᠲᠤ ᠡᠬᠡ
ᠡᠷᠳᠡᠨᠢ ᠶ᠋ᠢᠨ ᠲᠥᠷᠥ ᠶ᠋ᠢ ᠡᠬᠢᠯᠡᠬᠦᠢ ᠶ᠋ᠢᠨ ᠲᠤᠯᠠ ᠡᠵᠡᠨ ᠪᠣᠭᠳᠠ ᠳ᠋ᠤᠷ ᠬᠠᠲᠤᠨ ᠪᠣᠯᠪᠠ᠃
ᠡᠳᠦᠢᠴᠢᠨᠡᠭᠡᠨ ᠣᠯᠠᠨ ᠬᠠᠲᠤᠳ ᠭᠦᠩᠵᠦ ᠬᠠᠨ ᠬᠥᠪᠡᠭᠦᠳ ᠪᠡᠷᠢᠶᠡᠳ ᠠᠴᠢ ᠣᠴᠢ ᠳᠡᠯᠭᠡᠷᠡᠭᠰᠡᠨ ᠬᠢᠭᠡᠳ
ᠡᠩᠭᠡᠷ ᠤᠯᠤᠰ ᠤ᠋ᠨ ᠡᠷ᠎ᠡ ᠡᠮ᠎ᠡ ᠡᠳ᠋ ᠮᠠᠯ ᠢ᠋ᠶ᠋ᠠᠷ ᠡᠨᠡ ᠮᠡᠲᠦ ᠶᠦ᠍ᠭᠡᠨ ᠦᠷᠡᠵᠢᠭᠦᠯᠦᠨ ᠳᠦᠭᠦᠷᠭᠡᠪᠡ᠃
ᠡᠮᠡᠭᠡ ᠲᠠᠢᠬᠡᠦ ᠡᠭᠡᠯᠢᠲᠦ ᠡᠬᠡ ᠬᠤᠸᠠᠩᠬᠡᠦ ᠶ᠋ᠢᠨ ᠳᠣᠯᠣᠭᠠᠨ ᠭᠡᠰᠢᠭᠦᠨ ᠪᠦᠷᠢᠳᠦᠭᠰᠡᠨᠡ ᠪᠠᠶᠠᠰᠤᠯᠴᠠᠨ
ᠡᠵᠡᠨ ᠬᠤᠸᠠᠩᠳᠢ ᠡᠷᠳᠡᠮᠲᠦ ᠬᠤᠸᠠᠩᠬᠡᠦ ᠶ᠋ᠢᠨ ᠶᠡᠬᠡᠮᠰᠦᠭ ᠭᠡᠭᠡᠭᠡᠨᠡ ᠦᠨᠡᠨ ᠢ᠋ᠶ᠋ᠡᠷ ᠬᠦᠨᠳᠦᠯᠡᠮᠦᠢ᠃
ᠡᠨᠡ ᠡᠳᠦᠷ ᠦ᠋ᠨ ᠬᠣᠣᠰ ᠰᠠᠨᠳᠠᠯᠢ ᠶ᠋ᠢᠨ ᠲᠡᠭᠦᠰ ᠵᠠᠰᠢᠶᠠᠨ ᠤ᠋ ᠰᠠᠷᠬᠤᠳ ᠤ᠋ᠨ ᠳᠡᠭᠡᠵᠢ ᠡᠭᠦᠨ ᠢ᠋
ᠡᠷᠬᠡᠪᠰᠢ ᠠᠮᠰᠠᠵᠤ ᠡᠭᠦᠷᠢ ᠤᠷᠲᠤᠳᠠ ᠤᠯᠤᠰ ᠲᠥᠷᠥ ᠪᠡᠨ ᠦᠷᠡᠵᠢᠭᠦᠯᠦᠨ ᠳᠡᠯᠭᠡᠷᠡᠭᠦᠯᠬᠦ ᠪᠣᠯᠭᠠᠲᠤᠭᠠᠢ᠃
ᠬᠡᠮᠡᠭᠰᠡᠨ ᠳ᠋ᠦ᠍ᠷ ᠬᠠᠲᠤᠨ ᠪᠡᠶᠡᠰᠴᠦ ᠬᠠᠭᠠᠨ ᠤ᠋ ᠵᠠᠷᠯᠢᠭ ᠤ᠋ᠨ ᠠᠶᠠᠷᠠ ᠭᠡᠮᠡᠨ ᠬᠠᠷᠢᠭᠤ ᠰᠠᠷᠬᠤᠳ ᠤ᠋ᠨ ᠡᠷᠭᠦᠴᠡ ᠶ᠋ᠢ ᠥᠭᠡᠳᠡᠢ᠂ ᠲᠣᠯᠢ ᠬᠣᠶᠠᠷ ᠲᠠᠢᠽᠢ ᠸᠠᠩ ᠤ᠋ᠨ ᠭᠠᠷ ᠲᠤᠷ ᠥᠭᠴᠦ ᠬᠣᠣᠰ ᠬᠣᠣᠰ ᠢ᠋ᠶ᠋ᠠᠷ ᠬᠠᠭᠠᠨ᠎ᠠ ᠰᠥᠭᠥᠳᠵᠦ ᠪᠠᠷᠢᠭᠰᠠᠨ᠎ᠠ ᠬᠦᠩ ᠦ᠋ᠨ ᠴᠣᠯᠠᠲᠤ ᠪᠠᠭ᠎ᠠ ᠨᠠᠭᠠᠴᠤ ᠨᠣᠶᠠᠨ ᠬᠤᠳᠠᠷᠭ᠎ᠠ ᠪᠠᠭᠠᠲᠤᠷ ᠮᠥᠷᠭᠥᠵᠦ ᠪᠡᠯᠡᠭᠯᠡᠷᠦᠨ᠄
ᠠᠷᠪᠠᠨ ᠬᠣᠶᠠᠳᠤᠭᠠᠷ ᠳᠡᠭᠡᠳᠦ ᠪᠤᠲᠠᠨᠴᠢᠷ ᠪᠣᠭᠳᠠ ᠶ᠋ᠢ ᠣᠳᠣᠨ ᠰᠠᠷᠠᠨ ᠤ᠋ ᠭᠡᠷᠡᠯ ᠡᠴᠡ ᠣᠯᠪᠠ ᠬᠡᠮᠡᠯᠦᠭᠡ
ᠠᠬᠤ ᠦᠶᠡᠰ ᠦ᠋ᠨ ᠲᠡᠭᠷᠢᠯᠢᠭ ᠪᠣᠭᠳᠠ ᠴᠢᠮᠠᠶ᠋ᠢ ᠪᠠᠳᠠᠷᠠᠩᠭᠤᠢ ᠴᠠᠭᠠᠨ ᠰᠦᠯᠳᠡ ᠡᠴᠡ ᠬᠦᠷᠲᠡᠵᠦᠬᠦᠢ᠃
ᠠᠷᠢᠭᠤᠨ ᠴᠡᠭᠡᠷ ᠠᠷᠤ ᠡᠯᠡᠰᠦᠨ ᠳ᠋ᠦ᠍ᠷ ᠲᠡᠭᠷᠢ ᠶ᠋ᠢᠨ ᠰᠦᠯᠳᠡ ᠳᠠᠬᠢᠨ ᠳᠠᠪᠲᠠᠨ ᠢᠯᠡᠷᠡᠬᠦ ᠪᠡᠷ ᠦᠵᠡᠭᠦᠯᠦᠨ
ᠠᠳᠠᠪᠠᠰᠢ ᠮᠠᠭᠠᠳ ᠠᠯᠳᠠᠷ ᠰᠣᠶᠣᠯ ᠴᠢᠨᠦ ᠳᠥᠷᠪᠡᠨ ᠳᠠᠯᠠᠢ ᠳ᠋ᠤᠷ ᠳᠠᠭᠤᠷᠢᠰᠤᠨ ᠳᠦᠭᠦᠷᠦᠮᠦᠢ ᠢ᠎ᠡ᠃
ᠠᠯᠲᠠᠨ ᠣᠭᠣᠰᠣᠷᠲᠤ ᠤᠯᠤᠰ ᠤ᠋ᠨ ᠡᠬᠡ ᠬᠣᠣᠰ ᠲᠡᠭᠦᠰ ᠦ᠋ᠨ ᠷᠠᠰᠢᠶᠠᠨ ᠤ᠋ ᠬᠠᠷᠢᠭᠤ ᠬᠡᠰᠢᠭ ᠲᠣᠷ
ᠠᠯᠢᠪᠠ ᠪᠦᠬᠦᠨ ᠢ᠋ᠶ᠋ᠡᠷ ᠠᠮᠤᠭᠤᠯᠠᠩ ᠠ᠋ ᠳᠡᠯᠭᠡᠷᠡᠬᠦ ᠲᠡᠭᠦᠰ ᠳᠦᠭᠦᠷᠡᠩ ᠰᠠᠷᠬᠤᠳ ᠤ᠋ᠨ ᠳᠡᠭᠡᠵᠢ ᠪᠡᠨ ᠪᠠᠷᠢᠮᠤᠢ᠃
ᠠᠮᠢᠲᠠᠨ ᠪᠦᠬᠦᠨ ᠦ᠌ ᠠᠷᠰᠯᠠᠨ ᠪᠣᠯᠤᠭᠰᠠᠨ ᠬᠥᠮᠦᠨ ᠦ᠌ ᠬᠠᠭᠠᠨ ᠬᠤᠸᠠᠩᠳᠢ ᠠᠪᠴᠤ ᠪᠠᠬᠠᠨ ᠠᠮᠰᠠᠭᠠᠷᠠᠢ
ᠠᠯᠲᠠᠲᠤ ᠳᠡᠯᠡᠬᠡᠢ ᠳ᠋ᠦ᠍ᠷ ᠮᠢᠩᠭᠠᠨ ᠦᠶ᠎ᠡ ᠶ᠋ᠢᠨ ᠠᠰᠢᠳᠠ ᠶ᠋ᠢᠨ ᠦᠨᠳᠦᠰᠦᠨ ᠪᠠᠲᠤᠳᠠ ᠣᠷᠣᠰᠢᠨ ᠳᠡᠯᠭᠡᠷᠡᠲᠦᠭᠡᠢ᠃
ᠬᠡᠮᠡᠭᠡᠳ᠂ ᠬᠠᠮᠤᠭ ᠪᠦᠭᠦᠳᠡᠭᠡᠷ ᠳᠥᠷᠪᠡᠳᠦᠭᠡᠷ ᠵᠡᠷᠭᠡ ᠰᠥᠭᠥᠳᠴᠦ ᠮᠥᠷᠭᠥᠭᠰᠡᠨ᠎ᠡ᠂ ᠬᠠᠮᠠᠭᠠᠯᠠᠭᠴᠢ ᠪᠣᠭᠳᠠ ᠬᠠᠷᠢᠨᠴᠤ ᠮᠠᠰᠢ ᠪᠡᠶᠡᠰᠴᠦ ᠬᠠᠮᠤᠭ ᠢ᠋ ᠬᠠᠷᠠᠵᠤ ᠵᠠᠷᠯᠢᠭ ᠪᠣᠯᠤᠷᠤᠨ᠄
ᠬᠠᠨ ᠬᠤᠷᠮᠤᠰᠲᠠ ᠶ᠋ᠢᠨ ᠬᠠᠢᠷ᠎ᠠ ᠬᠠᠷᠠᠭᠠᠯᠵᠠᠯᠭ᠎ᠠ ᠬᠡᠮᠡᠭᠴᠢ ᠬᠠᠮᠤᠭ ᠤᠯᠤᠰ ᠪᠦᠭᠦᠳᠡᠭᠡᠷ ᠦ᠋ᠨ ᠪᠤᠶᠠᠨ
ᠬᠠᠲᠤᠨ ᠬᠤᠸᠠᠩᠬᠡᠦ ᠦᠷᠡᠵᠢᠯ ᠳᠡᠯᠭᠡᠷᠡᠯ ᠬᠡᠮᠡᠭᠴᠢ ᠬᠠᠭᠠᠨ ᠲᠥᠷᠥ ᠶ᠋ᠢᠨ ᠴᠣᠬᠣᠮ ᠮᠢᠨᠦ ᠵᠠᠯᠭᠠᠮᠵᠢ᠃
ᠬᠡᠮᠡᠭᠡᠳ ᠰᠠᠷᠬᠤᠳ ᠢ᠋ᠶ᠋ᠠᠨ ᠡᠷᠭᠦᠵᠦ ᠬᠠᠲᠤᠨ ᠤ᠋ ᠵᠦᠭ ᠨᠠᠢᠷ ᠲᠠᠯᠪᠢᠬᠤᠢ ᠳ᠋ᠤᠷ ᠬᠠᠲᠤᠨ ᠵᠠᠷᠯᠢᠭ ᠪᠣᠯᠤᠷᠤᠨ᠄
ᠬᠠᠭᠠᠨ ᠪᠣᠭᠳᠠ ᠶ᠋ᠢᠨ ᠬᠠᠢᠷ᠎ᠠ ᠠᠰᠠᠷᠠᠯ ᠳ᠋ᠤᠷ ᠰᠢᠲᠦᠭᠳᠡᠵᠦ ᠰᠠᠶᠢ ᠬᠠᠲᠤᠨ ᠪᠦᠷᠲᠡᠭᠡᠯᠵᠢᠨ ᠦᠷᠡᠵᠢᠨ ᠬᠥᠮᠦᠵᠢᠪᠡ
ᠬᠠᠰ ᠬᠠᠳᠠ ᠮᠡᠲᠦ ᠬᠠᠭᠠᠨ ᠲᠥᠷᠥ ᠢᠨᠣ ᠬᠠᠩᠭᠠᠢ ᠠᠯᠲᠠᠢ ᠠᠭᠤᠯᠠ ᠠᠳᠠᠯᠢ ᠪᠠᠲᠤᠳᠠᠲᠤᠭᠠᠢ᠃
ᠬᠡᠮᠡᠭᠡᠳ ᠬᠠᠭᠠᠨ ᠬᠠᠲᠤᠨ ᠬᠣᠶᠠᠭᠤᠯᠠ ᠡᠰᠡᠷᠭᠦᠯᠦᠨ ᠬᠠᠮᠲᠤ ᠴᠤᠠᠭᠠᠷ ᠳᠦᠭᠦᠷᠡᠩ ᠬᠣᠣᠰ ᠬᠤᠨᠳᠠᠭ᠎ᠠ ᠶ᠋ᠢ ᠠᠮᠰᠠᠭᠠᠳ᠂ ᠬᠠᠭᠠᠨ ᠵᠠᠷᠯᠢᠭ ᠪᠣᠯᠤᠷᠤᠨ᠄
ᠬᠠᠲᠤᠨ ᠬᠤᠸᠠᠩᠬᠡᠦ ᠶ᠋ᠢᠨ ᠬᠠᠯᠠᠰᠢᠷᠠᠨ ᠵᠦᠳᠡᠵᠦ ᠬᠠᠢᠷᠠᠯᠠᠨ ᠬᠥᠩᠭᠡᠵᠢᠭᠰᠡᠨ ᠳᠥᠷᠪᠡᠨ ᠬᠥᠪᠡᠭᠦᠨ ᠢ᠋ ᠴᠢᠨᠦ
ᠬᠠᠷᠢ ᠤᠯᠤᠰ ᠤ᠋ᠨ ᠳᠥᠷᠪᠡᠨ ᠲᠢᠪ ᠲᠣᠷ ᠳᠥᠷᠪᠡᠨ ᠶᠡᠬᠡ ᠬᠠᠭᠠᠨ ᠰᠠᠭᠤᠯᠭᠠᠵᠤ ᠠᠴᠢ ᠳ᠋ᠤᠷ ᠴᠢᠨᠦ ᠬᠠᠷᠢᠭᠤᠯᠰᠤᠭᠠᠢ᠃
ᠬᠡᠮᠡᠭᠰᠡᠨ ᠳ᠋ᠦ᠍ᠷ ᠬᠠᠰ ᠰᠠᠨᠳᠠᠯᠢᠲᠤ ᠬᠠᠲᠤᠨ ᠢ᠋ᠶ᠋ᠠᠷ ᠬᠠᠨᠵᠤ ᠠ᠋ᠴᠠ ᠪᠠᠭᠤᠵᠤ᠂ ᠬᠠᠮᠤᠭ ᠲᠥᠷᠥ ᠶ᠋ᠢᠨ ᠬᠣᠲᠠᠯᠠᠭᠠᠷ ᠤ᠋ᠨ ᠬᠠᠲᠤᠳ ᠭᠦᠩᠵᠦ ᠬᠥᠪᠡᠭᠦᠳ ᠪᠡᠷᠢᠶᠡᠳ ᠵᠠᠭᠤᠨ ᠨᠣᠶᠠᠳ ᠢ᠋ ᠠᠪᠤᠨ ᠰᠥᠭᠥᠳᠴᠦ ᠠᠢᠯᠠᠳᠬᠠᠷᠤᠨ᠄
ᠦᠨᠡᠨ ᠦᠭᠡᠰ ᠪᠦᠲᠦᠭᠰᠡᠨ ᠥᠨᠳᠥᠷ ᠲᠡᠭᠷᠢ ᠶ᠋ᠢᠨ ᠲᠠᠭᠠᠯᠠᠯᠲᠤ ᠥᠷᠥᠰᠢᠶᠡᠭᠴᠢ ᠬᠠᠭᠠᠨ ᠲᠡᠭᠷᠢᠯᠢᠭ
ᠥᠴᠢᠭᠰᠡᠨ ᠵᠠᠷᠯᠢᠭ ᠤ᠋ᠨ ᠶᠣᠰᠣᠭᠠᠷ ᠦᠯᠡᠮᠵᠢ ᠳ᠋ᠠᠬᠢᠨ ᠢ᠋ ᠡᠵᠡᠯᠡᠵᠦ ᠦᠷ᠎ᠡ ᠠᠴᠢ ᠳᠡᠯᠭᠡᠷᠡᠲᠦᠭᠡᠢ᠃
ᠭᠡᠮᠡᠨ ᠢᠷᠦᠭᠡᠭᠰᠡᠨ ᠬᠡᠰᠢᠭ ᠲᠣᠷ ᠮᠥᠷᠭᠥᠵᠦ᠂ ᠵᠠᠭᠤᠨ ᠨᠣᠶᠠᠳ᠂ ᠮᠢᠩᠭᠠᠨ ᠲᠦᠰᠢᠮᠡᠳ ᠨᠢᠭᠡᠨ ᠳᠠᠭᠤᠨ ᠨᠢᠭᠡᠨ ᠠᠶᠠᠯᠭᠤ ᠪᠠᠷ ᠲᠥᠷᠥ ᠲᠦᠷᠴᠢᠭᠢᠨᠡᠲᠡᠯ᠎ᠡ 《ᠲᠦᠮᠡᠨ ᠨᠠᠰᠤᠲᠤ᠂ ᠲᠦᠮᠡᠨ ᠲᠦᠮᠡᠨ ᠨᠠᠰᠤᠲᠤ》 ᠭᠡᠮᠡᠨ ᠳᠠᠭᠤᠳᠠᠯᠴᠠᠨ ᠮᠥᠷᠭᠥᠵᠦ᠂ ᠬᠠᠭᠠᠨ ᠬᠠᠲᠤᠨ ᠤ᠋ ᠬᠣᠣᠰ ᠰᠠᠨᠳᠠᠯᠢ ᠶ᠋ᠢᠨ ᠶᠡᠬᠡ ᠬᠡᠰᠢᠭ ᠬᠤᠷᠢᠮ ᠳ᠋ᠤᠷ ᠬᠣᠶᠠᠷ ᠠᠩᠭᠢᠯᠠᠨ ᠰᠠᠭᠤᠯᠴᠠᠵᠤ᠂ ᠬᠤᠸᠠᠩᠳᠢ ᠬᠤᠸᠠᠩᠬᠡᠦ ᠶ᠋ᠢᠨ ᠬᠦᠨᠳᠦ ᠬᠤᠷᠢᠮ ᠳ᠋ᠤᠷ ᠬᠦᠷᠲᠡᠨ ᠬᠤᠷᠢᠮᠯᠠᠨ᠂ ᠬᠣᠣᠰ ᠬᠣᠣᠰ ᠢ᠋ᠶ᠋ᠠᠷ ᠬᠣᠯᠪᠣᠨ ᠰᠢᠯᠦᠭᠯᠡᠭᠰᠡᠨ᠂ ᠬᠣᠶᠠᠷ ᠬᠣᠶᠠᠷ ᠢ᠋ᠶ᠋ᠠᠷ ᠬᠣᠣᠰᠯᠠᠨ ᠪᠡᠯᠡᠭᠯᠡᠭᠰᠡᠨ ᠦ᠌《ᠶᠢᠰᠦᠨ ᠥᠷᠯᠥᠭ ᠦ᠋ᠨ ᠰᠤᠳᠤᠷ》 ᠭᠡᠮᠡᠨ ᠠᠩᠭᠢ ᠳ᠋ᠠᠭᠠᠨ ᠨᠢᠭᠡᠨ ᠪᠣᠳᠢ ᠰᠤᠳᠤᠷ ᠤ᠋ᠨ ᠰᠤᠯᠠ ᠤᠴᠢᠷ ᠤ᠋ᠨ ᠣᠢᠯᠠᠪᠤᠷᠢ ᠪᠣᠢ ᠶ᠋ᠢᠨ ᠲᠤᠯᠠ᠂ ᠡᠭᠦᠨ ᠳ᠋ᠦ᠍ᠷ ᠵᠠᠬ᠎ᠠ ᠳᠠᠷᠠᠭᠠᠯᠠᠨ ᠭᠠᠷᠭᠠᠪᠠᠰᠤ᠂ ᠮᠠᠰᠢ ᠠᠷᠪᠢᠨ ᠪᠣᠯᠤᠭᠠᠳ᠂ ᠤᠯᠤᠰ ᠲᠥᠷᠥ ᠶ᠋ᠢᠨ ᠶᠡᠬᠡ ᠵᠠᠰᠠᠭ ᠤ᠋ᠨ ᠦᠢᠯᠡ ᠶᠠᠪᠤᠳᠠᠯ ᠰᠠᠭᠠᠲᠠᠬᠤ ᠲᠤᠯᠠ᠂ ᠬᠣᠣᠰ ᠰᠠᠨᠳᠠᠯᠢ ᠶ᠋ᠢᠨ ᠲᠡᠭᠦᠰ ᠪᠦᠷᠢᠳᠦᠯᠳᠦ ᠬᠤᠷᠢᠮ ᠳ᠋ᠤᠷ ᠬᠤᠷᠠᠭᠰᠠᠨ ᠣᠯᠠᠨ ᠸᠠᠩ ᠬᠦᠩ ᠠᠮᠪᠠᠰ ᠰᠠᠢᠳ ᠤ᠋ᠳ ᠬᠣᠶᠠᠷ ᠶᠢᠰᠦᠨ ᠢ᠋ᠶ᠋ᠡᠷ ᠬᠣᠣᠰᠯᠠᠵᠤ ᠪᠡᠯᠡᠭᠯᠡᠯᠴᠡᠨ ᠠᠢᠯᠠᠳᠬᠠᠯᠴᠠᠨ᠂ ᠴᠤᠬᠤᠮᠬᠠᠨ ᠶᠡᠬᠡ ᠪᠠᠶᠠᠰᠬᠤᠯᠠᠩ ᠤ᠋ᠨ ᠶᠣᠰᠣᠭᠠᠷ ᠴᠣᠭᠣᠷ ᠱᠠᠪᠠᠩ᠂ ᠮᠠᠨᠳᠠᠯ ᠲᠠᠪᠴᠠᠩ ᠢ᠋ ᠲᠣᠭᠣᠷᠢᠨ ᠮᠠᠭᠰᠢᠵᠤ᠂ ᠲᠡᠭᠷᠢ ᠶ᠋ᠢᠨ ᠬᠥᠭᠵᠢᠮ ᠦ᠋ᠨ ᠲᠢᠭ ᠲᠥᠯᠥᠪ ᠢ᠋ᠶ᠋ᠡᠷ ᠲᠥᠭᠥᠷᠢᠭᠯᠡᠨ ᠡᠭᠦᠰᠬᠡᠵᠦ᠂ ᠬᠠᠭᠠᠨ ᠬᠠᠲᠤᠨ᠂ ᠬᠣᠶᠠᠷ ᠮᠥᠷ ᠦ᠋ᠨ ᠨᠠᠶᠠᠭᠠᠳ ᠨᠠᠶᠠᠭᠠᠳ ᠤ᠋ᠨ ᠨᠡᠢᠲᠡ ᠨᠢᠭᠡᠨ ᠵᠠᠭᠤᠨ ᠵᠢᠷᠠᠭᠠᠳ ᠰᠢᠷᠡᠭᠡ ᠶ᠋ᠢ ᠴᠥᠮ ᠳᠣᠷᠣᠭᠰᠢ ᠱᠠᠩᠨᠠᠨ ᠬᠦᠷᠲᠡᠭᠡᠵᠦ᠂ ᠸᠠᠩ ᠬᠦᠩ᠂ ᠶᠡᠬᠡᠰ ᠰᠠᠢᠳ ᠲᠡᠷᠢᠭᠦᠯᠡᠨ ᠲᠠᠢᠽᠢ᠂ ᠲᠠᠢᠹᠦ᠋᠂ ᠲᠠᠢᠰᠢ᠂ ᠲᠠᠢᠪᠤᠤ ᠪᠦᠭᠦᠳᠡᠭᠡᠷ ᠳᠡᠭᠡᠷ᠎ᠡ ᠮᠥᠷ ᠲᠣᠷ ᠴᠣᠮᠴᠣᠢᠨ ᠰᠠᠭᠤᠵᠤ᠂ ᠵᠠᠩᠵᠤᠨ ᠬᠣᠰᠢᠭᠤᠴᠢ᠂ ᠢᠳᠡᠷ ᠪᠠᠭᠠᠲᠤᠳ᠂ ᠰᠡᠴᠡᠳ ᠰᠠᠢᠳ ᠭᠤᠷᠪᠠᠨ ᠳᠡᠰ ᠦ᠋ᠨ ᠲᠠᠢᠹᠦ᠋ ᠲᠦᠰᠢᠮᠡᠳ ᠳᠡᠳ᠋ᠯᠡᠵᠦ᠂ ᠳᠣᠲᠣᠷ᠎ᠠ ᠬᠠᠲᠤᠳ᠂ ᠭᠦᠩᠵᠦ᠂ ᠹᠸᠨ᠂ ᠹᠧᠢ᠂ ᠡᠬᠡᠨᠡᠷ ᠲᠦᠰᠢᠮᠡᠯ᠂ ᠬᠠᠭᠠᠨ ᠤ᠋ ᠤᠷᠤᠭ᠂ ᠤᠯᠤᠰ ᠤ᠋ᠨ ᠨᠠᠭᠠᠴᠤ ᠶ᠋ᠢᠨ ᠨᠤᠭᠤᠨ ᠨᠠᠺᠠ ᠨᠠᠷ ᠣᠷᠳᠣᠨ ᠤ᠋ ᠥᠬᠢᠳ ᠲᠦ᠍ᠷ ᠬᠦᠷᠲᠡᠯ᠎ᠡ ᠴᠤᠭᠯᠠᠯᠴᠠᠨ᠂ ᠭᠤᠷᠪᠠᠨ ᠲᠠᠭᠲᠤ ᠵᠢᠷᠭᠤᠭᠠᠨ ᠣᠷᠳᠣᠨ ᠤ᠋ ᠥᠷᠭᠥᠭᠡ ᠳᠦᠭᠦᠷᠡᠩ ᠬᠡᠰᠢᠭ ᠬᠤᠷᠢᠮ ᠳ᠋ᠤ᠌ ᠰᠠᠭᠤᠯᠴᠠᠨ᠂ ᠳᠣᠲᠣᠷ᠎ᠠ ᠭᠠᠳᠠᠨ᠎ᠠ ᠨᠠᠢ᠍ᠮᠠᠨ ᠤ᠋ ᠲᠠᠪᠤᠨ ᠵᠠᠭᠤᠨ ᠢᠯᠡᠭᠦᠦ ᠬᠥᠮᠦᠨ ᠦ᠌ ᠲᠡᠭᠷᠢ ᠶ᠋ᠢᠨ ᠬᠥᠭᠵᠢᠮ ᠢ᠋ᠶ᠋ᠡᠷ ᠬᠦᠷᠢᠶᠡᠯᠡᠨ᠂ ᠬᠥᠭ ᠳᠠᠭᠤᠨ ᠡᠭᠦᠰᠭᠡᠯᠭᠡᠵᠦ᠂ ᠭᠠᠳᠠᠭᠠᠳᠤ ᠲᠥᠷᠥ ᠳ᠋ᠦ᠍ᠷ ᠺᠠᠨᠳᠠᠷᠢᠰᠤᠨ ᠬᠦᠮᠪᠢᠷᠡ ᠶ᠋ᠢᠨ ᠵᠠᠭᠤᠨ ᠬᠤᠪᠢᠯᠭᠠᠳ ᠤ᠋ᠨ ᠲᠡᠭᠷᠢ ᠶ᠋ᠢᠨ ᠬᠥᠪᠡᠭᠦᠨ ᠦ᠌ ᠶᠡᠬᠡ ᠬᠤᠷᠢᠮ᠂ ᠳᠣᠲᠣᠭᠠᠳᠤ ᠣᠷᠳᠣᠨ ᠳ᠋ᠤᠷ ᠰᠤᠲᠠᠷᠢᠰᠤᠨ ᠪᠠᠯᠭᠠᠰᠤᠨ ᠤ᠋ ᠣᠯᠠᠨ ᠷᠠᠭᠢᠨᠢᠰ ᠤ᠋ᠨ ᠳᠡᠯᠡᠬᠡᠢ ᠶ᠋ᠢᠨ ᠡᠬᠡ ᠲᠡᠭᠦᠰ ᠪᠠᠶᠠᠰᠬᠤᠯᠠᠩ ᠤ᠋ᠨ ᠳᠠᠯᠠᠢ ᠶ᠋ᠢᠨ ᠳᠠᠪᠠᠯᠭᠠᠨ᠂ ᠣᠳᠣᠨ ᠤ᠋ ᠵᠢᠷᠭᠡᠯᠭᠡᠨ ᠮᠡᠲᠦ᠂ ᠬᠥᠷ ᠬᠥᠭᠵᠢᠮ ᠨᠠᠢᠷ ᠬᠤᠷᠢᠮ ᠢ᠋ ᠬᠤᠪᠢᠯᠭᠠᠨ ᠪᠢᠷ ᠢ᠋ᠶ᠋ᠡᠷ ᠪᠢᠴᠢᠪᠡᠴᠦ ᠪᠦᠷᠢᠳᠬᠡᠨ ᠭᠠᠷᠭᠠᠵᠤ ᠦᠯᠦ ᠴᠢᠳᠠᠮᠤᠢ᠃ ᠭᠠᠭᠴᠠ ᠤᠬᠠᠭᠠᠨ ᠢ᠋ᠶ᠋ᠠᠷ ᠤᠬᠠᠭᠳᠠᠬᠤᠢ᠄
ᠬᠠᠮᠤᠭ ᠤᠯᠤᠰ ᠲᠤᠷ ᠴᠥᠮ ᠢ᠋ᠶ᠋ᠡᠷ ᠲᠡᠷᠢᠭᠦᠯᠡᠭᠰᠡᠨ ᠬᠠᠳ ᠤ᠋ᠳ ᠪᠣᠢ ᠪᠣᠯᠪᠠᠴᠤ
ᠬᠠᠭᠠᠨ ᠤᠳᠤᠮᠲᠤ ᠡᠨᠡ ᠬᠦ᠌ ᠶᠤᠸᠠᠨ ᠲᠠᠢᠽᠦ ᠳ᠋ᠦ᠍ᠷ ᠬᠦᠷᠦᠭᠰᠡᠳ ᠮᠠᠰᠢᠳᠠ ᠴᠥᠭᠡᠨ᠃
ᠬᠠᠭᠠᠨ ᠢ᠋ᠶ᠋ᠠᠨ ᠠᠯᠠᠭᠠᠳ ᠬᠠᠭᠠᠨ ᠢ᠋ ᠠᠨᠤ ᠪᠤᠯᠢᠶᠠᠭᠰᠠᠨ ᠵᠠᠭᠤᠨ ᠣᠪᠣᠭᠲᠤ ᠬᠢᠲᠠᠳ ᠬᠠᠳ ᠤ᠋ᠳ
ᠬᠠᠢᠷᠠᠬᠠᠨ ᠠᠯᠢᠨ ᠠᠨᠤ ᠠᠯᠠᠭᠰᠠᠨ ᠬᠠᠭᠠᠨ ᠤ᠋ ᠪᠠᠨ ᠲᠦᠰᠢᠮᠡᠯ ᠢᠷᠭᠡᠨ ᠪᠤᠰᠤ ᠠᠵᠠᠢ ?
ᠰᠤᠤᠲᠤ ᠪᠣᠭᠳᠠ ᠴᠢᠩᠭᠢᠰ ᠬᠠᠭᠠᠨ ᠰᠥᠷᠭᠡᠦ ᠲᠣᠭᠰᠢᠨ ᠢ᠋ ᠨᠣᠮᠣᠬᠠᠳᠬᠠᠨ ᠴᠢᠳᠠᠭᠴᠢ ᠶ᠋ᠢᠨ ᠰᠦᠰᠦᠭ ᠪᠢᠰᠢᠷᠡᠯᠲᠦ ᠰᠤᠳᠤᠷᠴᠢ ᠲᠦᠰᠢᠮᠡᠯ ᠰᠦᠯᠳᠡᠲᠦ ᠵᠠᠷᠯᠢᠭ ᠢ᠋ ᠤᠯᠠᠮᠵᠢᠯᠠᠨ ᠦᠨᠡᠬᠡᠷ ᠲᠥ᠋ᠰᠦᠭᠯᠡᠪᠡ᠃ ᠰᠥᠭᠥᠳᠴᠦ ᠰᠣᠨᠣᠰᠤᠭᠰᠠᠭᠠᠷ ᠰᠣᠴᠢᠨ ᠪᠠᠶᠠᠷᠯᠠᠭᠰᠠᠨ ᠰᠦᠩᠸᠠᠢᠳᠠᠨᠵᠦᠩ ᠪᠢᠪᠠᠷ ᠰᠦᠷ ᠭᠡᠷᠡᠯᠲᠦ ᠳᠡᠭᠦᠦ ᠢᠨᠵᠠᠨᠨᠠᠰᠢ ᠶ᠋ᠢᠨ ᠦᠭᠡ ᠮᠡᠲᠦ ᠪᠢᠷ ᠦ᠋ᠨ ᠬᠦᠴᠦᠨ ᠢ᠋ ᠪᠠᠬᠠᠷᠬᠠᠯᠲᠠᠢ᠃
