ᠡᠪᠦᠭᠡ ᠪᠣᠯᠬᠤ ᠶᠢᠨ ᠬᠢᠵᠠᠭᠠᠯᠠᠰᠢ ᠦᠭᠡᠢ ᠠᠮᠲᠠ – ᠶᠣᠨᠳᠣᠨ ᠤ ᠪᠢᠯᠢᠭ᠌ - ᠪᠠᠭᠠᠲᠤᠷ Өвөө болохын хязгаалшгүй амт - Ёндоны Билиг - Баатар
ᠡᠪᠦᠭᠡ ᠪᠣᠯᠬᠤ ᠶᠢᠨ ᠬᠢᠵᠠᠭᠠᠯᠠᠰᠢ ᠦᠭᠡᠢ ᠠᠮᠲᠠ
ᠶᠢᠷᠲᠢᠨᠴᠦ ᠶ᠋ᠢᠨ ᠮᠥᠩᠬᠡ ᠬᠠᠤᠯᠢ ᠳ᠋ᠤ᠌ ᠦᠷ᠎ᠡ ᠤᠳᠤᠮ ᠭᠠᠭᠴᠠ ᠶᠣᠰᠣ ᠠ᠋
ᠶᠡᠷᠦᠨᠢ ᠯᠡ ᠠᠮᠢᠲᠠᠨ ᠤᠷᠭᠤᠮᠠᠯ ᠲᠦᠮᠡᠨ ᠪᠣᠳᠠᠰ ᠪᠦᠭᠦᠳᠡ ᠠᠳᠠᠯᠢ ᠠ᠋
ᠠᠯᠪᠠᠨ ᠤ᠋ ᠬᠡᠮᠡᠳᠡᠭ ᠶᠠᠮᠠᠷᠴᠤ ᠬᠡᠷᠡᠭ ᠦᠭᠡᠢ ᠬᠠᠲᠠᠭᠤ ᠳᠢᠭᠯᠢᠮ ᠵᠦᠢ
ᠠᠮᠢᠳᠤᠷᠠᠯ ᠤ᠋ᠨ ᠡᠭᠡᠯ ᠵᠢᠷᠤᠮ ᠳ᠋ᠤ᠌ ᠶᠡᠷᠦ ᠡᠴᠡ ᠨᠡᠢᠴᠡᠬᠦ ᠦᠭᠡᠢ ᠠ᠋
ᠪᠥᠵᠥᠩ ᠦ᠋ᠨ ᠢ᠋ᠶ᠋ᠡᠨ ᠲᠥᠯᠥᠭᠡ ᠴᠢᠨᠳᠠᠭᠠᠨ ᠴᠠᠭᠠᠨ ᠲᠠᠤᠯᠠᠢ ᠬᠦᠷᠲᠡᠯ᠎ᠡ
ᠪᠥᠮᠪᠥᠷᠴᠡᠭ ᠦ᠋ᠨ ᠨᠠᠷᠠ ᠶ᠋ᠢ ᠵᠠᠯᠭᠢᠳᠠᠭ ᠨᠠᠢᠷᠠᠮᠳᠠᠭᠤ ᠬᠦᠴᠦᠨ ᠲᠡᠢ ᠪᠤᠶᠤ
ᠪᠦᠭᠦᠳᠡ ᠠᠮᠢᠲᠠᠨ ᠤᠷᠭᠤᠮᠠᠯ ᠪᠣᠳᠠᠰ ᠤ᠋ᠨ ᠬᠠᠮᠤᠭ ᠣᠶᠤᠨᠲᠤ ᠬᠥᠮᠦᠰ
ᠪᠥᠮᠪᠥᠷᠴᠡᠭ ᠦ᠋ᠨ ᠡᠵᠡᠨ ᠬᠡᠮᠡᠭᠳᠡᠭᠰᠡᠨ ᠤᠴᠢᠷ ᠳᠠᠢᠴᠢᠨ ᠪᠠᠢᠯᠭᠦᠢ ᠳᠡ
ᠲᠡᠷᠡ ᠳᠣᠳᠣᠮ ᠢ᠋ᠶ᠋ᠠᠨ ᠨᠡᠢᠲᠡ ᠬᠥᠮᠦᠨ ᠲᠥᠷᠥᠯᠬᠢᠲᠡᠨ ᠦ᠌ ᠬᠠᠭᠠᠳ
ᠲᠡᠭᠷᠢᠯᠢᠭ ᠢᠵᠠᠭᠤᠷᠲᠤ ᠢᠰᠡᠭᠡᠢ ᠲᠤᠭᠤᠷᠭᠠᠲᠠᠳ ᠤ᠋ᠨ ᠭᠠᠯ ᠦᠷᠡᠳᠦᠰ
ᠵᠥᠪᠬᠡᠨ ᠯᠡ ᠭᠠᠵᠠᠷ ᠨᠤᠲᠤᠭ ᠤ᠋ᠨ ᠲᠥᠯᠥᠭᠡᠨ᠎ᠡ ᠳᠠᠢᠳᠤᠭᠰᠠᠨ ᠪᠢᠰᠢ
ᠵᠦᠢ ᠲᠠᠪᠢᠯᠠᠩ ᠳᠤ ᠯᠠ ᠦᠬᠦᠨ ᠢᠲᠡᠭᠡᠨ ᠪᠠᠷᠢᠭᠳᠠᠭᠰᠠᠨ ᠴᠤ᠌ ᠪᠢᠰᠢ
ᠵᠦᠩ ᠢ᠋ᠶ᠋ᠡᠷ ᠢ᠋ᠶ᠋ᠡᠨ ᠯᠡ ᠵᠥᠪ ᠵᠦᠭ ᠢ᠋ᠶ᠋ᠡᠨ ᠣᠯᠬᠤ ᠪᠠᠢᠬ᠎ᠠ ᠠ᠋ ᠭᠡᠵᠦ
ᠵᠦᠭ ᠪᠦᠬᠦᠨ ᠥᠭᠡᠳᠡ ᠰᠠᠨᠰᠠᠷ ᠤ᠋ᠨ ᠲᠥᠯᠥᠭᠡᠨ᠎ᠡ ᠵᠢᠳᠬᠦᠭᠰᠡᠨ ᠳᠧ ᠠ᠋
ᠰᠢᠳᠤᠷᠭᠤ ᠪᠠᠭᠠᠲᠤᠷ ᠵᠢᠳᠬᠦᠭᠰᠡᠳ ᠦ᠋ᠨ ᠳᠤᠮᠳᠠ ᠡᠪᠦᠭᠡ ᠮᠢᠨᠢ ᠪᠣᠢ ᠳᠠ
ᠰᠢᠯᠤᠭᠤᠬᠠᠨ ᠬᠡᠯᠡᠬᠦ ᠳ᠋ᠦ᠍ ᠥᠴᠦᠬᠡᠨ ᠣᠯᠳᠣᠢ ᠪᠢ ᠯᠠᠪᠲᠠᠢ ᠪᠠᠢᠨ᠎ᠠ ᠠ᠋
ᠬᠤᠯᠤᠨᠴᠠ ᠡᠪᠦᠭᠡ ᠮᠢᠨᠢ ᠭᠠᠯᠠᠨᠳᠢᠷᠠ ᠬᠡᠮᠡᠬᠦ ᠴᠤᠤᠲᠠᠨ ᠪᠠᠢᠭᠰᠠᠨ ᠠ᠋
ᠬᠠᠷᠢᠨ ᠡᠪᠦᠭᠡ ᠮᠢᠨᠢ ᠬᠣᠨᠢᠴᠢᠨ ᠤ᠋ ᠳᠣᠯᠣᠭ᠎ᠠ ᠶ᠋ᠢᠨ ᠲᠣᠮᠣ ᠲᠡᠷᠢᠭᠦᠨ ᠠ᠋
ᠬᠠᠭᠤᠴᠢᠨ ᠤ᠋ ᠬᠡᠯᠡᠯᠭᠡ ᠪᠡᠷ ᠰᠢᠭᠤᠳ ᠦᠨᠡᠨ ᠢ᠋ᠶ᠋ᠡᠷ ᠨᠢ ᠶᠠᠷᠢᠪᠠᠯ ᠠ᠋
ᠬᠤᠳᠠᠯ ᠬᠣᠭᠣᠰᠣᠨ ᠢ᠋ ᠲᠡᠭᠰᠢᠯᠡᠬᠦ ᠰᠢᠯᠢ ᠶ᠋ᠢᠨ ᠰᠠᠢᠨ ᠡᠷ᠎ᠡ ᠪᠠᠢᠪᠠᠢ⁈
ᠲᠥᠷᠥᠭᠰᠡᠨ ᠡᠴᠡ ᠮᠢᠨᠢ ᠬᠣᠢᠰᠢᠬᠢ ᠣᠨ ᠵᠢᠯ ᠦ᠋ᠨ ᠤᠷᠤᠰᠬᠠᠯ ᠭᠡᠵᠦ
ᠲᠥᠷᠥᠭᠦᠯᠦᠭᠰᠡᠨ ᠡᠮᠧ ᠶ᠋ᠢᠨ ᠮᠢᠨᠢ ᠨᠠᠰᠤ ᠠ᠋ᠴᠠ ᠴᠤ᠌ ᠳᠠᠩᠴᠤ ᠣᠬᠣᠷ ᠠ᠋
ᠲᠡᠭᠡᠬᠦ ᠲᠤᠲᠤᠮ ᠢ᠋ᠶ᠋ᠡᠨ ᠬᠠᠯᠠᠭᠤᠨ ᠴᠠᠭ᠎ᠠ ᠰᠢᠭ᠋ ᠬᠠᠯᠠᠬᠤ ᠭᠦᠷᠦᠬᠦ ᠲᠦᠷᠭᠡᠨ
ᠲᠡᠭᠷᠢ ᠶ᠋ᠢᠨ ᠮᠡᠯᠮᠡᠢ ᠲᠡᠷᠡ ᠬᠠᠮᠤᠭ ᠢ᠋ ᠲᠤᠢᠯᠪᠤᠷᠢᠲᠠᠢ ᠲᠣᠯᠢᠳᠠᠪᠠᠢ ᠪᠢᠰᠢᠦ
᠁ ᠮᠢᠨᠦ ᠭᠤᠴᠢᠨ ᠭᠤᠷᠪᠠᠳᠤᠭᠠᠷ ᠦᠶ᠎ᠡ ᠶ᠋ᠢᠨ ᠯᠤᠤᠲᠤ ᠳᠡᠭᠡᠳᠦᠰ –
ᠲᠤᠯᠤᠢ ᠶᠡᠬᠡ ᠨᠣᠶᠠᠨ – ᠲᠣᠭᠣᠨᠲᠡᠮᠦᠷ ᠬᠦᠷᠲᠡᠯ᠎ᠡ ᠭᠠᠯᠪᠠ ᠶᠡᠭᠦᠯᠡᠪᠡᠢ
ᠮᠠᠷᠺᠰ ᠨᠥᠬᠥᠷ ᠴᠤ᠌ ᠡᠪ ᠬᠠᠮᠲᠤ ᠶ᠋ᠢᠨ ᠡᠮᠦᠨ᠎ᠡ ᠡᠴᠡ ᠭᠡᠷᠡᠴᠢᠯᠡᠪᠡᠢ!
ᠳᠣᠲᠣᠷ᠎ᠠ ᠪᠠᠨ ᠯᠠᠪᠲᠠᠢ ᠲᠣᠭ᠎ᠠ ᠪᠠᠢᠯᠭᠦᠢ ᠳᠡ᠂ ᠮᠣᠩᠭᠣᠯᠨᠢᠰᠮ ᠮᠢᠨᠢ ᠠ᠋
ᠪᠢ ᠵᠦᠭᠡᠷ ᠯᠡ ᠡᠭᠡᠯ ᠵᠢᠷᠤᠮ ᠤ᠋ᠨ ᠴᠡᠯ ᠪᠤᠭᠤᠷᠤᠯ ᠡᠪᠦᠭᠡ ᠬᠥᠮᠦᠨ
ᠪᠢᠯᠢᠭ ᠰᠠᠴᠤᠷᠠᠩᠭᠤᠢ ᠠᠭᠠᠳ ᠪᠡᠶ᠎ᠡ ᠪᠡᠨ ᠲᠠᠨᠢᠭᠠᠳᠤᠢ ᠵᠢᠷ ᠦ᠋ᠨ ᠡᠷ᠎ᠡ ᠠ᠋
᠁ ᠡᠭᠡᠭᠡ ᠯᠡ ᠨᠢᠯᠬ᠎ᠠ ᠤᠨᠠᠭ᠎ᠠ ᠶ᠋ᠢᠨ ᠰᠢᠭ᠋ ᠨᠣᠢᠲᠠᠨ ᠪᠠᠢᠳᠠᠭ
ᠡᠩᠬᠦᠷᠡᠢ ᠠᠴᠢ ᠣᠮᠪᠣᠯ ᠵᠦᠪᠷᠢᠳᠢ ᠶ᠋ᠢᠨ ᠢ᠋ᠶ᠋ᠡᠨ ᠨᠢᠳᠦᠨ ᠳ᠋ᠦ᠍ ᠬᠠᠢᠷᠠᠲᠠᠢ!
ᠠᠯᠲᠠᠨ ᠤᠷᠤᠭ ᠤ᠋ᠨ ᠭᠠᠯ ᠭᠣᠯᠣᠮᠲᠠ ᠶ᠋ᠢᠨ ᠠᠮᠤᠭᠤᠯᠠᠩ ᠦᠷᠭᠦᠯᠵᠢᠯᠡᠯ
ᠠᠮᠢᠨ ᠬᠠᠢᠷᠠᠲᠠᠢ ᠣᠮᠪᠣᠯ ᠤ᠋ᠨ ᠮᠢᠨᠢ ᠮᠥᠷᠥ ᠯᠠᠪᠲᠠᠢ ᠳᠠᠭᠠᠭᠠᠴᠠᠲᠠᠢ ᠠ᠋
ᠴᠠᠢ ᠪᠤᠴᠠᠯᠭᠠᠭᠠᠳ ᠯᠠ ᠁ ᠴᠢᠷᠠᠢ ᠶᠠᠪ ᠶᠠᠭᠠᠭᠠᠷᠠᠭᠠᠳ ᠯᠠ
ᠶᠠᠷᠢᠬᠤ ᠶᠠᠷᠢᠬᠤ ᠦᠭᠡᠢ ᠦᠭᠡ ᠶ᠋ᠢ ᠵᠠᠯᠠᠭᠤᠰ ᠪᠦᠷ ᠬᠠᠷᠪᠤᠭᠠᠳ ᠯᠠ
ᠶᠠᠭ ᠬᠠᠯᠠᠭᠤᠨ ᠵᠣᠭᠣᠭ ᠳᠡᠭᠡᠷ᠎ᠡ ᠨᠢ ᠡᠷᠳᠡᠨᠢᠲᠦ ᠦᠭᠡᠰ ᠦ᠋ᠨ ᠰᠣᠯᠣᠩᠭ᠎ᠠ
ᠴᠠᠭᠠᠨ ᠴᠡᠩᠬᠡᠷ ᠣᠷᠴᠢᠯᠠᠩ ᠤ᠋ᠨ ᠣᠳᠣᠢ ᠨᠠᠷᠠᠨ ᠢ᠋ ᠴᠢᠩᠨᠠᠮᠤᠢ ᠪᠢᠰᠢᠦ ᠤᠤ
ᠡᠪᠦᠭᠡ ᠪᠠᠢᠭᠰᠠᠨ ᠡᠴᠢᠭᠡ ᠳᠡᠭᠡᠳᠦ ᠪᠡᠨ ᠳᠠᠭᠤᠷᠢᠶᠠᠨ ᠮᠥᠷᠳᠡᠭᠡᠳ
ᠡᠪᠦᠭᠡ ᠪᠠᠢᠵᠤ ᠴᠢᠳᠠᠬᠤ ᠶ᠋ᠢᠨ ᠡᠷᠳᠡᠮ ᠢ᠋ ᠰᠤᠷᠬᠤ ᠴᠢᠬᠤᠯᠠᠲᠠᠢ!
ᠠᠴᠢ ᠣᠮᠪᠣᠯ ᠤ᠋ᠨ ᠮᠢᠨᠢ ᠡᠯᠦᠨᠴᠡ ᠬᠤᠯᠤᠨᠴᠠ ᠡᠪᠦᠭᠡ ᠡᠮᠡᠭᠡ ᠨᠢ
ᠠᠷᠠᠳ ᠤ᠋ᠨ ᠢ᠋ᠶ᠋ᠠᠨ ᠴᠡᠴᠡᠨ ᠦᠭᠡ ᠪᠡᠷ ᠨᠠᠮ᠎ᠠ ᠶ᠋ᠢ ᠲᠠᠰᠢᠭᠤᠷᠳᠠᠪᠠᠢ᠃
2024᠂ 1᠂ 25᠃ ᠦᠦᠷ ᠢ᠋ᠶ᠋ᠡᠷ
ᠬᠥᠬᠡᠬᠣᠲᠠᠨ᠎ᠠ ᠪᠦᠲᠦᠭᠡᠪᠡᠢ᠃
