ᠦᠬᠡᠷ ᠮᠣᠩᠭᠣᠯ ᠤᠨ ᠠᠭᠤᠷ ᠬᠢᠯᠢᠩҮхэр Монголын уур хилэн Vher Mongoliin uur hilen ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠮᠣᠩᠭᠣᠯ ᠤᠨ ᠠᠭᠤᠷ ᠬᠢᠯᠢᠩҮхэр Монголын уур хилэн Vher Mongoliin uur hilen

ᠦᠬᠡᠷ ᠮᠣᠩᠭᠣᠯ ᠤᠨ ᠠᠭᠤᠷ ᠬᠢᠯᠢᠩҮхэр Монголын уур хилэн Vher Mongoliin uur hilen

2023-05-25

1237

ᠦᠬᠡᠷ ᠮᠣᠩᠭᠣᠯ ᠤᠨ ᠠᠭᠤᠷ ᠬᠢᠯᠢᠩ

ᠲᠣᠭ᠎ᠠ ᠨᠢ ᠴᠥᠬᠡᠨ ᠭᠡᠵᠦ ᠪᠠᠰᠤᠵᠤ ᠪᠣᠯᠬᠤ ᠦᠭᠡᠢ
ᠲᠣᠭᠣᠮᠵᠢᠷ ᠦᠭᠡᠢ ᠬᠠᠨᠳᠤᠵᠤ ᠪᠦᠷ  ᠴᠦ᠍ ᠵᠣᠬᠢᠬᠤ ᠦᠭᠡᠢ
ᠲᠣᠭᠣᠰᠣᠷᠠᠭᠤᠯᠤᠭᠠᠳ ᠨᠢᠭᠡ ᠬᠥᠳᠡᠯᠴᠢᠬᠡᠬᠦ ᠶᠤᠮ ᠪᠣᠯ
ᠲᠣᠯᠣᠭᠠᠢ ᠴᠢᠰᠤᠳᠠᠵᠤ ᠮᠡᠳᠡᠬᠦ ᠦᠬᠡᠷ ᠮᠣᠩᠭᠣᠯ᠃
ᠢᠯᠠᠭᠳᠠᠬᠤ ᠪᠠᠷ ᠢᠶᠠᠨ ᠴᠢᠩᠭᠠᠷᠠᠳᠠᠭ᠂ ᠮᠠᠭᠲᠠᠬᠤ ᠪᠠᠷ ᠰᠤᠯᠠᠷᠠᠳᠠᠭ
ᠶᠠᠰᠤ ᠮᠢᠬᠠᠨ ᠠᠴᠠ ᠪᠠᠨ ᠬᠡᠴᠡᠭᠦᠦ ᠮᠣᠩᠭᠣᠯ
ᠥᠷᠢᠰᠦᠨ ᠲᠡᠮᠡᠴᠡᠬᠦ ᠶᠢᠨ ᠴᠡᠪᠡᠭᠦᠨ ᠴᠠᠭ ᠲᠤ ᠶᠤᠮ ᠪᠣᠯ
ᠥᠯᠥᠭᠡᠢ ᠡᠴᠡ ᠪᠠᠨ ᠡᠮᠡᠭᠡᠯ ᠳᠡᠭᠡᠷ᠎ᠡ ᠳᠠᠷᠴᠠᠭᠯᠠᠳᠠᠭ ᠮᠣᠩᠭᠣᠯ᠃

ᠲᠡᠮᠦᠵᠢᠨ ᠢ ᠪᠠᠭ᠎ᠠ ᠳᠤᠨᠢ ᠱᠣᠭᠯᠠᠵᠤ ᠪᠠᠢᠭᠠᠳ
ᠲᠩᠷᠢ ᠭᠠᠵᠠᠷ ᠢᠶᠠᠨ ᠨᠤᠷᠠᠭᠠᠯᠭᠠᠴᠢᠬᠠᠬᠤ ᠪᠠᠨ ᠠᠯᠳᠠᠭᠰᠠᠨ
ᠨᠠᠢ᠍ᠮᠠᠨ ᠰᠢᠷᠭ᠎ᠠ ᠮᠣᠷᠢ ᠶᠢ ᠨᠢ ᠪᠤᠯᠢᠶᠠᠵᠤ ᠪᠠᠢᠭᠠᠳ
ᠨᠠᠪᠲᠠᠭᠠᠷ ᠲᠡᠷᠡ ᠵᠢᠭᠠᠯ ᠳᠤ ᠠᠯᠠᠭᠤᠯᠬᠤ ᠪᠠᠨ ᠰᠢᠬᠠᠭᠰᠠᠨ᠃
ᠲᠡᠪᠡᠷᠢᠵᠦ ᠡᠩᠬᠦᠷᠡᠢᠯᠡᠵᠦ ᠥᠰᠬᠡᠭᠰᠡᠨ ᠪᠣᠯ
ᠲᠡᠮᠦᠵᠢᠨ ᠴᠢᠩᠭᠢᠰ ᠪᠣᠯᠬᠤ ᠦᠭᠡᠢ ᠪᠠᠢᠭᠰᠠᠨ
ᠲᠡᠷᠰᠯᠡᠵᠦ ᠳᠠᠭᠠᠷᠢᠵᠤ ᠳᠣᠷᠣᠮᠵᠢᠯᠠᠭᠰᠠᠨ ᠤ ᠬᠦᠴᠦᠨ ᠳᠦ
ᠲᠡᠷᠡ ᠲᠢᠪ ᠳᠡᠯᠡᠬᠡᠢ ᠶᠢᠨ ᠬᠠᠭᠠᠨ ᠪᠣᠯᠣᠭᠰᠠᠨ᠃
ᠴᠠᠭᠠᠨᠲᠠᠨ ᠭᠠᠮᠢᠩ ᠤᠳ ᠴᠠᠳᠢᠭ ᠦᠭᠡᠢᠳᠡᠵᠦ ᠪᠠᠢᠭᠠᠳ

ᠰᠦᠬᠡᠪᠠᠭᠠᠲᠤᠷ ᠵᠠᠩᠵᠤᠨ ᠤ ᠴᠡᠷᠢᠭ ᠦᠳ ᠲᠦ ᠬᠢᠷᠭᠠᠭᠤᠯᠤᠭᠰᠠᠨ
ᠳᠠᠯᠠᠢ ᠶᠢᠨ ᠴᠢᠨᠠᠳᠤ ᠠᠴᠠ ᠲᠠᠪᠤᠨ ᠲᠦᠮᠡᠨ ᠶᠠᠫᠣᠨ ᠨᠤᠭᠤᠳ ᠥᠩᠭᠡᠯᠵᠡᠭᠡᠳ
ᠳᠠᠨᠳᠠᠷ ᠪᠠᠭᠠᠲᠤᠷ ᠤᠨ ᠬᠣᠷᠢᠶᠠᠨ ᠤ ᠬᠢᠨ ᠳᠤ ᠳᠠᠷᠬᠠᠯᠠᠭᠤᠯᠤᠭᠳᠠᠭᠠᠳ ᠪᠤᠴᠠᠭᠰᠠᠨ᠃
ᠰᠠᠬᠠᠯᠲᠤ ᠰᠲ᠋ᠠᠯᠢᠨ ᠠᠴᠠ ᠳᠡᠯᠡᠬᠡᠢ ᠳᠠᠶᠠᠭᠠᠷ ᠢᠶᠠᠨ
ᠰᠠᠨᠳᠤᠷᠴᠤ ᠠᠶᠤᠨ ᠬᠡᠯᠮᠡᠭᠳᠡᠵᠦ ᠪᠠᠢᠬᠤ ᠳᠤ
ᠭᠠᠭᠴᠠᠬᠠᠨ ᠮᠣᠩᠭᠣᠯ ᠤᠨ ᠬᠠᠵᠠᠭᠠᠷ ᠭᠡᠨᠳᠤᠨ
ᠭᠠᠩᠰᠠ ᠶᠢ ᠨᠢ ᠺᠷᠧᠮᠧᠯ ᠳᠤ ᠬᠤᠭᠤ ᠴᠣᠬᠢᠭᠰᠠᠨ᠃
ᠣᠷᠣᠰ᠂ ᠠᠮᠧᠷᠢᠺᠠ᠂ ᠬᠢᠲᠠᠳ ᠬᠦᠴᠦᠲᠡᠢ ᠯᠠ ᠭᠡᠨ᠎ᠡ
ᠣᠷᠴᠢᠯᠠᠩ ᠢ ᠬᠥᠮᠥᠷᠢᠵᠦ ᠶᠠᠪᠤᠭᠰᠠᠨ ᠤᠳᠠᠭ᠎ᠠ ᠦᠭᠡᠢ ᠡ
ᠨᠸ᠋ᠮᠸ᠋ᠽᠢ᠂ ᠶᠠᠫᠣᠨ᠂ ᠹᠷᠠᠨᠼᠢ ᠵᠡᠪᠰᠡᠭ ᠲᠡᠢ  ᠴᠦ᠍
ᠨᠡᠬᠡᠢ ᠳᠡᠪᠡᠯᠲᠡᠨ ᠨᠦᠭᠦᠳ ᠰᠢᠭ ᠡᠷᠡᠯᠬᠡᠭ ᠬᠥᠳᠡᠯᠦᠭᠡ ᠦᠭᠡᠢ ᠡ᠃
ᠠᠷᠭ᠎ᠠ ᠲᠠᠢ ᠴᠡᠷᠢᠭ ᠲᠡᠢ ᠶᠡᠬᠡ ᠭᠦᠷᠦᠨ ᠨᠦᠭᠦᠳ ᠡ

ᠠᠷᠲᠤᠭᠤᠷ ᠮᠣᠩᠭᠣᠯ ᠢ ᠪᠠᠰᠤᠵᠤ ᠪᠣᠯᠬᠤ ᠦᠭᠡᠢ ᠰᠢᠦ
ᠳᠡᠩᠳᠡᠭᠦᠦ ᠵᠣᠷᠢᠮᠠᠭ ᠵᠠᠩ ᠢ ᠨᠢ ᠬᠥᠳᠡᠯᠭᠡᠴᠢᠬᠡᠬᠦ ᠶᠤᠮ ᠪᠣᠯ
ᠳᠡᠯᠡᠬᠡᠢ ᠶᠢᠷᠲᠢᠨᠴᠦ ᠳᠤ ᠯᠠ ᠮᠠᠭᠤ ᠶᠠᠭᠤᠮ᠎ᠠ ᠪᠣᠯᠤᠨ᠎ᠠ ᠰᠢᠦ᠃
ᠳᠡᠯ ᠲᠡᠢ ᠰᠤᠮᠤ ᠰᠢᠭ᠋ ᠨᠠᠮᠬᠠᠨ ᠮᠣᠷᠢᠳ ᠨᠢ
ᠳᠡᠯᠡᠬᠡᠢ ᠶᠢ ᠲᠣᠭᠣᠷᠢᠭᠰᠠᠨ  ᠴᠦ᠍ ᠴᠣᠴᠠᠨ᠎ᠠ ᠭᠡᠵᠦ ᠦᠭᠡᠢ
ᠳᠡᠪᠡᠯ ᠢᠶᠡᠨ ᠬᠥᠭᠡᠷᠭᠡᠭᠰᠡᠨ ᠨᠣᠮᠣᠬᠠᠨ ᠮᠣᠩᠭᠣᠯ
ᠳᠡᠪᠡᠷᠡᠭᠡᠳ ᠨᠢᠭᠡ ᠪᠣᠰᠬᠤ ᠶᠤᠮ ᠪᠣᠯ ᠪᠤᠴᠠᠨ᠎ᠠ ᠭᠡᠵᠦ ᠦᠭᠡᠢ᠃
ᠵᠣᠷᠢᠭ ᠨᠢ ᠬᠥᠪᠴᠢᠷᠡᠭᠡᠳ ᠬᠥᠳᠡᠯᠬᠦ ᠶᠤᠮ ᠪᠣᠯ
ᠵᠢᠯᠣᠭᠣ ᠪᠠᠨ ᠲᠠᠲᠠᠬᠤ ᠶᠢ ᠣᠭᠲᠣᠬᠠᠨ  ᠴᠦ᠍ ᠮᠡᠳᠡᠬᠦ ᠦᠭᠡᠢ
ᠲᠩᠷᠢ ᠶᠢᠨ ᠬᠠᠶᠠᠭᠠᠨ ᠳᠤ ᠲᠤᠯᠵᠤ ᠪᠠᠢᠵᠤ ᠯᠠ ᠪᠤᠴᠠᠬᠤ
ᠲᠡᠷᠰᠡᠭᠦᠳ ᠮᠣᠩᠭᠣᠯ ᠠᠴᠠ ᠠᠶᠤᠲᠤᠭᠠᠢ! ᠡᠮᠢᠶᠡᠲᠦᠭᠡᠢ!
ᠭᠠᠵᠠᠷ ᠳᠡᠯᠡᠬᠡᠢ ᠳᠦ  ᠪᠥᠭᠡᠮ ᠦᠨ ᠳᠠᠭᠤ ᠭᠠᠷᠴᠤ ᠯᠠ ᠪᠠᠢᠨ᠎ᠠ
ᠲᠡᠷᠡ ᠤᠨᠲᠠᠷᠠᠨ᠎ᠠ ᠤᠤ
ᠲᠢᠪ ᠳᠡᠯᠡᠬᠡᠢ ᠳᠦ ᠭᠠᠯᠲᠤ ᠪᠥᠮᠪᠥᠭᠡ ᠲᠡᠰᠦᠷᠡᠵᠦ ᠯᠠ ᠪᠠᠢᠨ᠎ᠠ
ᠲᠡᠳᠡ ᠰᠢᠨᠲᠠᠷᠠᠨ᠎ᠠ ᠤᠤ
ᠦᠬᠦᠬᠦ ᠶᠢ ᠤᠨᠲᠠᠬᠤ ᠶᠢᠨ ᠴᠢᠨᠡᠭᠡᠨ  ᠴᠦ᠍ ᠪᠣᠳᠣᠳᠠᠭ ᠦᠭᠡᠢ
ᠦᠵᠡᠯᠴᠡᠭᠡᠳ ᠨᠢᠭᠡ ᠡᠬᠢᠯᠡᠬᠦ ᠶᠢᠨ ᠪᠣᠯ
ᠦᠬᠦᠬᠦ ᠡᠴᠡ ᠨᠠᠰᠢ ᠰᠠᠯᠳᠠᠭ ᠦᠭᠡᠢ
ᠦᠬᠡᠷ ᠮᠣᠩᠭᠣᠯ ᠤᠨ ᠠᠭᠤᠷ ᠬᠢᠯᠢᠩ ᠢ
ᠦᠶ᠎ᠡ ᠶᠢᠨ ᠦᠶ᠎ᠡ ᠳᠦ ᠳᠠᠬᠢᠵᠤ ᠪᠢᠲᠡᠭᠡᠢ ᠬᠥᠳᠡᠯᠭᠡᠭᠡᠷᠡᠢ᠃

   ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ  
   ᠦᠰᠦᠭ ᠬᠠᠲᠠᠭᠴᠢ᠄ ᠬᠠᠷᠠᠭᠳᠠᠨ ᠷ᠂ ᠴᠢᠷᠮᠠᠢᠯᠳᠤ