ᠬᠠᠯᠲᠠᠷ ᠢᠰᠢᠭᠡ- ᠴ ᠂ ᠳᠠᠮᠳᠢᠨᠰᠦ᠋ᠷᠦᠩХалтар ишиг-Ц ,Дамдинсүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠲᠠᠷ ᠢᠰᠢᠭᠡ- ᠴ ᠂ ᠳᠠᠮᠳᠢᠨᠰᠦ᠋ᠷᠦᠩХалтар ишиг-Ц ,Дамдинсүрэн

ᠬᠠᠯᠲᠠᠷ ᠢᠰᠢᠭᠡ- ᠴ ᠂ ᠳᠠᠮᠳᠢᠨᠰᠦ᠋ᠷᠦᠩХалтар ишиг-Ц ,Дамдинсүрэн

2024-05-23

385

ᠬᠠᠯᠲᠠᠷ ᠢᠰᠢᠭᠡ

          ᠴ ᠂ ᠳᠠᠮᠳᠢᠨᠰᠦ᠋ᠷᠦᠩ 
ᠬᠠᠯᠲᠠᠷ ᠤᠬᠤᠨ᠎ᠠ ᠢᠰᠢᠭᠡ 
ᠬᠠᠰᠢᠶᠠᠨ ᠠ᠋ᠴᠠ ᠨᠢᠭᠡ ᠥᠷᠯᠥᠭᠡ 
ᠬᠠᠩᠬᠠᠯᠵᠠᠬᠤ ᠡᠪᠡᠷ ᠲᠡᠢ ᠪᠣᠯᠤᠭᠠᠳ 
ᠳᠠᠩᠬᠠᠯᠵᠠᠨ ᠭᠠᠷᠴᠤ ᠢᠷᠡᠪᠡ᠃

ᠢᠮᠠᠭᠠᠨ ᠳ᠋ᠤ᠌ ᠡᠪᠡᠷ ᠡᠴᠡ ᠢᠯᠡᠭᠦᠦ 
ᠶᠠᠮᠠᠷ ᠴᠢᠮᠡᠭ ᠪᠠᠢᠬᠤ ᠪᠣᠢ?
ᠶᠠᠭᠠᠬᠢᠭᠰᠠᠨ ᠰᠠᠢᠬᠠᠨ ᠶᠤᠮ ᠭᠡᠵᠦ 
ᠢᠮᠠᠭ᠎ᠠ ᠪᠦᠷᠢ ᠰᠣᠨᠢᠷᠬᠠᠪᠠ 

ᠬᠠᠴᠢᠨ ᠰᠠᠢᠬᠠᠨ ᠡᠪᠡᠷ ᠭᠡᠵᠦ  
ᠬᠠᠮᠤᠭ ᠢᠰᠢᠭᠡ ᠮᠠᠭᠲᠠᠪᠠ᠃
ᠬᠠᠢᠷ᠎ᠠ ᠮᠠᠭᠲᠠᠭᠠᠯ ᠤ᠋ᠨ ᠬᠠᠷᠢᠭᠤ ᠳ᠋ᠤ᠌
ᠬᠠᠯᠲᠠᠷ ᠢᠰᠢᠭᠡᠨ ᠦ᠌ ᠬᠡᠯᠡᠭᠰᠡᠨ ᠨᠢ᠄

《 ᠬᠤᠷᠮᠤᠰᠲᠠ ᠲᠩᠷᠢ ᠶ᠋ᠢᠨ ᠵᠠᠶᠠᠭᠠᠭᠰᠠᠨ
ᠬᠤᠷᠴᠠ ᠡᠨᠡ ᠵᠢᠳᠠ ᠪᠠᠷ ᠢ᠋ᠶ᠋ᠠᠨ
ᠳᠡᠭᠡᠳᠦ ᠲᠩᠷᠢ ᠶ᠋ᠢᠨ ᠰᠣᠶᠣᠷᠬᠠᠭᠰᠠᠨ
ᠳᠡᠷᠡᠭᠡᠷ ᠡᠨᠡ ᠡᠪᠡᠷ ᠢ᠋ᠶ᠋ᠡᠷ ᠢ᠋ᠶ᠋ᠡᠨ

ᠰᠡᠷᠲᠡᠭᠡᠷ ᠮᠤᠤᠰᠠᠢᠨ ᠢᠰᠢᠭᠡᠨ ᠦ᠌ 
ᠰᠡᠭᠡᠷ ᠬᠦᠵᠦᠭᠦᠦ ᠶ᠋ᠢ ᠪᠤᠯᠭᠤᠯᠵᠤ
ᠰᠡᠮᠡᠵᠡ ᠭᠦᠵᠡᠭᠡ ᠶ᠋ᠢ ᠬᠠᠭᠠᠯᠵᠤ
ᠰᠡᠪᠡᠰᠦ ᠶ᠋ᠢ ᠨᠢ ᠭᠣᠭᠣᠵᠢᠲᠠᠯ᠎ᠠ ᠮᠥᠷᠭᠥᠨ᠎ᠡ᠃

ᠬᠣᠶᠠᠷ ᠡᠪᠡᠷ ᠦ᠋ᠨ ᠵᠠᠭᠠᠲᠤᠨᠠᠭᠰᠠᠨ
ᠬᠣᠣᠷ ᠢ᠋ ᠭᠠᠷᠭᠠᠶ᠎ᠠ》 ᠭᠡᠳ
ᠬᠠᠪᠢᠳᠠᠭᠰᠠᠨ ᠢᠰᠢᠭᠡ ᠶ᠋ᠢ ᠬᠠᠯᠳᠠᠵᠤ
ᠬᠠᠮᠤᠭ ᠢᠰᠢᠭᠡ ᠶ᠋ᠢ ᠮᠥᠷᠭᠥᠪᠡ᠃

ᠡᠳᠦᠷ ᠢᠷᠡᠬᠦ ᠪᠦᠷᠢ
ᠥᠨᠥᠬᠢ ᠭᠠᠢᠬᠠᠯ ᠳᠣᠭᠰᠢᠷᠠᠵᠤ
ᠬᠥᠬᠡ ᠢᠰᠢᠭᠡ ᠪᠦᠭᠦᠳᠡ ᠶ᠋ᠢ
ᠬᠥᠨᠥᠭᠡᠵᠦ ᠵᠣᠪᠠᠭᠠᠬᠤ ᠪᠣᠯᠤᠭᠰᠠᠨ ᠳ᠋ᠤ᠌

ᠬᠠᠮᠤᠭ ᠢᠰᠢᠭᠡ ᠴᠤᠭᠯᠠᠷᠠᠵᠤ
ᠬᠠᠯᠲᠠᠷ ᠢᠰᠢᠭᠡᠨ ᠳ᠋ᠦ᠍ ᠬᠡᠯᠡᠵᠡᠢ᠄
— ᠬᠠᠢᠷᠠᠲᠤ ᠠᠬ᠎ᠠ ᠮᠢᠨᠢ ᠨᠣᠮᠣᠬᠠᠷᠠᠵᠤ
ᠬᠠᠳᠬᠤᠵᠤ ᠮᠥᠷᠭᠥᠬᠦ ᠪᠡᠨ ᠪᠣᠯᠢ ᠳᠠ᠃

ᠬᠠᠷ᠎ᠠ ᠨᠣᠬᠠᠢ ᠬᠡᠳᠦᠢᠪᠡᠷ
ᠠᠷᠪᠠᠭᠠᠳ ᠭᠥᠯᠥᠭᠡ ᠭᠠᠷᠭᠠᠪᠠᠴᠤ
ᠬᠠᠷᠢᠯᠴᠠᠨ ᠬᠡᠷᠡᠯᠳᠦᠬᠦ ᠤᠴᠢᠷ ᠠ᠋ᠴᠠ
ᠬᠠᠮᠲᠤᠷᠠᠨ ᠥᠰᠴᠦ ᠴᠢᠳᠠᠳᠠᠭ ᠦᠭᠡᠢ᠃

ᠬᠣᠨᠢᠨ ᠰᠦᠷᠦᠭ ᠬᠡᠳᠦᠢᠪᠡᠷ
ᠬᠣᠶᠠᠷ ᠬᠤᠷᠠᠭ᠎ᠠ ᠭᠠᠷᠭᠠᠪᠠᠴᠤ
ᠬᠣᠭᠣᠷᠣᠨᠳᠣ ᠪᠠᠨ ᠡᠪᠲᠡᠢ ᠤᠴᠢᠷ ᠠ᠋ᠴᠠ
ᠮᠢᠩᠭ᠎ᠠ ᠲᠦᠮᠡ ᠪᠡᠷ ᠥᠰᠦᠨ᠎ᠡ᠃


ᠢᠮᠠᠭᠠᠨ ᠰᠦᠷᠦᠭ ᠪᠢᠳᠡ ᠨᠠᠷ
ᠶᠠᠷᠳᠠᠭ ᠨᠣᠬᠠᠢ ᠶ᠋ᠢ ᠳᠠᠭᠤᠷᠢᠶᠠᠬᠤ ᠦᠭᠡᠢ
ᠬᠤᠨ ᠬᠣᠨᠢ ᠶ᠋ᠢ ᠳᠠᠭᠤᠷᠢᠶᠠᠵᠤ
ᠬᠤᠪᠢ ᠪᠠᠨ ᠰᠠᠬᠢᠵᠤ ᠶᠠᠪᠤᠵᠠᠭᠠᠶ᠎ᠠ᠃

ᠡᠪᠯᠡᠪᠡᠯ ᠪᠦᠲᠦᠨ᠎ᠡ
ᠬᠣᠪᠯᠠᠪᠠᠯ ᠭᠤᠲᠤᠨ᠎ᠠ ᠭᠡᠰᠡᠨ ᠳ᠋ᠦ᠍
ᠤᠬᠤᠨ᠎ᠠ ᠢᠰᠢᠭᠡ ᠲᠡᠳᠡᠨ  ᠦ᠌
ᠤᠴᠢᠷ ᠲᠠᠢ ᠦᠭᠡ ᠶ᠋ᠢ ᠠᠪᠤᠭᠰᠠᠨ ᠦᠭᠡᠢ᠂

ᠤᠷᠢᠳᠠ ᠠ᠋ᠴᠠ ᠤᠯᠠᠮ ᠢᠯᠡᠭᠦᠦ
ᠠᠭᠤᠷ ᠬᠢᠯᠢᠩ ᠪᠠᠳᠠᠷᠠᠭᠤᠯᠵᠤ
ᠡᠷᠲᠡᠨ ᠡᠴᠡ ᠨᠡᠩ ᠢᠯᠡᠭᠦᠦ
ᠡᠯᠳᠡᠪ ᠢ᠋ᠶ᠋ᠡᠷ ᠬᠠᠷᠢᠶᠠᠨ ᠵᠠᠩᠨᠠᠵᠤ


— ᠪᠣᠷᠣ ᠢᠰᠢᠭᠡ ᠪᠡᠷ
ᠪᠣᠷᠪᠢ ᠪᠠᠨ ᠳᠣᠯᠢᠶᠠᠯᠭᠠᠨ᠎ᠠ᠃
ᠬᠦᠷᠡᠩ ᠢᠰᠢᠭᠡ ᠪᠡᠷ
ᠬᠦᠵᠦᠭᠦᠦ ᠪᠡᠨ ᠮᠠᠭᠠᠵᠢᠭᠤᠯᠤᠨ᠎ᠠ

ᠰᠠᠭᠠᠷᠠᠯ ᠢᠰᠢᠭᠡ ᠪᠡᠷ
ᠰᠠᠬᠠᠯ ᠢ᠋ᠶ᠋ᠠᠨ ᠢᠯᠢᠭᠦᠯᠦᠨ᠎ᠡ᠃ 
ᠮᠤᠤᠰᠠᠢᠨ ᠢᠰᠢᠭᠡᠨ  ᠦ᠌
ᠮᠤᠬᠤᠷ ᠲᠣᠯᠣᠭᠠᠢ ᠶ᠋ᠢ ᠬᠠᠭᠠᠯᠤᠨ᠎ᠠ ᠭᠡᠳ

ᠤᠴᠢᠷ ᠦᠭᠡᠢ ᠬᠠᠰᠬᠢᠷᠲᠠᠯ᠎ᠠ
ᠤᠬᠤᠨ᠎ᠠ ᠢᠰᠢᠭᠡᠨ ᠦ᠌ ᠲᠣᠯᠣᠭᠠᠢ ᠳ᠋ᠤ᠌
ᠤᠲᠠᠰᠤ ᠰᠢᠭ᠋ ᠶᠠᠭᠤᠮ᠎ᠠ ᠲᠠᠰᠤᠷᠠᠵᠤ
ᠤᠷᠲᠤ ᠡᠪᠡᠷ ᠨᠢ ᠣᠢᠴᠢᠪᠠ᠃

ᠬᠣᠢᠨ᠎ᠠ ᠤᠴᠢᠷ ᠢ᠋ ᠮᠡᠳᠡᠪᠡᠯ
ᠬᠣᠨᠢᠴᠢᠨ ᠬᠡᠦᠬᠡᠳ ᠲᠣᠭᠯᠠᠵᠤ
ᠬᠥᠰᠡᠷ ᠦ᠋ᠨ ᠬᠣᠶᠠᠷ ᠡᠪᠡᠷ ᠢ᠋
ᠬᠥᠳᠡᠭᠡᠨ ᠡᠴᠡ ᠣᠯᠵᠤ ᠠᠪᠴᠢᠷᠠᠭᠠᠳ

ᠰᠠᠭᠰᠠᠭᠤ ᠢᠰᠢᠭᠡᠨ ᠦ᠌ ᠲᠣᠯᠣᠭᠠᠢ ᠳ᠋ᠤ᠌ 
ᠰᠠᠭᠠᠯᠳᠤᠷᠭ᠎ᠠ ᠤᠲᠠᠰᠤ ᠪᠠᠷ ᠤᠶᠠᠭᠰᠠᠨ ᠨᠢ
ᠰᠠᠨᠠᠮᠰᠠᠷ ᠦᠭᠡᠢ ᠶᠡᠬᠡ ᠠᠩᠭᠠᠢᠬᠤ ᠳ᠋ᠤ᠌
ᠰᠠᠶᠢ ᠲᠠᠰᠤᠷᠠᠨ ᠤᠨᠠᠵᠠᠢ᠃


ᠵᠡᠭᠦᠮᠡᠯ ᠡᠪᠡᠷ ᠲᠡᠢ ᠪᠠᠢᠬᠤ ᠳ᠋ᠤ᠌ ᠪᠠᠨ
ᠵᠢᠷᠦᠬᠡ ᠨᠢ ᠰᠠᠭᠰᠠᠢᠳᠠᠭ ᠢᠰᠢᠭᠡ
ᠵᠢᠩᠬᠢᠨᠢ ᠡᠪᠡᠷ ᠨᠢ ᠤᠷᠭᠤᠪᠠᠯ
ᠵᠢᠭᠲᠡᠢ ᠶᠠᠭᠤᠮ᠎ᠠ ᠪᠣᠯᠤᠨ᠎ᠠ ᠳᠠ᠂

ᠶᠠᠷᠰᠢᠭᠲᠤ ᠡᠨᠡ ᠬᠡᠷᠡᠭ
ᠢᠮᠠᠭᠠᠨ ᠳ᠋ᠤ᠌ ᠲᠣᠬᠢᠶᠠᠯᠳᠤᠭᠰᠠᠨ ᠨᠢ ᠶᠠᠭᠠᠮᠠᠢ ᠳᠠ᠃
ᠬᠡᠷᠪᠡ ᠬᠥᠮᠦᠨ ᠳ᠋ᠦ᠍ ᠲᠣᠬᠢᠶᠠᠯᠳᠤᠪᠠᠯ
ᠬᠡᠴᠡᠭᠦᠦ ᠬᠡᠷᠡᠭ ᠪᠣᠯᠤᠨ᠎ᠠ ᠰᠢᠦ᠃

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ᠄ ᠣᠳᠬᠠᠨᠰᠣ᠎ᠠ