ᠸᠸᠨ ᠸᠠᠩ ᠡᠵᠡᠨ ᠤ ᠮᠡᠷᠭᠡᠨ ᠲᠥᠯᠭᠡ 41-50 Вен ван эзний мэргэн төлөг 41-50 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠸᠨ ᠸᠠᠩ ᠡᠵᠡᠨ ᠤ ᠮᠡᠷᠭᠡᠨ ᠲᠥᠯᠭᠡ 41-50 Вен ван эзний мэргэн төлөг 41-50

ᠸᠸᠨ ᠸᠠᠩ ᠡᠵᠡᠨ ᠤ ᠮᠡᠷᠭᠡᠨ ᠲᠥᠯᠭᠡ 41-50 Вен ван эзний мэргэн төлөг 41-50

ᠠᠩᠭᠢᠯᠠᠯ:ᠵᠠᠩ ᠦᠢᠯᠡ
2024-05-22

292


○○⊕⊕○○ ᠳᠥᠴᠢᠨ ᠨᠢᠭᠡᠳᠦᠭᠡᠷ ᠲᠥᠯᠭᠡ : ᠰᠠᠬᠢᠭᠤᠯᠰᠤᠨ ᠴᠡᠴᠡᠭ ᠦᠵᠡᠭᠰᠡᠨ ᠲᠥᠯᠭᠡ᠂ ᠵᠣᠪᠠᠯᠠᠩ ᠳᠠᠭᠤᠰᠴᠤ᠂ ᠡᠳ᠋ ᠠᠰᠢᠭ ᠡᠷᠢᠪᠡᠰᠦ ᠰᠠᠬᠢᠭᠤᠯᠰᠤᠨ ᠲᠡᠳᠬᠦᠬᠦ᠂ ᠶᠠᠪᠤᠳᠠᠯ ᠲᠣᠬᠢᠶᠠᠯᠳᠤᠪᠠᠰᠤ ᠬᠥᠮᠦᠨ ᠲᠡᠳᠬᠦᠬᠦ ᠢᠯᠡᠭᠦᠦ ᠳᠤᠲᠠᠭᠤ ᠪᠢᠲᠡᠭᠡᠢ ᠬᠡᠯᠡᠯᠴᠢ᠂ ᠨᠡᠷ᠎ᠡ ᠠᠯᠳᠠᠷ ᠡᠷᠢᠪᠡᠰᠦ ᠪᠤᠶᠠᠨᠲᠤ ᠬᠥᠮᠦᠨ ᠲᠡᠳᠬᠦᠬᠦ᠂ ᠤᠷᠤᠭ ᠪᠦᠲᠦᠬᠦ᠂ ᠵᠠᠷᠭᠤ ᠳᠡᠢᠯᠬᠦ᠂ ᠡᠪᠡᠳᠴᠢᠨ ᠠᠮᠤᠷᠵᠢᠬᠤ ᠲᠥᠯᠭᠡ ᠪᠥᠯᠥᠭᠡ᠃  

○⊕○○○○ ᠳᠥᠴᠢᠨ ᠬᠣᠶᠠᠳᠤᠭᠠᠷ ᠲᠥᠯᠭᠡ : ᠰᠠᠬᠢᠭᠤᠯᠰᠤᠨ ᠲᠡᠳᠬᠦᠬᠦ ᠲᠥᠯᠭᠡ᠂ ᠡᠳ᠋ ᠠᠰᠢᠭ ᠣᠯᠬᠤ ᠨᠡᠷ᠎ᠡ ᠠᠯᠳᠠᠷ ᠪᠦᠲᠦᠬᠦ᠂ ᠵᠠᠷᠭᠤ ᠳᠡᠢᠯᠬᠦ ᠡᠪᠡᠳᠴᠢᠨ ᠡᠳᠡᠭᠡᠷᠡᠬᠦ ᠶᠠᠪᠤᠳᠠᠯ ᠰᠠᠨᠠᠭ᠎ᠠ ᠪᠠᠷ ᠪᠦᠲᠦᠬᠦ᠂ ᠤᠷᠤᠭ ᠪᠦᠲᠦᠬᠦ ᠭᠠᠳᠠᠭᠰᠢ ᠭᠠᠷᠤᠪᠠᠰᠤ ᠰᠡᠳᠬᠢᠯ ᠠᠮᠤᠷ᠂ ᠢᠦᠢ ᠬᠤᠸᠠ ᠵᠦᠩ ᠰᠢᠶᠣᠤ ᠵᠢᠶᠧ ᠴᠡᠴᠡᠭ ᠦᠵᠡᠬᠦ ᠶ᠋ᠢᠨ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃ 
 
○⊕○⊕○⊕ ᠳᠥᠴᠢᠨ ᠭᠤᠷᠪᠠᠳᠤᠭᠠᠷ ᠲᠥᠯᠭᠡ ᠄ ᠦᠨᠳᠦᠰᠦ ᠦᠭᠡᠢ ᠮᠣᠳᠣ ᠪᠠᠷ ᠵᠢᠭᠠᠰᠤ ᠪᠠᠷᠢᠭᠰᠠᠨ ᠲᠥᠯᠭᠡ᠂ ᠰᠡᠳᠬᠢᠯ ᠢ᠋ ᠵᠣᠪᠠᠭᠠᠭᠠᠳ ᠵᠢᠭᠠᠰᠤᠨ ᠢ ᠣᠯᠵᠤ ᠪᠠᠷᠢᠭᠰᠠᠨ ᠦᠭᠡᠢ᠂ ᠡᠳ᠋ ᠠᠰᠢᠭ ᠬᠣᠭᠣᠰᠣᠨ᠂ ᠬᠡᠢ ᠮᠣᠷᠢ ᠳᠣᠣᠷ᠎ᠠ᠂ ᠦᠳᠡᠰᠢ ᠶ᠋ᠢᠨ ᠬᠣᠪᠢᠨ ᠳ᠋ᠤ᠌ ᠨᠢᠳᠦᠨ ᠡᠮᠦᠨ᠎ᠡ ᠦᠯᠦ ᠦᠵᠡᠬᠦ ᠮᠡᠲᠦ᠂ ᠥᠪᠡᠷ ᠦ᠋ᠨ ᠠᠮᠠᠨ ᠳ᠋ᠠᠭᠠᠨ ᠬᠡᠷᠡᠭ ᠲᠦ᠍ᠷ ᠣᠷᠣᠬᠤ᠂ ᠶᠠᠪᠤᠳᠠᠯ ᠪᠦᠲᠦᠬᠦ ᠪᠡᠷᠬᠡ᠂ ᠲᠡᠭᠡᠭ᠍ᠰᠡᠨ ᠳᠦᠯᠢᠶ᠎ᠡ ᠰᠢᠲᠠᠭᠠᠳ ᠪᠠᠷᠠᠭᠰᠠᠨ ᠮᠡᠲᠦ᠂ ᠵᠠᠷᠭᠤ ᠳᠡᠢᠯᠦᠭᠳᠡᠬᠦ᠂ ᠤᠷᠤᠭ ᠪᠦᠲᠦᠬᠦ ᠦᠭᠡᠢ᠂ ᠡᠪᠡᠳᠴᠢᠨ ᠬᠦᠨᠳᠦ᠂ ᠭᠠᠳᠠᠭᠰᠢ ᠭᠠᠷᠤᠭᠰᠠᠨ ᠬᠥᠮᠦᠨ ᠥᠯᠵᠡᠢ ᠦᠭᠡᠢ᠂ ᠵᠧᠦ ᠸᠠᠩ ᠤ᠋ᠨ ᠬᠤᠯᠤᠰᠤᠨ ᠲᠦᠩᠰᠡ ᠪᠡᠷ ᠤᠰᠤ ᠲᠠᠲᠠᠭᠰᠠᠨ ᠲᠥᠯᠭᠡ ᠪᠥᠯᠥᠭᠡ᠃  

○⊕○○⊕⊕ ᠳᠥᠴᠢᠨ ᠳᠥᠷᠪᠡᠳᠦᠭᠡᠷ ᠲᠥᠯᠭᠡ ᠄ ᠶᠠᠪᠤᠳᠠᠯ ᠰᠡᠳᠦᠪᠡᠰᠦ ᠪᠦᠲᠦᠬᠦ ᠦᠭᠡᠢ᠂ ᠦᠳᠡᠰᠢ ᠬᠣᠨᠣᠭᠰᠠᠨ ᠰᠢᠪᠠᠭᠤ ᠰᠤᠮᠤᠨ ᠳ᠋ᠤ᠌ ᠬᠠᠷᠪᠤᠭᠳᠠᠭᠰᠠᠨ ᠮᠡᠲᠦ᠂ ᠶᠠᠪᠤᠳᠠᠯ ᠪᠣᠯᠪᠠᠰᠤ ᠰᠡᠷᠡᠮᠵᠢᠯᠡᠬᠦ ᠬᠡᠷᠡᠭᠲᠡᠢ᠂ ᠭᠡᠷ ᠲᠦ᠍ ᠪᠠᠢᠪᠠᠰᠤ ᠬᠡᠯᠡ ᠠᠮᠠᠨ ᠤ᠋ ᠠᠶᠤᠯᠲᠠᠢ᠂ ᠭᠠᠳᠠᠭᠰᠢ ᠭᠠᠷᠤᠪᠠᠰᠤ ᠥᠰᠢᠶᠡᠲᠡᠢ ᠬᠥᠮᠦᠨ ᠲᠡᠢ ᠤᠴᠠᠷᠠᠬᠤ᠂ ᠡᠳ᠋ ᠠᠰᠢᠭ ᠦᠯᠦ ᠣᠯᠬᠤ᠂ ᠳᠠᠯᠳᠠᠭᠤᠷ ᠬᠣᠣᠷ ᠢᠷᠡᠬᠦ᠂ ᠭᠡᠷ ᠡᠷᠦᠬᠡ ᠳ᠋ᠦ᠍ ᠵᠣᠪᠠᠯᠠᠩ ᠢᠷᠡᠬᠦ᠂ ᠤᠷᠤᠭ ᠪᠦᠲᠦᠬᠦ ᠦᠭᠡᠢ᠂ ᠵᠠᠷᠭᠤ ᠳᠡᠢᠯᠦᠭᠳᠡᠬᠦ᠂ ᠡᠪᠡᠳᠴᠢᠨ ᠬᠦᠨᠳᠦ᠂ ᠨᠢᠭᠡᠨ ᠬᠦᠴᠦ ᠶᠡᠬᠡ ᠭᠠᠭᠴᠠ ᠪᠡᠶ᠎ᠡ ᠬᠥᠮᠦᠨ ᠡᠳ᠋ ᠦ᠋ᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃ 

○⊕○⊕⊕○ ᠳᠥᠴᠢᠨ ᠲᠠᠪᠤᠳᠤᠭᠠᠷ ᠲᠥᠯᠭᠡ ᠄ ᠪᠤᠶᠠᠨᠲᠤ ᠬᠥᠮᠦᠨ ᠬᠠᠷᠢᠨ ᠢᠷᠡᠬᠦ ᠬᠥᠮᠦᠨ ᠨᠡᠮᠡᠵᠦ ᠡᠳ᠋ ᠠᠷᠪᠢᠵᠢᠬᠤ᠂ ᠡᠳ᠋ ᠠᠰᠢᠭ ᠡᠷᠢᠪᠡᠰᠦ  ᠪᠤᠶᠠᠨᠲᠤ ᠬᠥᠮᠦᠨ ᠵᠠᠮ ᠵᠢᠭᠠᠭᠰᠠᠨ ᠮᠡᠲᠦ᠂ ᠶᠡᠬᠡ ᠪᠠᠶᠠᠷ ᠦᠵᠡᠬᠦ ᠵᠠᠶᠠᠭᠠᠨ ᠤ᠋ ᠬᠡᠢ ᠮᠣᠷᠢ ᠳᠡᠯᠭᠡᠷᠡᠪᠡᠢ᠂ ᠶᠠᠪᠤᠳᠠᠯ ᠢ ᠤᠷᠤᠭ ᠤ᠋ᠨ ᠬᠥᠮᠦᠨ ᠲᠡᠳᠬᠦᠬᠦ᠂ ᠭᠠᠳᠠᠭᠰᠢ ᠭᠠᠷᠤᠭᠰᠠᠨ ᠬᠥᠮᠦᠨ ᠥᠯᠵᠡᠢᠲᠡᠢ ᠨᠡᠷ᠎ᠡ ᠠᠯᠳᠠᠷ ᠮᠠᠨᠳᠤᠬᠤ᠂ ᠡᠭᠦᠳᠡᠨ ᠡᠴᠡ ᠭᠠᠷᠤᠪᠠᠰᠤ ᠣᠳᠣᠨ ᠡᠵᠡᠨ ᠲᠡᠳᠬᠦᠬᠦ ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃ 

○⊕○○○⊕ ᠳᠥᠴᠢᠨ ᠵᠢᠷᠭᠤᠳᠤᠭᠠᠷ ᠲᠥᠯᠭᠡ ᠄ ᠬᠤᠪᠠᠬᠠᠢ ᠮᠣᠳᠣᠨ ᠠ᠋ᠴᠠ ᠳᠠᠬᠢᠨ ᠨᠠᠪᠴᠢ ᠳᠡᠯᠭᠡᠷᠡᠭᠰᠡᠨ ᠮᠡᠲᠦ᠂ ᠨᠠᠪᠴᠢᠨ ᠤ᠋ ᠳᠣᠣᠷ᠎ᠠ ᠠ᠋ᠴᠠ ᠮᠣᠳᠣᠨ ᠤ᠋ ᠦᠷ᠎ᠡ ᠰᠣᠶᠣᠭᠠᠯᠠᠨ ᠳᠡᠯᠭᠡᠷᠡᠭᠰᠡᠨ ᠠᠳᠠᠯᠢ᠂ ᠵᠢᠱᠢᠶᠡᠯᠡᠪᠡᠯ ᠨᠢᠭᠡ ᠬᠠᠰᠢᠶ᠎ᠠ ᠵᠢᠮᠢᠰ ᠪᠣᠯᠪᠠᠰᠤᠷᠠᠨ ᠤᠯᠠᠢᠭᠰᠠᠨ ᠮᠡᠲᠦ᠂ ᠡᠳ᠋ ᠠᠰᠢᠭ ᠣᠯᠬᠤ ᠨᠡᠷ᠎ᠡ ᠮᠠᠨᠳᠤᠬᠤ᠂ ᠤᠷᠤᠭ ᠬᠣᠶᠠᠷ ᠡᠲᠡᠭᠡᠳ ᠪᠠᠶᠠᠷᠲᠠᠢ ᠪᠦᠲᠦᠬᠦ᠂ ᠭᠠᠳᠠᠭᠰᠢ ᠭᠠᠷᠤᠭᠰᠠᠨ ᠬᠥᠮᠦᠨ ᠡᠳ᠋ ᠠᠰᠢᠭ ᠣᠯᠬᠤ᠂ ᠡᠪᠡᠳᠴᠢᠨ ᠡᠳᠡᠭᠡᠷᠡᠬᠦ ᠵᠠᠷᠭᠤ ᠳᠡᠢᠯᠬᠦ ᠡᠳ᠋ ᠠᠰᠢᠭ ᠬᠤᠷ᠎ᠠ ᠤᠰᠤ ᠮᠡᠲᠦ ᠢᠷᠡᠬᠦ᠂ ᠬᠣᠢᠲᠤ ᠵᠦᠭ ᠲᠦ᠍ ᠴᠡᠴᠡᠭ ᠳᠡᠯᠭᠡᠷᠡᠭᠰᠡᠨ ᠮᠡᠲᠦ ᠨᠢᠭᠡᠨ ᠬᠥᠮᠦᠨ ᠡᠳ᠋ ᠦ᠋ᠨ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃ 

○⊕○⊕⊕⊕ ᠳᠥᠴᠢᠨ ᠳᠣᠯᠣᠳᠤᠭᠠᠷ ᠲᠥᠯᠭᠡ : ᠨᠢᠳᠦᠨ ᠦ᠌ ᠦᠵᠦᠭᠦᠷ ᠵᠣᠪᠠᠯᠠᠩ ᠠᠯᠳᠠᠷᠠᠭᠠᠳ᠂ ᠵᠢᠷᠭᠠᠯᠠᠩ ᠢᠷᠡᠬᠦ ᠭᠠᠩᠳᠠᠭᠰᠠᠨ ᠴᠡᠴᠡᠭ ᠬᠤᠸᠠᠷ ᠬᠤᠷ᠎ᠠ ᠦᠵᠡᠭᠰᠡᠨ ᠮᠡᠲᠦ᠂ ᠡᠳ᠋ ᠠᠰᠢᠭ ᠡᠷᠢᠪᠡᠰᠦ ᠣᠯᠬᠤ ᠵᠠᠷᠭᠤ ᠳᠡᠢᠯᠬᠦ ᠤᠷᠤᠭ ᠪᠦᠲᠦᠬᠦ ᠨᠡᠷ᠎ᠡ ᠠᠯᠳᠠᠷ ᠣᠯᠬᠤ ᠡᠪᠡᠳᠴᠢᠨ ᠰᠠᠢᠨ ᠪᠣᠯᠬᠤ ᠭᠠᠳᠠᠭᠰᠢ ᠭᠠᠷᠤᠪᠠᠰᠤ ᠣᠯᠵᠠ ᠲᠠᠢ ᠢᠷᠡᠬᠦ᠂ ᠨᠢᠭᠡᠨ ᠯᠡ ᠶ᠋ᠢ ᠰᠢᠲᠠᠭᠠᠭᠤᠨ ᠭᠡᠷᠡᠯ ᠰᠠᠴᠤᠷᠠᠭᠰᠠᠨ ᠮᠡᠲᠦ᠂ ᠨᠢᠭᠡᠨ ᠰᠢᠶᠠᠩ ᠬᠦᠩ ᠤᠷᠤᠭ ᠤ᠋ᠨ ᠤᠴᠢᠷ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃  

○⊕○⊕○○ ᠳᠥᠴᠢᠨ ᠨᠠᠢ᠍ᠮᠠᠳᠤᠭᠠᠷ ᠲᠥᠯᠭᠡ ᠄ ᠳᠠᠪᠤᠰᠤ ᠲᠡᠭᠡᠭᠡᠭᠰᠡᠨ ᠲᠡᠷᠭᠡ ᠳᠣᠷᠣᠭᠠᠳ ᠯᠤᠤ ᠪᠠᠷᠰ ᠤ᠋ᠨ ᠬᠦᠴᠦ ᠶ᠋ᠢ ᠨᠡᠮᠡᠭᠡᠳ ᠰᠠᠶᠢ ᠭᠠᠷᠤᠭᠰᠠᠨ ᠲᠠᠢ ᠠᠳᠠᠯᠢ᠂ ᠤᠷᠢᠳᠠ ᠵᠣᠪᠠᠵᠤ ᠬᠣᠢᠨ᠎ᠠ᠂ ᠬᠥᠮᠦᠨ ᠲᠤᠰᠠᠯᠠᠬᠤ ᠭᠠᠳᠠᠭᠰᠢ ᠭᠠᠷᠤᠭᠰᠠᠨ ᠬᠥᠮᠦᠨ ᠳᠠᠷᠤᠢ ᠢᠷᠡᠬᠦ᠂ ᠡᠳ᠋ ᠠᠰᠢᠭ ᠣᠯᠬᠤ᠂ ᠤᠷᠤᠭ ᠪᠦᠲᠦᠬᠦ᠂ ᠡᠪᠡᠳᠴᠢᠨ ᠠᠮᠤᠷᠵᠢᠬᠤ᠂ ᠵᠠᠷᠭᠤ ᠡᠪᠰᠡᠬᠦ᠂ ᠵᠠᠭᠤᠨ ᠡᠬᠢᠲᠦ ᠶᠠᠪᠤᠳᠠᠯ ᠴᠥᠮ ᠣᠯᠵᠡᠢᠲᠡᠢ᠂ ᠨᠢᠭᠡ ᠬᠥᠮᠦᠨ ᠵᠣᠪᠠᠯᠠᠩ ᠤᠴᠠᠷᠠᠨ ᠦᠵᠡᠭᠦᠯᠪᠡᠰᠦ ᠡᠨᠡ ᠲᠥᠯᠭᠡ ᠪᠠᠭᠤᠭᠰᠠᠨ  ᠪᠥᠯᠥᠭᠡ᠃  

⊕⊕⊕⊕⊕⊕ ᠳᠥᠴᠢᠨ ᠶᠢᠰᠦᠳᠦᠭᠡᠷ ᠲᠥᠯᠭᠡ ᠄ ᠠᠭᠤᠯᠠ ᠶ᠋ᠢ ᠡᠪᠳᠡᠭᠡᠳ ᠬᠠᠰ ᠢ᠋ ᠡᠷᠢᠭᠰᠡᠨ ᠲᠡᠢ ᠠᠳᠠᠯᠢ᠂ ᠭᠠᠰᠢᠭᠤᠨ ᠤ᠋ ᠳᠡᠭᠡᠷ᠎ᠡ ᠭᠠᠰᠢᠭᠤᠨ ᠨᠡᠮᠡᠭᠰᠡᠨ ᠮᠡᠲᠦ᠂ ᠬᠥᠮᠦᠨ ᠳ᠋ᠦ᠍ᠷ ᠲᠤᠰᠠᠲᠠᠢ ᠪᠣᠯᠪᠠᠴᠤ᠂ ᠲᠦᠮᠡᠨ ᠡᠬᠢᠲᠦ ᠶᠠᠪᠤᠳᠠᠯ ᠳ᠋ᠤ᠌ ᠰᠠᠨᠠᠭ᠎ᠠ ᠠᠮᠤᠷ ᠦᠭᠡᠢ᠂ ᠤᠷᠤᠭ ᠢ᠋ ᠬᠥᠮᠦᠨ ᠡᠪᠳᠡᠬᠦ᠂ ᠵᠠᠷᠭᠤ ᠳᠡᠢᠯᠦᠭᠳᠡᠬᠦ᠂ ᠡᠪᠡᠳᠴᠢᠨ ᠬᠦᠨᠳᠦ ᠪᠣᠯᠬᠤ᠂ ᠨᠢᠭᠡᠨ ᠴᠢᠯᠠᠭᠤᠨ ᠳᠠᠷᠬᠠᠨ ᠴᠢᠬᠤᠯᠠ ᠴᠠᠪᠴᠢᠭᠤᠷ ᠤ᠋ᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃  
 
⊕⊕⊕○○○ ᠲᠠᠪᠢᠳᠤᠭᠠᠷ ᠲᠥᠯᠭᠡ᠄ ᠶᠡᠬᠡ ᠶᠠᠪᠤᠳᠠᠯ ᠰᠡᠳᠦᠪᠡᠰᠦ ᠪᠦᠲᠦᠬᠦ᠂ ᠰᠤᠪᠤᠳ ᠡᠳ᠋ ᠡᠷᠳᠡᠨᠢ ᠰᠢᠷᠣᠢ ᠠ᠋ᠴᠠ ᠭᠠᠷᠤᠭᠠᠳ ᠭᠡᠷᠡᠯ ᠰᠠᠴᠤᠷᠠᠭᠰᠠᠨ ᠮᠡᠲᠦ᠂ ᠨᠡᠷ᠎ᠡ ᠠᠯᠳᠠᠷ ᠮᠠᠨᠳᠤᠬᠤ᠂ ᠡᠳ᠋ ᠠᠰᠢᠭ ᠡᠷᠢᠪᠡᠰᠦ ᠣᠯᠬᠤ ᠤᠷᠤᠭ ᠪᠣᠯᠪᠠᠰᠤ ᠡᠮᠦᠨ᠎ᠡ ᠵᠦᠭ ᠡᠴᠡ ᠪᠦᠲᠦᠬᠦ᠂ ᠵᠠᠷᠭᠤ ᠣᠯᠬᠤ᠃ ᠡᠪᠡᠳᠴᠢᠨ ᠣᠷᠣᠭᠰᠠᠢ ᠬᠦᠨᠳᠦ ᠬᠣᠵᠢᠮ ᠬᠥᠩᠭᠡᠨ᠂ ᠭᠠᠳᠠᠭᠰᠢ ᠭᠠᠷᠤᠪᠠᠰᠤ ᠡᠳ᠋ ᠠᠰᠢᠭ ᠢ᠋ ᠣᠯᠬᠤ᠂ ᠨᠢᠭᠡᠨ ᠬᠥᠮᠦᠨ ᠬᠤᠯᠠᠭᠠᠢ ᠳ᠋ᠤᠷ ᠡᠳ᠋ ᠢ᠋ᠶ᠋ᠡᠨ ᠠᠪᠲᠠᠭᠠᠳ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃