ᠫᠢᠣᠨᠧᠷ ᠦ᠋ᠨ ᠳᠠᠭᠤᠤ- ᠳ· ᠨᠠᠴᠤᠭᠳᠣᠷᠵᠢД.Нацагдорж-Пионерийн дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠢᠣᠨᠧᠷ ᠦ᠋ᠨ ᠳᠠᠭᠤᠤ- ᠳ· ᠨᠠᠴᠤᠭᠳᠣᠷᠵᠢД.Нацагдорж-Пионерийн дуу

ᠫᠢᠣᠨᠧᠷ ᠦ᠋ᠨ ᠳᠠᠭᠤᠤ- ᠳ· ᠨᠠᠴᠤᠭᠳᠣᠷᠵᠢД.Нацагдорж-Пионерийн дуу

ᠠᠩᠭᠢᠯᠠᠯ:ᠳᠠᠭᠤᠤ ᠬᠥᠭᠵᠢᠮ
2024-05-22

339

ᠫᠢᠣᠨᠧᠷ ᠦ᠋ᠨ ᠳᠠᠭᠤᠤ 

             ᠳ· ᠨᠠᠴᠤᠭᠳᠣᠷᠵᠢ 
ᠪᠦᠬᠦᠢ ᠣᠯᠠᠨ ᠪᠠᠭᠠᠴᠤᠳ ᠠ᠋ 
ᠪᠦᠷᠬᠦᠭᠰᠡᠨ ᠤᠯᠠᠭᠠᠨ ᠴᠡᠴᠡᠷᠯᠢᠭ ᠲᠡᠭᠡᠨ 
ᠪᠦᠷᠢᠨ ᠰᠢᠨ᠎ᠡ ᠪᠡᠷ ᠡᠭᠦᠰᠦᠭᠰᠡᠨ 
ᠪᠥᠵᠢᠭ ᠨᠠᠭᠠᠳᠤᠮ ᠢ᠋ᠶ᠋ᠠᠷ ᠨᠠᠭᠠᠳᠴᠠᠭᠠᠶ᠎ᠠ᠂ ᠪᠡᠯᠡᠬᠡᠨ ᠠ᠋! 

ᠠᠷᠢᠭᠤᠨ ᠤᠯᠠᠭᠠᠨ ᠴᠢᠰᠤᠨ ᠳ᠋ᠠᠭᠠᠨ 
ᠠᠷᠠᠳ ᠤ᠋ᠨ ᠢ᠋ᠶ᠋ᠠᠨ ᠬᠤᠪᠢᠰᠬᠠᠯ ᠢ᠋ ᠰᠢᠩᠭᠡᠭᠡᠵᠦ 
ᠠᠷᠢᠭᠤᠨ ᠤᠭᠤᠷᠠᠭ ᠲᠠᠷᠢᠬᠢᠨ ᠳ᠋ᠠᠭᠠᠨ 
ᠠᠷᠠᠳ ᠤ᠋ᠨ ᠪᠣᠯᠪᠠᠰᠤᠷᠠᠯ ᠢ᠋ ᠬᠥᠭᠵᠢᠭᠦᠯᠦᠶ᠎ᠡ᠂ ᠪᠡᠯᠡᠬᠡᠨ ᠠ᠋! 

ᠰᠢᠨᠡᠬᠡᠨ ᠤᠯᠠᠭᠠᠨ ᠪᠦᠴᠡ ᠶ᠋ᠢ 
ᠰᠠᠯᠬᠢᠨ ᠤ᠋ ᠵᠦᠭ ᠲᠡᠭᠡᠨ ᠬᠡᠢᠰᠬᠡᠨ᠎ᠡ᠃
ᠰᠢᠨᠡᠬᠡᠨ ᠥᠰᠪᠥᠷᠢ ᠶ᠋ᠢᠨ ᠪᠠᠭᠠᠴᠤᠳ ᠠ᠋ 
ᠰᠡᠳᠬᠢᠯ ᠦ᠋ᠨ ᠦᠵᠦᠭᠦᠷ ᠢ᠋ ᠬᠥᠳᠡᠯᠭᠡᠨ᠎ᠡ᠂ ᠪᠡᠯᠡᠬᠡᠨ ᠠ᠋!

ᠪᠠᠭ᠎ᠠ ᠠᠯᠠᠭ ᠪᠥᠮᠪᠥᠷ ᠨᠢ
ᠫᠡᠷ ᠫᠡᠷ ᠳᠤᠤᠭᠠᠷᠬᠤ ᠶ᠋ᠢᠨ ᠬᠠᠮᠲᠤ ᠪᠠᠷ
ᠪᠠᠭᠠᠴᠤᠳ ᠬᠡᠦᠬᠡᠳ ᠪᠦᠭᠦᠳᠡᠭᠡᠷ ᠢ᠋ᠶ᠋ᠡᠨ
ᠪᠠᠶᠠᠷ ᠴᠡᠩᠭᠡᠯ ᠢ᠋ ᠬᠥᠳᠡᠯᠭᠡᠨ᠎ᠡ᠂ ᠪᠡᠯᠡᠬᠡᠨ ᠠ᠋!

ᠠᠷᠠᠰᠤᠨ ᠪᠥᠮᠪᠥᠭᠡ ᠶ᠋ᠢ ᠪᠥᠮᠪᠥᠷᠢᠭᠦᠯᠦᠭᠡᠳ
ᠠᠰᠤᠷᠤ ᠲᠣᠭᠯᠠᠬᠤ ᠶ᠋ᠢᠨ ᠬᠠᠮᠲᠤ ᠪᠠᠷ
ᠠᠯᠤᠰ ᠤ᠋ᠨ ᠶᠡᠬᠡ ᠤᠯᠠᠷᠢᠯ ᠢ᠋
ᠠᠪᠴᠠᠭᠠᠬᠤ ᠪᠠᠭᠠᠴᠤᠳ ᠮᠥᠨ ᠠ᠋ ᠪᠢᠳᠡ᠂ ᠪᠡᠯᠡᠬᠡᠨ ᠠ᠋!

ᠪᠡᠯᠡᠳᠬᠡᠨ ᠨᠢᠭᠡᠳᠴᠦ ᠵᠢᠭᠰᠠᠭᠰᠠᠨ
ᠪᠠᠭᠠᠴᠤᠳ ᠬᠡᠦᠬᠡᠳ ᠪᠦᠭᠦᠳᠡᠭᠡᠷ ᠢ᠋ᠶ᠋ᠡᠨ
ᠪᠡᠶᠡᠯᠡᠭᠰᠡᠨ ᠡᠷᠳᠡᠮ ᠳ᠋ᠦ᠍ ᠪᠣᠯᠪᠠᠰᠤᠷᠠᠵᠤ
ᠪᠠᠭᠠᠲᠤᠷ ᠬᠤᠪᠢᠰᠬᠠᠯ ᠢ᠋ ᠵᠠᠯᠭᠠᠮᠵᠢᠯᠠᠶ᠎ᠠ᠂ ᠪᠡᠯᠡᠬᠡᠨ ᠠ᠋!
             1925 ᠣᠨ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ