ᠴᠠᠭᠠᠨ ᠬᠢᠶᠠᠭ Цагаан хиаг

ᠴᠠᠭᠠᠨ ᠬᠢᠶᠠᠭ
ᠦᠶᠡᠲᠦ ᠤᠷᠭᠤᠮᠠᠯ ᠤ᠋ᠨ ᠢᠵᠠᠭᠤᠷ
ᠪᠤᠲᠠᠯᠠᠵᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ ᠬᠥᠨᠳᠡᠯᠡᠨ ᠤᠷᠭᠤᠬᠤ ᠣᠬᠣᠷᠬᠠᠨ ᠦᠨᠳᠦᠰᠦᠯᠢᠭ ᠡᠰᠢ ᠲᠡᠢ᠃ ᠰᠦᠷᠡᠯ ᠨᠢ ᠰᠢᠯᠤᠭᠤᠨ ᠪᠤᠶᠤ ᠤᠭ ᠤ᠋ᠨ ᠬᠡᠰᠡᠭ ᠲᠡᠭᠡᠨ ᠡᠪᠦᠳᠦᠭ ᠮᠡᠲᠦ ᠮᠤᠷᠤᠢᠨ᠎ᠠ᠂25—80cm ᠥᠨᠳᠥᠷ᠂ ᠭᠤᠷᠪᠠ ᠠ᠋ᠴᠠ ᠣᠯᠠᠨ ᠦᠶ᠎ᠡ ᠲᠡᠢ ᠪᠠ ᠦᠶ᠎ᠡ ᠳ᠋ᠦ᠍ᠨᠢ ᠦᠰᠦ ᠦᠭᠡᠢ ᠪᠤᠶᠤ ᠴᠠᠭᠠᠨ ᠦᠰᠦ ᠲᠡᠢ᠃ ᠨᠠᠪᠴᠢᠨ ᠤ᠋ ᠲᠣᠭᠳᠣᠢ ᠨᠢ ᠦᠰᠦ ᠦᠭᠡᠢ; ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ; ᠨᠠᠪᠴᠢ ᠨᠢ ᠨᠠᠷᠢᠨ ᠪᠦᠰᠡ ᠬᠡᠯᠪᠡᠷᠢ ᠲᠡᠢ᠂5—18cm ᠤᠷᠲᠤ᠂2—3mm ᠥᠷᠭᠡᠨ᠂ ᠱᠣᠪᠲᠣᠭᠣᠷ ᠦᠵᠦᠭᠦᠷ ᠲᠡᠢ᠂ ᠲᠣᠭᠣᠷᠢᠭ ᠤᠭ ᠲᠠᠢ᠂ ᠬᠣᠶᠠᠷ ᠲᠠᠯ᠎ᠠ ᠳ᠋ᠤᠨᠢ ᠨᠢ ᠲᠠᠷᠠᠮᠠᠭ ᠦᠰᠦ ᠲᠡᠢ ᠪᠤᠶᠤ ᠠᠷᠤ ᠳ᠋ᠤᠨᠢ ᠦᠰᠦ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠳᠥᠷᠪᠡ ᠪᠤᠶᠤ ᠣᠯᠠᠨ ᠢ᠋ᠶ᠋ᠠᠷ ᠡᠰᠢᠨ ᠦ᠌ ᠣᠷᠣᠢ ᠳ᠋ᠤ᠌ ᠬᠤᠷᠠᠵᠤ ᠪᠠᠭᠯᠠᠷᠠᠨ ᠤᠷᠭᠤᠨ᠎ᠠ᠂3—6.5cm ᠤᠷᠲᠤ᠂2mm ᠬᠢᠷᠢ ᠥᠷᠭᠡᠨ᠂ ᠴᠠᠢᠪᠤᠷ ᠨᠣᠭᠣᠭᠠᠨ ᠪᠤᠶᠤ ᠪᠣᠷᠣᠪᠲᠤᠷ᠂ ᠲᠡᠩᠭᠡᠯᠢᠭ ᠦ᠋ᠨ ᠦᠶ᠎ᠡ ᠪᠦᠷᠢ ᠳ᠋ᠦ᠍ ᠬᠣᠶᠠᠷ ᠵᠢᠵᠢᠭ ᠲᠦᠷᠦᠭᠦᠦ ᠤᠷᠭᠤᠳᠠᠭ; ᠪᠠᠷᠢᠭᠤᠯ ᠦᠭᠡᠢ ᠵᠢᠵᠢᠭ ᠲᠦᠷᠦᠭᠦᠦ ᠨᠢ4—5mm ᠤᠷᠲᠤ ᠦᠷᠡᠯᠡᠨ᠎ᠡ᠂ ᠰᠠᠭᠤᠷᠢ ᠲᠠᠪᠠᠭ ᠲᠤᠨᠢ ᠦᠰᠦ ᠲᠡᠢ; ᠨᠢᠭᠡᠳᠦᠭᠡᠷ ᠬᠠᠯᠢᠰᠤ ᠨᠢ ᠡᠪᠰᠦᠯᠢᠭ᠂ ᠠᠷᠤ ᠲᠠᠯ᠎ᠠ ᠶ᠋ᠢᠨ ᠲᠥᠪ ᠬᠡᠰᠡᠭ ᠨᠢ ᠪᠠᠬᠠᠨ ᠬᠣᠲᠣᠢᠵᠠᠢ᠂5—7 ᠰᠤᠳᠠᠯ ᠲᠠᠢ᠂ ᠳᠣᠣᠷᠠᠲᠤ ᠬᠡᠰᠡᠭ ᠲᠤᠨᠢ ᠰᠢᠷᠬᠡᠭ ᠮᠡᠲᠦ ᠦᠰᠦ ᠲᠡᠢ᠃ ᠬᠣᠶᠠᠳᠤᠭᠠᠷ ᠬᠠᠯᠢᠰᠤ ᠶ᠋ᠢᠨ ᠬᠢᠨᠢ ᠳᠤᠮᠳᠠ ᠠ᠋ᠴᠠ ᠳᠡᠭᠡᠭᠰᠢ ᠬᠡᠰᠡᠭ ᠲᠦ ᠦᠰᠦ ᠲᠡᠢ; ᠨᠢᠭᠡᠳᠦᠭᠡᠷ ᠭᠠᠳᠠᠷ ᠬᠡᠪᠡᠭ ᠨᠢ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠳᠡᠭᠡᠳᠦ ᠬᠡᠰᠡᠭ ᠦ᠋ᠨ ᠬᠥᠪᠡᠭᠡ ᠳ᠋ᠦ᠍ᠨᠢ ᠰᠣᠷᠮᠤᠤᠰᠤ ᠦᠰᠦ ᠲᠡᠢ; ᠬᠣᠶᠠᠳᠤᠭᠠᠷ ᠭᠠᠳᠠᠷ ᠬᠡᠪᠡᠭ ᠨᠢ ᠳᠣᠷᠣᠢᠲᠠᠭᠠᠳ ᠪᠦᠰᠡ ᠬᠡᠯᠪᠡᠷᠢ ᠲᠡᠢ ᠪᠣᠯᠵᠠᠢ᠂ᠦᠵᠦᠭᠦᠷ ᠲᠦ ᠨᠢ10—15mm ᠤᠷᠲᠤ ᠰᠤᠷ ᠲᠠᠢ; ᠪᠠᠷᠢᠭᠤᠯ ᠲᠠᠢ ᠵᠢᠵᠢᠭ ᠲᠦᠷᠦᠭᠦᠦ ᠨᠢ ᠡᠷ᠎ᠡ ᠪᠡᠯᠭᠡ ᠲᠡᠢ ᠪᠤᠶᠤ ᠬᠥᠭᠵᠢᠯ ᠦᠭᠡᠢ᠂ ᠰᠤᠷ ᠦᠭᠡᠢ; ᠨᠢᠭᠡᠳᠦᠭᠡᠷ ᠬᠠᠯᠢᠰᠤ ᠨᠢ ᠶᠢᠰᠦᠨ ᠰᠤᠳᠠᠯ ᠲᠠᠢ᠂ ᠠᠷᠤ ᠳ᠋ᠤᠨᠢ ᠦᠰᠦ ᠦᠭᠡᠢ᠂ ᠬᠣᠶᠠᠳᠤᠭᠠᠷ ᠬᠠᠯᠢᠰᠤ ᠨᠢ ᠲᠠᠪᠤᠨ ᠰᠤᠳᠠᠯ ᠲᠠᠢ᠂ ᠬᠥᠪᠡᠭᠡ ᠨᠢ ᠲᠣᠷᠭᠠᠨ ᠬᠠᠯᠢᠰᠤᠯᠢᠭ ᠪᠥᠭᠡᠳ ᠰᠣᠷᠮᠤᠤᠰᠤ ᠦᠰᠦ ᠲᠡᠢ; ᠲᠣᠭᠣᠰᠣᠪᠴᠢ ᠨᠢ ᠰᠢᠷ᠎ᠠ᠂ 1.5—2mm ᠤᠷᠲᠤ᠃
ᠠᠭᠤᠯᠠ ᠶ᠋ᠢᠨ ᠬᠠᠵᠠᠭᠤ᠂ ᠵᠠᠮ ᠤ᠋ᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃ ᠦᠨᠳᠦᠰᠦ ᠪᠡᠷ ᠨᠢ ᠵᠠᠰᠠᠯ ᠴᠢᠮᠡᠭᠯᠡᠯ ᠦ᠋ᠨ ᠵᠦᠢᠯ ᠪᠤᠶᠤ ᠱᠤᠸᠠᠰᠠ ᠬᠢᠳᠡᠭ᠃
ᠬᠢᠲᠠᠳ ᠨᠡᠷ᠎ᠡ᠄白羊草
ᠠᠩᠭ᠌ᠯᠢ ᠨᠡᠷ᠎ᠡ᠄Bothriochloa ischaemum(L.)Keng
ᠦᠰᠦᠭ ᠠᠮᠢᠯᠠᠭᠤᠯᠤᠭᠴᠢ᠄ ᠣ · ᠰᠡᠴᠡᠨᠲᠤ
ᠬᠢᠨᠠᠭᠴᠢ᠄ ᠫᠤ· ᠴᠠᠭᠠᠨ
