ᠰᠤᠷ ᠦᠭᠡᠢ ᠰᠣᠭᠣᠪᠣᠷСургүй согоовор

ᠰᠤᠷ ᠦᠭᠡᠢ ᠰᠣᠭᠣᠪᠣᠷ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠬᠥᠨᠳᠡᠯᠡᠨ ᠤᠷᠭᠤᠬᠤ ᠦᠨᠳᠦᠰᠦᠯᠢᠭ ᠡᠰᠢ ᠲᠡᠢ᠃ ᠰᠦᠷᠡᠯ ᠨᠢ 45—80cm ᠥᠨᠳᠥᠷ ᠰᠢᠯᠤᠭᠤᠨ ᠤᠷᠭᠤᠨ᠎ᠠ᠂ ᠦᠰᠦ ᠦᠭᠡᠢ ᠪᠤᠶᠤ ᠦᠶ᠎ᠡ ᠶ᠋ᠢᠨ ᠳᠣᠣᠷ᠎ᠠ ᠨᠢ ᠰᠥᠷᠭᠡᠦ ᠦᠰᠦ ᠲᠡᠢ᠃ ᠨᠠᠪᠴᠢᠨ ᠤ᠋ ᠲᠣᠭᠳᠣᠢ ᠨᠢ ᠶᠡᠷᠦ ᠳ᠋ᠡᠭᠡᠨ ᠦᠰᠦ ᠦᠭᠡᠢ ᠪᠠ ᠵᠥᠪᠬᠡᠨ ᠠᠮᠠᠰᠠᠷ ᠣᠷᠴᠢᠮ ᠤ᠋ᠨ ᠬᠡᠰᠡᠭ ᠨᠢ ᠰᠠᠯᠤᠩᠭᠢ ᠪᠠᠢᠳᠠᠭ ; ᠨᠠᠪᠴᠢᠨ ᠤ᠋ ᠬᠡᠯᠡ ᠨᠢ ᠬᠠᠲᠠᠭᠤ᠂ 1—2mm ᠤᠷᠲᠤ ; ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ 7—16cm ᠤᠷᠲᠤ᠂ 5—8mm ᠥᠷᠭᠡᠨ᠂ ᠶᠡᠷᠦ ᠳ᠋ᠡᠭᠡᠨ ᠦᠰᠦ ᠦᠭᠡᠢ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠡᠷᠪᠡᠢᠨ ᠤᠷᠭᠤᠨ᠎ᠠ᠂ 10—20cm ᠤᠷᠲᠤ᠂ ᠦᠶ᠎ᠡ ᠪᠦᠷᠢ ᠡᠴᠡ ᠨᠢ 3—5 ᠰᠠᠯᠠᠭ᠎ᠠ ᠭᠠᠷᠬᠤ ᠪᠠ ᠰᠠᠯᠠᠭ᠎ᠠ ᠪᠦᠷᠢ ᠨᠢ 1—6 ᠵᠢᠵᠢᠭ ᠲᠦᠷᠦᠭᠦᠦ ᠲᠡᠢ ; ᠵᠢᠵᠢᠭ ᠲᠦᠷᠦᠭᠦᠦ ᠨᠢ12—25mm ᠤᠷᠲᠤ᠂ 4—8 ᠴᠡᠴᠡᠭ ᠲᠡᠢ ;ᠵᠢᠵᠢᠭ ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠶ᠋ᠢᠨ ᠵᠠᠢ ᠨᠢ 2mm ᠣᠷᠴᠢᠮ ᠤᠷᠲᠤ᠂ ᠵᠢᠵᠢᠭ ᠥᠷᠭᠡᠰᠦ ᠰᠢᠭ ᠦᠰᠦ ᠲᠡᠢ ; ᠬᠠᠯᠢᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠲᠣᠷᠭᠠᠨ ᠬᠠᠯᠢᠰᠤᠯᠢᠭ ᠬᠥᠪᠡᠭᠡ ᠲᠡᠢ ; ᠭᠠᠳᠠᠷ ᠬᠡᠪᠡᠭ ᠨᠢ ᠥᠷᠭᠡᠨ ᠬᠠᠪᠲᠠᠭᠠᠢ ᠲᠡᠪᠡᠨᠡ ᠬᠡᠯᠪᠡᠷᠢ᠂ ᠦᠰᠦ ᠦᠭᠡᠢ ᠪᠤᠶᠤ ᠤᠭ ᠤ᠋ᠨ ᠬᠡᠰᠡᠭ ᠨᠢ ᠪᠠᠬᠠᠨ ᠰᠢᠷᠦᠭᠦᠨ᠂ 8—11mm ᠤᠷᠲᠤ᠂ 5—7 ᠰᠤᠳᠠᠯ ᠲᠠᠢ᠂ ᠶᠡᠷᠦ ᠳ᠋ᠡᠭᠡᠨ ᠰᠤᠷ ᠦᠭᠡᠢ ᠪᠤᠶᠤ ᠠᠷᠤ ᠲᠠᠯ᠎ᠠ ᠶ᠋ᠢᠨ ᠬᠢᠨᠢ ᠦᠵᠦᠭᠦᠷ ᠣᠷᠴᠢᠮ ᠠ᠋ᠴᠠ 1—2mm ᠤᠷᠲᠤ ᠰᠤᠷ ᠭᠠᠷᠳᠠᠭ ; ᠳᠣᠲᠣᠷ ᠬᠡᠪᠡᠭ ᠨᠢ ᠭᠠᠳᠠᠷ ᠬᠡᠪᠡᠭ ᠡᠴᠡ ᠪᠡᠨ ᠣᠬᠤᠷ ᠠᠷᠤ ᠳ᠋ᠤᠨᠢ ᠦᠰᠦ ᠲᠡᠢ ; ᠲᠣᠭᠣᠰᠣᠪᠴᠢ ᠨᠢ ᠰᠢᠷ᠎ᠠ᠂ 3—4.5mm ᠤᠷᠲᠤ᠃ ᠠᠮᠤ ᠵᠢᠮᠢᠰ ᠨᠢ ᠳᠣᠲᠣᠷ ᠬᠡᠪᠡᠭ ᠲᠡᠢ ᠲᠡᠩᠴᠡᠭᠦᠦ ᠰᠢᠬᠠᠭᠤ᠃
ᠠᠭᠤᠯᠠ ᠶ᠋ᠢᠨ ᠬᠠᠵᠠᠭᠤ᠂ ᠭᠣᠣ ᠵᠢᠯᠠᠭ᠎ᠠ᠂ ᠵᠠᠮ ᠤ᠋ᠨ ᠬᠠᠵᠠᠭᠤ᠂ ᠭᠣᠣᠯ ᠤ᠋ᠨ ᠬᠥᠪᠡᠭᠡ ᠪᠡᠷ ᠪᠦᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
ᠰᠢᠮ᠎ᠡ ᠲᠡᠵᠢᠭᠡᠯ ᠢ᠋ᠶ᠋ᠡᠷ ᠥᠨᠳᠥᠷ ᠰᠠᠢᠨ ᠪᠣᠷᠳᠣᠭ᠎ᠠ ᠡᠪᠡᠰᠦ᠂ ᠲᠥᠷᠥᠯ ᠪᠦᠷᠢ ᠶ᠋ᠢᠨ ᠮᠠᠯ ᠲᠡᠵᠢᠭᠡᠪᠦᠷᠢ ᠪᠦᠷ ᠢᠳᠡᠬᠦ ᠳᠤᠷᠠᠲᠠᠢ᠃ ᠮᠥᠨ ᠡᠯᠡᠰᠦ ᠲᠣᠭᠲᠠᠭᠠᠬᠤ ᠤᠷᠭᠤᠮᠠᠯ ᠶᠤᠮ᠃
ᠬᠢᠲᠠᠳ ᠨᠡᠷ᠎ᠡ᠄无芒雀麦
ᠠᠩᠭ᠌ᠯᠢ ᠨᠡᠷ᠎ᠡ᠄ Bromus inermis Leyss.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠳᠤᠷ
ᠬᠢᠨᠠᠭᠴᠢ᠄ ᠣᠳᠬᠠᠨᠰᠣ᠎ᠠ᠂ ᠫᠣ·ᠴᠠᠭᠠᠨ
