ᠮᠣᠩᠭᠣᠯ ᠱᠥᠯᠥ᠍ – ᠶᠣᠨᠳᠣᠨ ᠤ ᠪᠢᠯᠢᠭ᠌ - ᠪᠠᠭᠠᠲᠤᠷ Монгол шөл - Ёндоны Билиг - Баатар
ᠮᠣᠩᠭᠣᠯ ᠱᠥᠯᠥ᠍
ᠵᠥᠭᠡᠬᠡᠢ ᠬᠦᠮᠡᠯᠢ ᠪᠣᠷᠴᠠ ᠰᠢᠷᠭ᠎ᠠ ᠲᠠᠢ ᠱᠥᠯᠥ
ᠵᠥᠭᠡᠢ ᠡᠷᠪᠡᠬᠡᠢ ᠰᠢᠪᠠᠷᠳᠠᠮᠠᠷ ᠪᠢᠲᠡᠭᠦᠦ ᠱᠥᠯᠥ
ᠶᠠᠰᠤᠨ ᠤ᠋ ᠭᠠᠨᠲᠢᠭ ᠬᠥᠯᠥᠷᠡᠭᠦᠯᠦᠮᠡᠷ ᠬᠠᠷ᠎ᠠ ᠱᠥᠯᠥ
ᠶᠠᠪᠠᠭᠠᠨ ᠬᠥᠮᠦᠨ ᠢ᠋ ᠬᠦᠯᠦᠭᠯᠡᠭᠦᠯᠦᠮᠡᠷ ᠲᠠᠷᠠᠭ ᠱᠥᠯᠥ
ᠠᠶ᠎ᠠ᠂ ᠮᠢᠨᠦ ᠮᠣᠩᠭᠣᠯ ᠤ᠋ᠨ
ᠢᠳᠡᠭᠡᠨ ᠤᠮᠳᠠᠭᠠᠨ ᠤ᠋ ᠰᠣᠶᠣᠯ ᠤ᠋ᠨ ᠥᠪ
ᠠᠢ ᠳᠠ ᠬᠦ᠂ ᠬᠥᠬᠡ ᠡᠪᠦᠭᠡᠳ ᠦ᠋ᠨ ᠮᠢᠨᠢ
ᠢᠷᠮᠡᠭᠦᠨ ᠵᠥᠪ ᠤᠬᠠᠭᠠᠷᠠᠯ ᠶᠤᠮ ᠰᠢᠦ ᠳᠡ
ᠬᠠᠪᠤᠷ ᠤ᠋ᠨ ᠤᠷᠢᠨ ᠤ᠋ ᠨᠢᠯᠬ᠎ᠠ ᠬᠠᠯᠠᠭᠠᠢ ᠲᠠᠢ ᠱᠥᠯᠥ
ᠲᠠᠷᠯᠠᠨ ᠦᠬᠡᠷ ᠦ᠋ᠨ ᠮᠢᠬᠠᠨ ᠲᠥᠮᠥᠰᠥ ᠲᠡᠢ ᠱᠥᠯᠥ
ᠲᠠᠷᠭᠤᠨ ᠬᠣᠨᠢᠨ ᠤ᠋ ᠶᠠᠰᠤ ᠲᠠᠢ ᠱᠥᠯᠥ
ᠬᠠᠷᠢ ᠳ᠋ᠤ᠌ ᠪᠠᠢᠳᠠᠭ ᠦᠭᠡᠢ ᠭᠣᠳᠣᠩ ᠲᠠᠢ ᠱᠥᠯᠥ
ᠠᠶ᠎ᠠ᠂ ᠮᠠᠨ ᠤ᠋ ᠮᠣᠩᠭᠣᠯ ᠤ᠋ᠨ
ᠤᠯᠠᠭᠠᠨ ᠴᠠᠭᠠᠨ ᠢᠳᠡᠭᠡᠨ ᠦ᠌ ᠲᠡᠦᠬᠡ
ᠠᠢ ᠳᠠ ᠬᠦ᠂ ᠡᠷᠲᠡ ᠢᠵᠠᠭᠤᠷ ᠠ᠋ᠴᠠ ᠪᠠᠨ
ᠡᠷᠡᠭᠦᠯ ᠠᠮᠢᠳᠤᠷᠠᠭᠰᠠᠨ ᠤ᠋ ᠲᠠᠷᠬᠠᠯᠭ᠎ᠠ ᠶᠤᠮ ᠰᠢᠦ ᠳᠡ
ᠰᠠᠨᠰᠠᠷ ᠤ᠋ᠨ ᠣᠳᠣᠳ ᠬᠥᠪᠪᠦᠭᠰᠡᠨ ᠰᠦᠨ ᠱᠥᠯᠥ
ᠰᠢᠪᠠᠭᠤᠳ ᠤ᠋ᠨ ᠵᠢᠷᠭᠢᠭᠡᠨᠲᠦ ᠬᠣᠨᠣᠭ ᠪᠤᠳᠠᠭᠠᠨ ᠱᠥᠯᠥ
ᠵᠠᠭᠤᠨ ᠪᠠᠷ᠎ᠠ ᠠ᠋ᠴᠠ ᠬᠠᠩᠬᠤᠯᠤᠮᠠᠷ ᠬᠠᠪᠢᠷᠭᠠᠨ ᠱᠥᠯᠥ
ᠵᠦᠭᠡᠷ ᠰᠠᠨᠠᠭᠳᠠᠭᠠᠳ ᠪᠠᠢᠳᠠᠭ ᠴᠤᠯᠤ ᠶ᠋ᠢᠨ ᠱᠥᠯᠥ
ᠠᠶ᠎ᠠ᠂ ᠪᠢᠳᠡᠨ ᠪᠦᠭᠦᠳᠡᠭᠡᠷ ᠢ᠋ᠶ᠋ᠡᠨ
ᠬᠣᠷᠸ᠎ᠠ ᠳ᠋ᠤ᠌ ᠬᠣᠣᠰ ᠦᠭᠡᠢ ᠭᠠᠢᠬᠠᠮᠰᠢᠭ ᠢ᠋ᠶ᠋ᠠᠨ
ᠠᠢ ᠳᠠ ᠬᠦ᠂ ᠦᠶ᠎ᠡ ᠶ᠋ᠢᠨ ᠦᠶ᠎ᠡ ᠳ᠋ᠡᠭᠡᠨ
ᠬᠠᠮᠠᠭᠠᠯᠠᠵᠤ ᠥᠪᠯᠡᠭᠦᠯᠬᠦ ᠶ᠋ᠢᠨ ᠤᠴᠢᠷ ᠲᠠᠢ ᠰᠢᠦ ᠳᠡ
2024᠂ 1᠂ 8᠃ ᠦᠳᠡ ᠶ᠋ᠢᠨ ᠬᠣᠢᠨ᠎ᠠ᠃
ᠰᠢᠯᠤᠭᠤᠨ ᠬᠥᠪᠡᠭᠡᠲᠦ ᠴᠠᠭᠠᠨ ᠬᠤᠰᠢᠭᠤᠨ ᠠ᠋ᠴᠠ
ᠬᠥᠬᠡᠬᠣᠲᠠ ᠬᠦᠷᠬᠦ ᠭᠠᠯᠲᠤ ᠲᠡᠷᠭᠡᠨ ᠳᠡᠭᠡᠷ᠎ᠡ
ᠪᠤᠴᠠᠯᠤᠮ᠎ᠠ ᠣᠩᠭᠣᠳ ᠢ᠋ᠶ᠋ᠠᠷ ᠪᠦᠲᠦᠭᠡᠪᠡᠢ᠃
