《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠵᠢᠷᠭᠤᠳᠤᠭᠠᠷ ᠪᠦᠯᠦᠭ> "Хөх судар" он нөхвөр дэвтэр - Инжинаш <Дөчин зургадугаар бүлэг>
ᠳᠥᠴᠢᠨ ᠵᠢᠷᠭᠤᠳᠤᠭᠠᠷ ᠪᠦᠯᠦᠭ
ᠬᠤᠷᠮᠤᠰᠲᠠ ᠲᠡᠭᠷᠢ ᠶᠢᠰᠦᠨ ᠥᠷᠯᠥᠭᠡ ᠶ᠋ᠢᠨ ᠪᠡᠯᠭᠡ ᠢᠷᠦᠭᠡᠯ ᠢ᠋ ᠶᠢᠰᠦᠨ ᠵᠦᠢᠯ ᠢ᠋ᠶ᠋ᠡᠷ ᠬᠠᠢᠷᠠᠯᠠᠪᠠ
ᠪᠣᠭᠳᠠ ᠴᠢᠩᠭᠢᠰ ᠲᠦᠮᠡᠨ ᠦᠶ᠎ᠡ ᠶ᠋ᠢᠨ ᠬᠠᠭᠠᠨ ᠤ᠋ ᠨᠡᠷ᠎ᠡ ᠶ᠋ᠢ ᠲᠦᠮᠡᠨ ᠦ᠌ ᠰᠠᠨᠠᠭ᠎ᠠ ᠪᠠᠷ ᠬᠦᠯᠢᠶᠡᠨ ᠠᠪᠤᠪᠠ
ᠢᠲᠡᠭᠡᠬᠦᠶ᠎ᠡ ᠪᠡᠷᠬᠡ ᠦᠨᠡᠨ ᠬᠡᠷᠡᠭ ᠦ᠋ᠳ ᠬᠡᠵᠢᠶ᠎ᠡ ᠴᠠᠭᠳᠠ ᠰᠠᠶᠢ ᠵᠣᠭᠰᠣᠮᠤᠢ ?
ᠢᠷᠡᠭᠡᠳᠦᠢ ᠶ᠋ᠢ ᠤᠭᠲᠤᠵᠤ ᠮᠡᠳᠡᠭᠴᠢᠳ ᠡᠷᠲᠡᠴᠡ ᠪᠠᠢᠭᠰᠠᠭᠠᠷ ᠢᠷᠡᠵᠦᠬᠦᠢ ᠃
ᠢᠷᠭᠡᠨ ᠬᠠᠭᠠᠨ ᠳᠠᠩ ᠲᠠᠢᠽᠥ᠋ᠩ ᠠᠷᠪᠠᠨ ᠵᠢᠷᠭᠤᠭᠠᠨ ᠪᠠᠲᠤᠳᠠ ᠠᠭᠴᠢ ᠶ᠋ᠢ ᠵᠠᠯᠠᠵᠤᠬᠤᠢ
ᠢᠯᠡ ᠲᠡᠭᠷᠢ ᠶᠤᠸᠠᠨ ᠲᠠᠢᠽᠦ ᠲᠦᠮᠡᠨ ᠦᠶ᠎ᠡ ᠶ᠋ᠢᠨ ᠵᠢᠷᠤᠮᠲᠤ ᠪᠣᠭᠳᠠ ᠶ᠋ᠢ ᠦᠵᠡᠵᠦᠬᠦᠢ ᠃
ᠲᠡᠨᠳᠡᠴᠡ ᠭᠤᠷᠪᠠᠨ ᠰᠠᠷ᠎ᠠ ᠶ᠋ᠢᠨ ᠬᠣᠷᠢᠨ ᠤ᠋ ᠰᠥᠨᠢ ᠬᠣᠷᠢᠨ ᠨᠢᠭᠡᠨ ᠦ᠌ ᠥᠷᠯᠥᠭᠡ ᠶ᠋ᠢᠨ ᠦᠬᠡᠷ ᠴᠠᠭ ᠲᠤᠷ ᠪᠦᠷᠦᠭ ᠪᠠᠷᠤᠭ ᠬᠠᠭᠠᠰ ᠬᠡᠯᠲᠡᠷᠡᠭᠰᠡᠨ ᠪᠦᠳᠡᠭᠢ ᠰᠠᠷᠠᠨ ᠤ᠋ ᠭᠡᠷᠡᠯ ᠳ᠋ᠦ᠍ᠷ ᠸᠴᠢᠷ ᠮᠠᠨᠳᠠᠯ ᠤ᠋ᠨ ᠴᠢᠬᠡ ᠳᠤᠮᠳᠠᠳᠤ ᠶᠢᠰᠦᠨ ᠮᠠᠨᠵᠢᠯᠭ᠎ᠠ ᠭᠤᠷᠪᠠᠨ ᠬᠥᠯᠲᠦ ᠰᠦᠯᠳᠡ ᠶ᠋ᠢᠨ ᠲᠤᠭ ᠠ᠋ᠴᠠ ᠨᠢᠭᠡᠨ ᠵᠤᠷᠪᠤᠰ ᠮᠥᠩᠭᠥᠨ ᠤᠰᠤᠨ ᠤ᠋ ᠮᠠᠷᠠᠯ ᠣᠳᠣᠨ᠂ ᠲᠠᠢᠽᠦ ᠶ᠋ᠢᠨ ᠨᠣᠢᠷᠰᠤᠬᠤ ᠶᠡᠬᠡ ᠬᠠᠭᠠᠨ ᠥᠷᠭᠥᠭᠡ ᠶ᠋ᠢᠨ ᠴᠢᠬᠡ ᠭᠣᠣᠯ ᠤ᠋ᠨ ᠰᠢᠵᠢᠷ ᠠᠯᠳᠠᠨ᠎ᠠ ᠠᠯᠮᠠᠰ ᠡᠷᠳᠡᠨᠢ ᠰᠢᠭᠢᠳᠬᠡᠭᠰᠡᠨ ᠸᠴᠢᠷ ᠬᠦᠷᠳᠦᠨ ᠤ ᠴᠡᠭᠡᠯ ᠣᠷᠣᠢ ᠳ᠋ᠤᠷ ᠳᠤᠰᠤᠮᠠᠭᠴᠠ᠂ ᠲᠡᠷᠡ ᠸᠴᠢᠷ ᠦ᠋ᠨ ᠣᠷᠣᠢ ᠪᠠ ᠠᠯᠲᠠᠨ ᠭᠠᠳᠠᠰᠤ ᠣᠳᠣᠨ ᠤ ᠠᠯᠲᠠᠨ ᠲᠤᠭ ᠤ᠋ᠨ ᠣᠷᠣᠢ ᠰᠡᠷᠡᠭᠡ ᠡᠴᠡ ᠬᠠᠮᠲᠤ ᠴᠤᠭᠭᠠᠷ ᠴᠠᠭᠠᠨ ᠭᠡᠷᠡᠯ ᠰᠠᠴᠤᠷᠠᠨ ᠪᠠᠳᠠᠷᠠᠨ ᠭᠠᠷᠤᠭᠠᠳ᠂ ᠭᠱᠠᠨ ᠵᠠᠭᠤᠷ᠎ᠠ ᠳ᠋ᠤᠷ ᠲᠤᠨᠤᠷᠠᠨ ᠭᠡᠢᠭᠦᠯᠵᠦ᠂ ᠥᠳᠬᠡᠷᠡᠨ ᠭᠡᠢᠭᠡᠳ᠂ ᠲᠦᠮᠡᠨ ᠲᠦᠰᠢᠮᠡᠯ ᠮᠢᠩᠭᠠᠨ ᠨᠣᠶᠠᠳ ᠪᠦᠭᠦᠳᠡᠭᠡᠷ ᠬᠤᠷᠠᠯᠳᠤᠨ ᠬᠤᠷᠠᠭᠰᠠᠨ ᠢ᠋ᠶ᠋ᠠᠷ ᠡᠳᠦᠭᠡ ᠡᠨᠡ ᠨᠢᠭᠡᠨ ᠴᠠᠭᠠᠨ ᠭᠡᠷᠡᠯ ᠰᠠᠴᠤᠷᠠᠭᠰᠠᠨ ᠢ᠋ ᠦᠵᠡᠵᠦ ᠰᠠᠢᠬᠠᠨ ᠦᠨᠦᠷ ᠲᠠᠷᠢᠭᠢᠨᠠ ᠨᠡᠪᠲᠡᠷᠡᠨ᠂ ᠬᠤᠪᠴᠠᠳ ᠲᠤᠷ ᠰᠢᠩᠭᠡᠭᠰᠡᠨ ᠳ᠋ᠦ᠍ᠷ ᠮᠤᠬᠤᠯᠢ ᠫᠤᠤ᠂ ᠲᠠᠰᠢᠭᠤᠷ᠂ ᠵᠦᠩ ᠬᠡᠩᠭᠡᠷᠭᠡ᠂ ᠬᠠᠷᠠᠩᠭ᠎ᠠ ᠪᠦᠷᠢᠶ᠎ᠡ ᠶ᠋ᠢᠨ ᠶᠡᠬᠡ ᠲᠦᠷᠬᠢᠯᠭᠡᠨᠲᠦ ᠲᠡᠮᠳᠡᠭ ᠢ᠋ ᠴᠠᠭᠠᠵᠠᠯᠠᠨ᠂ ᠭᠠᠭᠴᠠ ᠬᠣᠷᠢᠨ ᠨᠠᠢ᠍ᠮᠠᠨ ᠣᠳᠣᠳ ᠤ᠋ᠨ ᠬᠦᠷᠢᠶᠡᠨ ᠦ᠌ ᠬᠣᠷᠢᠨ ᠳᠥᠷᠪᠡᠨ ᠤᠯᠠᠷᠢᠯ ᠤ᠋ᠨ ᠨᠠᠢ᠍ᠮᠠᠨ ᠤ᠋ ᠪᠤᠯᠤ ᠢᠦᠢ ᠬᠠᠭᠠᠨ ᠤ᠋ ᠲᠠᠪᠤᠨ ᠵᠠᠭᠤᠨ ᠳᠠᠯᠠᠨ ᠵᠢᠷᠭᠤᠭᠠᠨ ᠬᠥᠮᠦᠨ ᠤ ᠲᠡᠭᠷᠢ ᠶ᠋ᠢᠨ ᠨᠠᠷᠢᠨ ᠬᠥᠭᠵᠢᠮ ᠢ ᠡᠭᠦᠰᠬᠡᠯᠭᠡᠨ᠂ ᠳᠣᠬᠢᠶ᠎ᠠ ᠲᠠᠯᠪᠢᠭᠤᠯᠵᠤ᠂ ᠤᠭ ᠶᠢᠰᠦᠨ ᠮᠡᠩᠭᠡ᠂ ᠶᠢᠰᠦᠨ ᠥᠩᠭᠡ᠂ ᠶᠢᠰᠦᠨ ᠡᠩ ᠦ᠋ᠨ ᠶᠢᠰᠦ ᠶᠢᠰᠦᠨ ᠨᠠᠶᠠᠨ ᠨᠢᠭᠡᠨ ᠬᠣᠷᠣᠭᠠᠨ ᠤ᠋ ᠶᠢᠰᠦᠨ ᠲᠦᠮᠡᠨ᠂ ᠶᠢᠰᠦᠨ ᠮᠢᠩᠭᠠᠨ᠂ ᠶᠢᠰᠦᠨ ᠵᠠᠭᠤᠨ ᠶᠡᠷᠡᠨ ᠶᠢᠰᠦᠨ ᠬᠢᠭᠢᠷᠢ ᠪᠠᠷᠢᠭᠰᠠᠨ ᠴᠡᠷᠢᠭ ᠬᠤᠶᠠᠭ ᠶᠢᠰᠦᠨ ᠥᠩᠭᠡᠯᠡᠵᠦ᠂ ᠰᠣᠯᠣᠩᠭ᠎ᠠ ᠣᠪᠣᠭᠠᠯᠠᠭᠰᠠᠨ ᠮᠡᠲᠦ ᠵᠢᠷᠪᠡᠯᠵᠡᠭᠦᠯᠦᠨ ᠪᠦᠷᠢᠳᠦᠭᠡᠳ᠂ ᠲᠡᠳᠡᠭᠡᠷ ᠦ᠋ᠨ ᠲᠦᠭ ᠲᠦᠮᠡᠨ ᠵᠤᠯᠠ ᠭᠡᠷ᠎ᠡ ᠳᠣᠣᠷ᠎ᠠ ᠠ᠋ᠴᠠ ᠥᠭᠡᠳᠡ ᠭᠡᠢᠭᠦᠯᠦᠨ ᠳᠡᠭᠡᠷ᠎ᠡ ᠡᠴᠡ ᠴᠠᠢᠪᠤᠷ ᠭᠡᠢᠪᠡᠩ ᠰᠠᠷᠠᠨ ᠤ᠋ ᠲᠤᠶᠠᠭ᠎ᠠ ᠬᠢᠭᠡᠳ ᠡᠳᠦᠭᠡ ᠬᠠᠭᠠᠨ ᠥᠷᠭᠥᠭᠡ ᠶ᠋ᠢᠨ ᠲᠤᠭ ᠠ᠋ᠴᠠ ᠰᠠᠴᠤᠷᠠᠨ ᠬᠡᠷᠡᠯᠳᠦᠬᠦ ᠰᠦᠨ ᠴᠠᠭᠠᠨ ᠲᠠᠷᠠᠭ ᠤ᠋ᠨ ᠥᠩᠭᠡ ᠶ᠋ᠢᠨ ᠴᠠᠭᠠᠨ ᠰᠤᠪᠤᠳ ᠤ᠋ᠨ ᠭᠡᠷᠡᠯ ᠴᠠᠰᠤᠨ ᠤ᠋ ᠬᠢᠯᠪᠠᠰᠤᠯ ᠮᠡᠲᠦ ᠳᠡᠭᠡᠷ᠎ᠡ ᠡᠴᠡ ᠤᠷᠤᠭᠤ ᠰᠠᠴᠤᠷᠠᠨ ᠬᠡᠷᠡᠯᠳᠦᠵᠦ᠂ ᠲᠦᠮᠡᠨ ᠪᠣᠳᠠᠰ ᠮᠢᠩᠭᠠᠨ ᠮᠠᠨᠳᠠᠯ᠂ ᠵᠤᠯᠠ ᠭᠡᠷᠡᠯ ᠳ᠋ᠦ᠍ᠷ ᠬᠦᠷᠲᠡᠯ᠎ᠡ ᠨᠡᠢᠭᠡᠮ ᠨᠡᠢᠲᠡ ᠪᠡᠷ ᠴᠥᠮ ᠭᠡᠢᠪᠡᠩ ᠴᠠᠭᠠᠨ ᠴᠠᠢᠪᠤᠷ ᠴᠡᠯᠡᠭᠡᠷ ᠰᠢᠯ ᠦ᠋ᠨ ᠣᠷᠴᠢᠯᠠᠩ᠂ ᠪᠣᠯᠣᠷ ᠤ᠋ᠨ ᠣᠭᠲᠠᠷᠭᠤᠢ ᠪᠣᠯᠤᠭᠠᠳ᠂ ᠲᠡᠭᠷᠢ ᠶ᠋ᠢᠨ ᠠᠩᠬᠢᠯᠤᠮᠠᠭ᠂ ᠣᠷᠴᠢᠯᠠᠩ ᠤ᠋ᠨ ᠠᠶᠠᠯᠭᠤ ᠡᠭᠡᠰᠢᠭ ᠯᠦ᠍ᠭᠡ ᠨᠠᠢᠷᠠᠭᠠᠳ᠂ ᠬᠥᠮᠦᠨ ᠦ᠌ ᠴᠣᠭ᠂ ᠣᠯᠠᠨ ᠤ᠋ ᠣᠮᠣᠭ ᠪᠠᠶᠠᠰᠬᠤᠯᠠᠩ ᠯᠤᠭ᠎ᠠ ᠪᠠᠷᠢᠯᠳᠤᠨ᠂ ᠪᠥᠵᠢᠭ ᠦ᠋ᠨ ᠳᠥᠷᠪᠡᠨ ᠶᠡᠬᠡ ᠴᠠᠭᠠᠨ ᠵᠠᠭᠠᠨ᠂ ᠮᠠᠨᠳᠠᠯ ᠤ᠋ᠨ ᠳᠥᠷᠪᠡᠨ ᠵᠣᠪᠬᠢᠰ ᠥᠨᠴᠥᠭ ᠲᠣᠷ ᠬᠠᠰ ᠠᠭᠤᠯᠠ ᠮᠡᠲᠦ ᠰᠡᠬᠦᠢᠨ ᠵᠣᠭᠰᠣᠵᠤ᠂ ᠲᠦᠮᠡᠨ ᠠᠷᠢᠶᠠᠲᠠᠨ ᠤ᠋ ᠳᠠᠭᠤᠨ ᠦᠢᠮᠡᠭᠡᠨ ᠢ᠋ ᠳᠠᠷᠤᠨ᠂ ᠶᠢᠰᠦᠨ ᠶᠡᠬᠡ ᠠᠯᠲᠠᠨ ᠭᠥᠯᠢᠰ ᠲᠣᠷ ᠳᠣᠯᠣᠭᠠᠨ ᠡᠷᠳᠡᠨᠢᠰ ᠨᠠᠢ᠍ᠮᠠᠨ ᠥᠯᠵᠡᠢ ᠶ᠋ᠢᠨ ᠨᠠᠢᠷᠠᠯᠲᠤ ᠬᠥᠮᠦᠨ ᠦ᠌ ᠵᠢᠷᠦᠬᠡ ᠶ᠋ᠢ ᠲᠦᠭᠰᠢᠭᠦᠯᠦᠨ ᠰᠥᠰᠥ ᠶ᠋ᠢ ᠵᠥᠭᠡᠯᠡᠷᠡᠭᠦᠯᠬᠦ ᠯᠤᠤ ᠶ᠋ᠢᠨ ᠵᠠᠭᠠᠷ ᠤ᠋ᠨ ᠠᠩᠬᠢᠯᠤᠮᠠᠯ ᠢ᠋ ᠰᠢᠲᠠᠭᠠᠨ᠂ ᠲᠡᠷᠡ ᠨᠢᠭᠡᠨ ᠴᠠᠭ ᠤ᠋ᠨ ᠵᠡᠷᠭᠡᠯᠭᠡᠨ ᠦᠵᠡᠮᠵᠢ ᠢᠨᠦ ᠤᠨᠤᠨ ᠮᠥᠷᠡᠨ ᠦ᠌ ᠮᠤᠩ ᠭᠣᠣᠯ ᠤ᠋ᠨ ᠠᠮᠠᠨ ᠤ᠋ ᠊ᠧᠴᠢᠷ ᠮᠠᠨᠳᠠᠯᠲᠤ ᠵᠢᠪᠬᠤᠯᠠᠩᠲᠤ ᠪᠠᠯᠭᠠᠳ ᠤ᠋ᠨ ᠬᠣᠲᠠᠯᠠᠭᠠᠷ ᠤᠯᠤᠰ ᠢᠷᠭᠡᠳ ᠲᠦᠭ ᠲᠦᠮᠡᠨ ᠢ᠋ᠶ᠋ᠡᠷ ᠬᠤᠷᠠᠯᠳᠤᠭᠰᠠᠨᠠ᠂ ᠤᠰᠤ ᠲᠡᠭᠰᠢᠷᠡᠨ ᠨᠠᠭᠤᠷ ᠪᠢᠯᠬᠠᠮᠠᠯ ᠮᠡᠯᠮᠡᠯᠵᠡᠬᠦ ᠮᠡᠲᠦ ᠣᠯᠠᠨ ᠣᠳᠣᠳ ᠤ᠋ᠨ ᠨᠣᠶᠠᠳ ᠤ᠋ᠨ ᠴᠢᠭᠤᠯᠭᠠᠨ ᠴᠤᠭᠯᠠᠷᠠᠨ᠂ ᠤᠳᠠᠷᠢᠰᠠᠳ᠂ ᠷᠢᠸᠠᠳᠢ᠂ ᠪᠤᠷᠨᠠᠸᠠᠱᠤ᠂ ᠽᠸᠤᠡᠷᠡ ᠲᠡᠷᠢᠭᠦᠯᠡᠨ ᠪᠦᠷᠢᠳᠴᠦ ᠤᠲᠠᠷᠢᠰᠤᠨ ᠪᠠᠯᠭᠠᠰᠤᠨ ᠤ᠋ ᠰᠦᠷ ᠭᠡᠷᠡᠯ ᠢ᠋ᠶ᠋ᠡᠷ ᠭᠢᠯᠪᠠᠰᠤᠷᠤᠨ ᠭᠠᠨᠳᠠᠷᠢᠰᠤᠨ ᠬᠦᠮᠪᠢᠷᠡ ᠶ᠋ᠢᠨ ᠭᠠᠢᠬᠠᠮᠰᠢᠭ ᠪᠡᠯᠬᠡᠰ ᠪᠦᠷᠢᠳᠪᠡᠢ᠃ ᠲᠡᠨᠳᠡᠴᠡ ᠤᠯᠤᠰ ᠤ᠋ᠨ ᠬᠣᠲᠠᠯᠠᠭᠠᠷ ᠤ᠋ᠨ ᠵᠠᠭᠤᠨ ᠨᠣᠶᠠᠳ ᠮᠢᠩᠭᠠᠨ ᠲᠦᠰᠢᠮᠡᠳ᠂ ᠲᠦᠮᠡᠨ ᠪᠠᠭᠠᠲᠤᠳ᠂ ᠠᠷᠪᠠᠨ ᠵᠠᠭᠤᠨ ᠤ᠋ ᠲᠦᠭ ᠲᠦᠮᠡᠨ ᠴᠡᠷᠢᠭ ᠬᠤᠶᠠᠭ᠂ ᠠᠷᠠᠳ ᠢᠷᠭᠡᠳ᠂ ᠭᠠᠵᠠᠷ ᠳᠡᠯᠡᠬᠡᠢ ᠶ᠋ᠢᠨ ᠬᠥᠷᠥᠰᠥ ᠶ᠋ᠢ ᠪᠦᠷᠬᠦᠲᠡᠯ᠎ᠡ ᠴᠤᠭᠯᠠᠯᠴᠠᠨ ᠵᠢᠭᠰᠠᠭᠠᠭᠠᠳ᠂ ᠲᠠᠪᠤᠨ ᠥᠲᠡᠭᠦᠰ ᠳᠥᠷᠪᠡᠨ ᠳᠥᠷᠪᠡ᠂ ᠵᠢᠷᠭᠤᠭᠠᠨ ᠰᠠᠢᠰᠢᠶᠠᠯ᠂ ᠶᠢᠰᠦᠨ ᠡᠩ ᠦ᠋ᠨ ᠲᠡᠷᠢᠭᠦᠯᠡᠭᠴᠢ ᠨᠣᠶᠠᠳ ᠳᠠᠯᠠᠨ ᠲᠠᠪᠤᠨ ᠠᠢᠮᠠᠭ ᠤ᠋ᠳ ᠤ᠋ᠨ ᠡᠵᠡᠳ ᠢ᠋ᠶ᠋ᠡᠷ ᠸᠴᠢᠷ ᠮᠠᠨᠳᠠᠯ ᠢ᠋ ᠲᠣᠭᠣᠷᠢᠨ ᠫᠢᠭ ᠳᠦᠭᠦᠷᠲᠡᠯ᠎ᠡ ᠰᠥᠭᠥᠳᠦᠯᠴᠡᠨ᠂ ᠲᠡᠷᠢᠭᠦᠯᠡᠭᠰᠡᠨ ᠲᠦᠰᠢᠮᠡᠯ ᠰᠤᠷᠬᠠᠨ ᠰᠢᠷ᠎ᠠ ᠴᠡᠷᠢᠭ ᠦ᠋ᠨ ᠶᠡᠬᠡ ᠵᠢᠨᠦᠩ ᠨᠣᠶᠠᠨ ᠮᠤᠬᠤᠯᠢ ᠬᠣᠶᠠᠭᠤᠯᠠ ᠣᠯᠠᠨ ᠢ᠋ ᠲᠡᠷᠢᠭᠦᠯᠡᠨ ᠬᠠᠭᠠᠨ ᠥᠷᠭᠥᠭᠡ ᠶ᠋ᠢᠨ ᠡᠭᠦᠳᠡᠨ ᠤ ᠣᠢᠷ᠎ᠠ ᠰᠥᠭᠥᠳᠴᠦ᠂ ᠥᠨᠳᠥᠷ ᠶᠡᠬᠡ ᠡᠭᠡᠰᠢᠭᠲᠦ ᠳᠠᠭᠤᠨ ᠢ᠋ᠶ᠋ᠠᠷ ᠡᠢᠨ ᠭᠡᠮᠡᠨ ᠮᠡᠳᠡᠭᠦᠯᠦᠷᠦᠨ᠄
ᠡᠴᠢᠭᠡ ᠬᠡᠮᠡᠭᠴᠢ ᠨᠢᠭᠡᠬᠡᠨ ᠪᠡᠶ᠎ᠡ ᠶ᠋ᠢᠨ ᠡᠭᠦᠰᠬᠡᠯ
ᠡᠵᠡᠨ ᠬᠡᠮᠡᠭᠴᠢ ᠲᠦᠭ ᠲᠦᠮᠡᠨ ᠦ᠌ ᠲᠣᠯᠣᠭᠠᠢ ᠃
ᠡᠬᠡ ᠬᠡᠮᠡᠭᠴᠢ ᠡᠨᠡ ᠪᠡᠶ᠎ᠡ ᠶ᠋ᠢᠨ ᠡᠭᠦᠰᠬᠡᠯ
ᠡᠵᠡᠨ ᠬᠡᠮᠡᠭᠴᠢ ᠣᠷᠴᠢᠯᠠᠩ ᠳᠡᠯᠡᠬᠡᠢ ᠶ᠋ᠢᠨ ᠲᠡᠷᠢᠭᠦᠨ᠃
ᠡᠴᠢᠭᠡ ᠡᠬᠡ ᠡᠭᠦᠰᠬᠡᠨ ᠲᠥᠷᠥᠬᠦ ᠶ᠋ᠢ ᠴᠢᠳᠠᠪᠠᠴᠤ
ᠡᠷᠬᠢᠮ ᠪᠣᠯᠭᠠᠨ ᠡᠷᠭᠦᠮᠵᠢᠯᠡᠨ ᠦᠯᠦ ᠴᠢᠳᠠᠮᠤᠢ᠃
ᠡᠵᠡᠨ ᠬᠠᠭᠠᠨ ᠡᠭᠦᠷᠢ ᠵᠠᠰᠠᠯᠠᠨ ᠴᠢᠳᠠᠬᠤ ᠪᠥᠭᠡ᠊ᠤᠨ
ᠡᠯᠪᠡᠷᠢᠯ ᠰᠢᠳᠤᠷᠭᠤ ᠪᠠᠷ ᠡᠷᠬᠡᠪᠰᠢ ᠮᠥᠷᠳᠡᠭᠦᠯᠦᠨ ᠶᠠᠪᠤᠭᠤᠯᠤᠮᠤᠢ᠃
ᠡᠴᠢᠭᠡ ᠡᠬᠡ ᠦᠶ᠎ᠡ ᠬᠥᠪᠡᠭᠦᠳ ᠢ᠋ᠶ᠋ᠡᠨ ᠠᠰᠠᠷᠠᠮᠤᠢ
ᠡᠵᠡᠨ ᠬᠠᠭᠠᠨ ᠬᠠᠮᠤᠭ ᠢᠷᠭᠡᠳ ᠢ᠋ᠶ᠋ᠡᠨ ᠠᠪᠤᠷᠠᠮᠤᠢ
ᠡᠷᠬᠡᠲᠦ ᠬᠠᠳ ᠵᠠᠰᠠᠭ ᠢ᠋ᠶ᠋ᠠᠨ ᠦᠯᠦ ᠪᠣᠯᠵᠣᠭᠤᠯᠤᠮᠤᠢ
ᠡᠵᠡᠨ ᠳᠡᠭᠷᠢᠯᠢᠭ ᠵᠠᠷᠯᠢᠭ ᠢ᠋ᠶ᠋ᠠᠨ ᠦᠯᠦ ᠪᠤᠴᠠᠮᠤᠢ᠃
ᠡᠷᠭᠡᠯᠵᠡᠨ ᠭᠤᠶᠤᠭᠰᠠᠨ ᠶᠢᠰᠦᠨ ᠥᠷᠯᠥᠭ ᠦ᠋ᠨ ᠪᠡᠯᠬᠡᠰ
ᠡᠪᠭᠦᠷ ᠳᠠᠪᠬᠤᠷ ᠡᠯ᠎ᠡ ᠪᠦᠬᠦᠨ᠎ᠡ ᠨᠡᠢᠯᠡᠭᠦᠯᠵᠦᠬᠦᠢ᠃
ᠡᠵᠡᠨ ᠪᠣᠭᠳᠠ ᠪᠠᠷ ᠨᠡᠢᠯᠡᠯᠳᠦᠨ ᠰᠣᠨᠣᠷᠳᠠᠵᠤ ᠬᠠᠢᠷᠠᠯᠠ
ᠡᠳᠡᠭᠡᠷ ᠪᠡᠯᠬᠡᠰ ᠢ᠋ ᠡᠬᠢᠨ ᠡᠴᠡ ᠠᠢᠯᠠᠳᠬᠠᠶ᠎ᠠ᠃
ᠲᠡᠷᠢᠭᠦᠨ ᠪᠡᠯᠭᠡ ᠨᠢᠭᠡᠬᠡᠨ ᠬᠦᠵᠢ ᠠᠷᠪᠠᠨ ᠴᠠᠭ ᠤᠩᠭᠤᠰᠪᠠ
ᠳᠡᠳ᠋ ᠪᠡᠯᠭᠡ ᠭᠠᠩ ᠤ᠋ᠨ ᠬᠤᠷ᠎ᠠ ᠬᠠᠮᠤᠭ ᠠᠮᠢᠲᠠᠨ ᠢ᠋ ᠬᠠᠩᠭᠠᠪᠠ᠃
ᠭᠤᠲᠠᠭᠠᠷ ᠪᠡᠯᠭᠡ ᠭᠤᠷᠪᠠᠨ ᠲᠣᠬᠣᠢ ᠴᠠᠰᠤ ᠶ᠋ᠢ ᠬᠠᠢᠯᠤᠭᠤᠯᠪᠠ
ᠳᠥᠲᠥᠭᠡᠷ ᠪᠡᠯᠭᠡ ᠠᠯᠲᠠᠨ ᠤᠯᠤᠰ ᠤ᠋ᠨ ᠠᠭᠲᠠ ᠮᠣᠷᠢᠳ ᠢᠷᠡᠪᠡ᠃
ᠲᠠᠪᠤᠳᠤᠭᠠᠷ ᠪᠡᠯᠭᠡ ᠡᠮᠦᠨᠡᠲᠦ ᠤᠯᠤᠰ ᠤ᠋ᠳ ᠪᠣᠳᠣᠷᠣᠣᠯ ᠪᠢᠴᠢᠭ ᠠᠢᠯᠠᠳᠬᠠᠪᠠ
ᠵᠢᠷᠭᠤᠳᠤᠭᠠᠷ ᠪᠡᠯᠭᠡ ᠬᠤᠪᠢᠯᠭᠠᠨ ᠺᠠᠷᠣᠳᠢ ᠲᠦᠮᠡᠨ ᠦ᠌ ᠳᠤᠮᠳᠠ ᠪᠠᠭᠤᠪᠠ᠃
ᠳᠣᠯᠣᠳᠤᠭᠠᠷ ᠪᠡᠯᠭᠡ ᠴᠢᠯᠠᠭᠤᠨ ᠠ᠋ᠴᠠ ᠲᠠᠮᠠᠭ᠎ᠠ ᠶ᠋ᠢᠨ ᠬᠠᠰ ᠭᠠᠷᠪᠠ
ᠨᠠᠢ᠍ᠮᠠᠳᠤᠭᠠᠷ ᠪᠡᠯᠭᠡ ᠭᠤᠸᠠᠨ ᠪᠣᠭᠳᠠ ᠰᠠᠬᠢᠭᠤᠯᠰᠤᠨ ᠢ᠋ᠶ᠋ᠠᠨ ᠢᠯᠡᠳᠬᠡᠪᠡ᠃
ᠶᠢᠰᠦᠳᠦᠭᠡᠷ ᠪᠡᠯᠭᠡ ᠴᠠᠭᠠᠨ ᠭᠡᠷᠡᠯ ᠡᠳᠦᠭᠡ ᠬᠠᠷᠠᠬᠠᠨ ᠭᠡᠢᠭᠦᠯᠦᠨ ᠠᠮᠤᠢ
ᠠᠷᠪᠠᠳᠤᠭᠠᠷ ᠣᠷᠣᠨ ᠤ᠋ ᠡᠵᠡᠨ ᠮᠢᠨᠦ ᠠᠯᠲᠠ ᠠᠮᠠᠨ ᠢ᠋ᠶ᠋ᠠᠨ ᠭᠦᠢᠴᠡᠳᠭᠡ᠃
ᠭᠡᠮᠡᠨ ᠥᠴᠢᠨ ᠮᠡᠳᠡᠭᠦᠯᠦᠭᠰᠡᠨ᠎ᠡ ᠠᠯᠲᠠᠨ ᠶᠠᠰᠤᠲᠤ ᠲᠠᠢᠽᠦ ᠪᠣᠭᠳᠠ ᠠᠷᠭᠠᠳᠠᠯ ᠦᠭᠡᠢ ᠵᠠᠯᠠᠷᠠᠨ ᠳᠡᠭᠡᠭᠰᠢᠯᠡᠵᠦ ᠠᠷᠢᠭᠤᠯᠠᠨ ᠤᠬᠢᠶᠠᠯᠠᠵᠤ᠂ ᠠᠷᠴᠠ ᠽᠠᠨᠳᠠᠨ ᠬᠦᠵᠢ ᠪᠡᠷ ᠠᠷᠢᠭᠤᠳᠬᠠᠨ ᠰᠦᠷᠴᠢᠨ ᠤᠲᠤᠵᠤ᠂ ᠠᠯᠲᠠᠨ ᠯᠤᠤ ᠶ᠋ᠢᠨ ᠠᠷᠢᠭᠤᠨ ᠰᠢᠨ᠎ᠡ ᠬᠤᠪᠴᠠᠳ᠂ ᠠᠯᠮᠠᠰ ᠰᠤᠪᠤᠳ ᠤ᠋ᠨ ᠭᠡᠷᠡᠯ ᠲᠤᠶᠠᠭᠠᠲᠤ ᠡᠷᠳᠡᠨᠢ ᠶ᠋ᠢᠨ ᠪᠦᠰᠡ ᠪᠦᠰᠡᠯᠡᠨ᠂ ᠣᠯᠠᠨ ᠲᠦᠰᠢᠮᠡᠳ ᠦ᠋ᠨ ᠵᠠᠯᠠᠬᠤᠢ ᠳ᠋ᠤᠷ ᠵᠠᠯᠠᠷᠠᠨ ᠭᠠᠷᠴᠤ᠂ ᠳᠥᠷᠪᠡᠨ ᠵᠦᠭ ᠨᠠᠢ᠍ᠮᠠᠨ ᠵᠣᠪᠬᠢᠰ ᠳᠡᠭᠡᠷ᠎ᠡ ᠳᠣᠣᠷ᠎ᠠ ᠨᠡᠢᠲᠡ ᠪᠡᠷ ᠴᠥᠮ ᠴᠠᠭᠠᠨ ᠭᠡᠷᠡᠯ ᠵᠢᠷᠦᠪᠡᠯᠵᠡᠨ ᠬᠡᠷᠡᠯᠳᠦᠵᠦ᠂ ᠸᠴᠢᠷ ᠦ᠋ᠨ ᠬᠠᠭᠠᠨ ᠥᠷᠭᠥᠭᠡ ᠶ᠋ᠢᠨ ᠠᠯᠲᠠᠨ ᠣᠷᠣᠢ ᠠ᠋ᠴᠠ ᠳᠡᠭᠡᠭᠰᠢ ᠳᠣᠷᠣᠭᠰᠢ᠂ ᠴᠠᠭᠠᠨ ᠭᠡᠷᠡᠯ ᠦ᠋ᠨ ᠭᠡᠢᠪᠡᠩᠲᠡᠨ ᠭᠡᠢᠭᠦᠯᠬᠦ ᠢᠨᠦ᠂ ᠴᠠᠷ᠎ᠠ ᠰᠠᠭᠤᠯᠠᠭ᠎ᠠ ᠶ᠋ᠢᠨ ᠴᠢᠨᠡᠭᠡᠨ ᠪᠦᠳᠦᠭᠦᠨ ᠢ᠋ᠶ᠋ᠡᠷ ᠳᠡᠭᠡᠷ᠎ᠡ ᠦᠵᠦᠭᠦᠷ ᠣᠭᠲᠠᠷᠭᠤᠢ ᠳ᠋ᠤᠷ ᠣᠷᠣᠵᠤ᠂ ᠳᠣᠣᠷ᠎ᠠ ᠦᠵᠦᠭᠦᠷ ᠦᠷᠭᠦᠭᠡᠨ ᠦ᠌ ᠲᠣᠭᠣᠨᠣ ᠳ᠋ᠤᠷ ᠣᠷᠣᠵᠤᠬᠤᠢ᠃ ᠲᠠᠢᠽᠦ ᠦᠵᠡᠭᠡᠳ ᠰᠣᠨᠢᠷᠬᠠᠨ ᠪᠡᠶᠡᠰᠴᠦ ᠭᠠᠢᠬᠠᠨ ᠰᠠᠢᠰᠢᠶᠠᠵᠤ᠂ ᠦᠨᠡᠬᠡᠷ ᠳᠣᠲᠣᠷ᠎ᠠ ᠢᠭᠲᠦᠯᠵᠦ᠂ ᠠᠢᠨ ᠭᠡᠮᠡᠨ ᠪᠡᠶᠡᠰᠦᠨ ᠵᠠᠬᠢᠷᠤᠨ :
ᠡᠷᠲᠡᠨ ᠦ᠌ ᠮᠣᠳᠣᠨ ᠰᠠᠷᠠᠨ ᠤ᠋ ᠭᠡᠷᠡᠯ ᠡᠴᠡ ᠣᠯᠤᠭᠰᠠᠨ
ᠡᠪᠦᠭᠡ ᠪᠤᠲᠠᠨᠴᠢᠷ ᠪᠤᠬᠳᠠᠨ ᠡᠵᠡᠨ ᠬᠡᠮᠡᠭᠴᠢ
ᠡᠴᠦᠰᠲᠡᠬᠡᠨ ᠪᠠᠰᠠ ᠡᠢᠮᠦ ᠭᠡᠭᠡᠨ ᠴᠠᠭᠠᠨ ᠢ᠋ ᠬᠡᠯᠡᠵᠦᠬᠦᠢ᠃
ᠡᠨᠡ ᠪᠠᠰᠠᠴᠤ ᠲᠡᠭᠷᠢ ᠶ᠋ᠢᠨ ᠰᠠᠨᠠᠭᠠᠨ ᠦᠨᠡᠨ ᠠᠵᠤᠭᠤ᠃
ᠡᠷᠢᠭᠰᠡᠨ ᠬᠤᠲᠤᠭ ᠶᠢᠰᠦᠨ ᠥᠷᠯᠥᠭᠡ ᠪᠦᠷᠢᠳᠦᠭᠰᠡᠨᠡ
ᠡᠭᠦᠨᠴᠡ ᠬᠣᠶᠠᠷ ᠵᠦᠢᠯ ᠢ᠋ ᠲᠠᠰᠤᠷᠬᠠᠢ ᠴᠠᠭᠠᠵᠠᠯᠠᠬᠤ ᠮᠢᠨᠦ
ᠡᠯ᠎ᠡ ᠤᠯᠤᠰ ᠤ᠋ᠳ ᠢ᠋ ᠳᠠᠢᠯᠠᠨ ᠳᠠᠭᠠᠭᠤᠯᠵᠤ ᠲᠦᠪᠰᠢᠳᠬᠡᠬᠦᠶ᠎ᠡ
ᠡᠵᠡᠯᠡᠭᠰᠡᠨ ᠬᠠᠭᠠᠨ ᠢ᠋ ᠠᠨᠤ ᠠᠯᠠᠵᠤ ᠪᠣᠯᠬᠤ ᠦᠭᠡᠢ᠃
ᠡᠳᠦᠭᠡ ᠬᠠᠮᠲᠤ ᠤᠯᠤᠰ ᠪᠠᠢᠭᠤᠯᠤᠭᠰᠠᠨ ᠲᠦᠰᠢᠮᠡᠳ ᠢ᠋ ᠮᠢᠨᠦ
ᠡᠴᠦᠰᠯᠡᠨ ᠡᠴᠦᠰᠯᠡᠲᠡᠯᠡ ᠠᠯᠠᠬᠤᠢ ᠳ᠋ᠤᠷ ᠪᠢᠲᠡᠭᠡᠢ ᠬᠦᠷᠦᠭᠦᠯᠦᠭᠲᠦᠨ᠃
ᠡᠢᠮᠦ ᠪᠣᠯᠪᠠᠰᠤ ᠡᠷᠭᠢᠨ ᠴᠢᠩ ᠰᠠᠢᠳ ᠤ᠋ᠳ ᠲᠠᠨ ᠤ᠋
ᠡᠷᠭᠦᠬᠦ ᠬᠠᠭᠠᠨ ᠤ᠋ ᠰᠠᠭᠤᠷᠢᠨ᠎ᠠ ᠰᠠᠭᠤᠰᠤᠭᠠᠢ ᠬᠡᠮᠡᠭᠰᠡᠳ ᠲᠣᠷ
ᠡᠩᠭᠡᠷ ᠨᠡᠢᠲᠡ ᠪᠡᠷ ᠡᠵᠡᠨ ᠲᠦᠮᠡᠨ ᠨᠠᠰᠤᠲᠤ ᠶ᠋ᠢᠨ
ᠡᠳᠡᠭᠡᠷ ᠵᠠᠷᠯᠢᠭ ᠢ᠋ ᠡᠭᠦᠷᠢᠳᠡ ᠶ᠋ᠢᠨ ᠬᠠᠤᠯᠢ ᠪᠣᠯᠭᠠᠰᠤᠭᠠᠢ᠃
ᠡᠨᠡ ᠴᠠᠭ ᠳᠠᠷᠤᠢ ᠡᠷᠬᠢᠮ ᠳᠡᠭᠡᠳᠦ ᠰᠠᠢᠨ ᠴᠠᠭ ᠮᠥᠨ
ᠡᠷᠳᠡᠨᠢ ᠶ᠋ᠢᠨ ᠰᠠᠭᠤᠷᠢᠨ᠎ᠠ ᠡᠳᠦᠭᠡ ᠳᠠᠷᠤᠢ ᠡᠷᠭᠦᠨ ᠵᠠᠯᠠᠮᠤᠢ
ᠭᠡᠮᠡᠨ ᠡᠷᠲᠡᠨ ᠦ᠌ ᠳᠠᠩ ᠤᠯᠤᠰ ᠤ᠋ᠨ ᠲᠠᠢᠽᠥ᠋ᠩ ᠬᠠᠭᠠᠨ᠂ ᠯᠢ ᠱᠢ ᠮᠢᠨ ᠦ᠌ ᠬᠠᠭᠠᠨ ᠤ᠋ ᠮᠠᠯᠠᠭ᠎ᠠ ᠳᠡᠪᠡᠯ ᠪᠦᠰᠡ᠂ ᠭᠤᠲᠤᠯ᠂ ᠥᠪᠡᠷ ᠦ᠋ᠨ ᠤᠯᠤᠰ ᠤ᠋ᠨ ᠶᠣᠰᠣᠲᠤ ᠬᠤᠪᠴᠠᠳ ᠠ᠋ᠴᠠ ᠨᠡᠮᠡᠭᠰᠡᠨ ᠢᠨᠦ᠂ ᠴᠢᠬᠢᠨ ᠦ᠌ ᠶᠡᠬᠡ ᠰᠤᠪᠤᠳ ᠲᠠᠨ᠎ᠠ ᠶ᠋ᠢᠨ ᠤᠨᠵᠢᠯᠭᠠᠲᠤ ᠰᠦᠢᠬᠡ ᠴᠢᠮᠡᠭ ᠬᠦᠵᠦᠭᠦᠨ᠎ᠡ ᠶᠢᠰᠦᠨ ᠠᠯᠲᠠᠨ ᠯᠤᠤ ᠶ᠋ᠢᠨ ᠰᠤᠪᠤᠳ ᠠᠯᠮᠠᠰ ᠡᠷᠳᠡᠨᠢᠰ ᠦ᠋ᠨ ᠶᠡᠬᠡ ᠬᠣᠭᠣᠯᠤᠪᠴᠢ ᠪᠠ ᠡᠷᠢᠭᠡ᠂ ᠰᠤᠭᠤᠨ ᠳ᠋ᠤᠷ ᠰᠤᠮᠤᠨ ᠠᠯᠴᠢᠭᠤᠷ᠂ ᠮᠠᠩᠨᠤᠭ ᠬᠠᠪᠲᠠᠭ᠎ᠠ ᠳᠠᠩ ᠬᠠᠭᠠᠨ ᠤ᠋ ᠬᠤᠪᠴᠠᠳ᠂ ᠬᠠᠭᠤᠴᠢᠨ ᠯᠢᠶᠣᠣ ᠶ᠋ᠢᠨ ᠶᠡᠬᠡ ᠬᠦᠦ ᠳ᠋ᠦ᠍ᠷ ᠬᠡᠳᠦᠨ ᠠᠷᠪᠠᠨ ᠬᠤᠪᠢ ᠲᠠᠬᠢᠵᠤᠬᠤᠢ᠃ ᠡᠨᠡ ᠬᠢᠷᠢ ᠳ᠋ᠦ᠍ᠷ ᠲᠠᠩᠭᠤᠳ ᠤᠯᠤᠰ ᠴᠤ᠌ ᠳᠡᠭᠡᠷ᠎ᠡ ᠳᠣᠣᠷ᠎ᠠ ᠴᠥᠮ ᠢ᠋ᠶ᠋ᠡᠷ ᠳᠠᠩ ᠤᠯᠤᠰ ᠤ᠋ᠨ ᠳᠠᠩ ᠰᠢᠽᠥ᠋ᠩ ᠦ᠋ᠨ ᠡᠷᠭᠦᠮᠵᠢᠯᠡᠭᠰᠡᠨ ᠢ᠋ᠶ᠋ᠡᠷ ᠪᠠᠰᠠ ᠬᠦ᠌ ᠳᠠᠩ ᠤᠯᠤᠰ ᠤ᠋ᠨ ᠳᠡᠪᠡᠯ ᠮᠠᠯᠠᠭ᠎ᠠ ᠲᠥᠷᠥ ᠶ᠋ᠢᠨ ᠬᠤᠪᠴᠠᠳ ᠢ᠋ ᠬᠡᠷᠡᠭᠯᠡᠭᠰᠡᠭᠡᠷ ᠪᠥᠯᠥᠭᠡ᠃ ᠲᠡᠢᠨ ᠬᠦ᠌ ᠬᠠᠭᠠᠨ ᠬᠡᠮᠡᠪᠡᠰᠦ ᠳᠠᠷᠤᠢ ᠳᠠᠩ ᠤᠯᠤᠰ ᠤ᠋ᠨ ᠬᠠᠭᠠᠨ ᠤ᠋ ᠮᠠᠯᠠᠭ᠎ᠠ ᠡᠮᠦᠰᠳᠡᠭ ᠠᠵᠤᠭᠤ᠃ ᠵᠠᠭᠤᠨ ᠲᠦᠰᠢᠮᠡᠳ ᠴᠥᠮ ᠪᠤᠯᠠᠭ᠎ᠠ ᠶ᠋ᠢᠨ ᠳᠠᠬᠤ᠂ ᠮᠠᠩᠨᠤᠭ ᠤ᠋ᠨ ᠳᠡᠪᠡᠯ᠂ ᠡᠷᠳᠡᠨᠢ ᠶ᠋ᠢᠨ ᠡᠷᠢᠭᠡ᠂ ᠰᠤᠮᠤᠨ ᠠᠯᠴᠢᠭᠤᠷ ᠬᠠᠪᠲᠠᠭ᠎ᠠ ᠪᠠ ᠬᠡᠲᠡ ᠬᠢᠲᠤᠭ᠎ᠠ ᠲᠠᠢ ᠬᠣᠯᠪᠣᠨ ᠵᠡᠭᠦᠮᠦᠢ᠃ ᠲᠡᠷᠡ ᠦᠶ᠎ᠡ ᠶ᠋ᠢᠨ ᠠᠷᠤ ᠭᠠᠵᠠᠷ ᠳᠠᠩ ᠤᠯᠤᠰ ᠤ᠋ᠨ ᠲᠠᠢᠽᠥ᠋ᠩ ᠢ᠋ ᠮᠠᠰᠢ ᠡᠷᠬᠢᠯᠡᠨ᠂ ᠡᠮᠦᠨ᠎ᠡ ᠨᠠᠩᠭᠢᠶᠠᠳ ᠤ᠋ᠨ ᠦᠨᠡᠨ ᠲᠡᠭᠷᠢ ᠶ᠋ᠢᠨ ᠬᠥᠪᠡᠭᠦᠨ ᠭᠡᠮᠡᠨ ᠤᠯᠠᠮᠵᠢᠯᠠᠨ ᠬᠡᠯᠡᠯᠴᠡᠳᠡᠭ ᠠᠵᠤᠭᠤ᠃ ᠲᠡᠢᠨ ᠬᠦ᠌ ᠲᠠᠢᠽᠦ᠂ ᠳᠠᠩ ᠲᠠᠢᠽᠥ᠋ᠩ ᠯᠢ ᠱᠢ ᠮᠢᠨ ᠦ᠌ ᠶᠢᠰᠦᠨ ᠯᠤᠤᠲᠤ ᠮᠠᠯᠠᠭ᠎ᠠ ᠶ᠋ᠢ ᠡᠮᠦᠰᠴᠦ᠂ ᠭᠠᠳᠠᠨ᠎ᠠ ᠵᠢᠭᠰᠠᠭᠠᠭᠰᠠᠨ ᠲᠠᠪᠤᠨ ᠮᠠᠨᠳᠠᠯ᠂ ᠶᠢᠰᠦᠨ ᠰᠦᠮ᠎ᠡ ᠶ᠋ᠢᠨ ᠰᠢᠲᠦᠭᠡᠨᠡ ᠮᠥᠷᠭᠥᠵᠦ᠂ ᠥᠪᠡᠷ ᠦ᠋ᠨ ᠡᠪᠦᠭᠡᠳ ᠬᠢᠭᠡᠳ ᠲᠥᠷᠥᠭᠰᠡᠨ ᠡᠬᠡ ᠥᠭᠡᠯᠦᠨ ᠦᠵᠢᠨ ᠡᠮᠡᠭᠡ ᠶ᠋ᠢᠨ ᠵᠦᠭ ᠬᠠᠨᠳᠤᠨ ᠮᠥᠷᠭᠥᠵᠦ᠂ ᠰᠠᠶᠢ ᠶᠡᠬᠡ ᠴᠠᠭᠠᠨ ᠰᠦᠯᠳᠡ ᠶ᠋ᠢᠨ ᠲᠤᠭ ᠢ᠋ᠶ᠋ᠠᠨ ᠳᠠᠬᠢᠭᠠᠳ᠂ ᠬᠠᠭᠠᠨ ᠥᠷᠥᠭᠡᠨ ᠤ ᠬᠣᠢᠮᠣᠷ ᠲᠠᠬᠢᠭᠰᠠᠨ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠳ᠋ᠦ᠍ᠷ ᠢ᠋ᠶ᠋ᠡᠨ ᠮᠥᠷᠭᠥᠵᠦ᠂ ᠰᠠᠶᠢ ᠡᠮᠦᠨ᠎ᠡ ᠪᠦᠬᠦᠢ ᠰᠢᠷᠡᠭᠡᠨ ᠳ᠋ᠦ᠍ᠷ ᠳᠥᠷᠪᠡᠨ ᠶᠡᠬᠡ ᠲᠥᠰᠢᠶ᠎ᠡ ᠬᠦᠯᠦᠭ ᠰᠠᠢᠳ ᠮᠤᠬᠤᠯᠢ᠂ ᠪᠤᠭᠤᠷᠵᠢ᠂ ᠪᠤᠭᠤᠷᠤᠯ᠂ ᠴᠢᠯᠠᠭᠤᠨ ᠢ᠋ ᠳᠥᠰᠢᠨ ᠭᠠᠷᠴᠤ᠂ ᠱᠧᠩ ᠡᠦ ᠬᠤᠸᠠᠩᠳᠢ ᠬᠠᠭᠠᠨ ᠢ᠋ᠶ᠋ᠠᠨ ᠰᠠᠭᠤᠪᠠᠢ᠃ ᠵᠠᠭᠤᠨ ᠲᠦᠰᠢᠮᠡᠳ 《ᠲᠦᠮᠡᠨ ᠨᠠᠰᠤᠲᠤ᠂ ᠲᠦᠮᠡᠨ ᠨᠠᠰᠤᠲᠤ᠂ ᠲᠦᠮᠡᠨ ᠲᠦᠮᠡᠨ ᠨᠠᠰᠤᠲᠤ 》ᠭᠡᠮᠡᠨ ᠳᠠᠭᠤᠳᠠᠯᠴᠠᠨ᠂ ᠭᠤᠷᠪᠠᠨ ᠵᠡᠷᠭᠡ ᠰᠥᠭᠥᠳᠴᠦ᠂ ᠶᠢᠰᠦᠨ ᠵᠡᠷᠭᠡ ᠮᠥᠷᠭᠥᠵᠦ᠂ ᠳᠠᠩ ᠤᠯᠤᠰ ᠤ᠋ᠨ ᠬᠠᠤᠯᠢ ᠪᠠ ᠯᠢᠶᠣᠣ ᠤᠯᠤᠰ ᠤ᠋ᠨ ᠳᠦᠷᠢᠮ ᠡᠴᠡ ᠰᠣᠩᠭᠣᠨ ᠰᠢᠯᠭᠠᠵᠤ᠂ ᠲᠥᠷᠥ ᠶ᠋ᠢᠨ ᠶᠣᠰᠣᠯᠠᠯ ᠲᠥᠪ ᠢ᠋ ᠲᠣᠭᠲᠠᠭᠠᠯᠭᠠᠨ᠂ ᠵᠠᠷᠯᠢᠭ ᠪᠠᠭᠤᠯᠭᠠᠵᠤ :
《ᠤᠭ ᠤ᠋ᠨ ᠪᠸᠲ᠋ᠠ᠋ ᠤᠯᠤᠰ ᠬᠡᠮᠡᠭᠴᠢ ᠡᠷᠲᠡᠨ ᠦ᠌ ᠤᠮᠠᠷ᠎ᠠ ᠡᠯᠡᠰᠦᠨ ᠦ᠌ ᠪᠠᠭ᠎ᠠ ᠤᠯᠤᠰ ᠤ᠋ᠨ ᠨᠡᠷ᠎ᠡ ᠪᠤᠶᠤ᠃ ᠡᠳᠦᠭᠡ ᠳᠠᠯᠠᠨ ᠲᠠᠪᠤᠨ ᠡᠠᠢᠮᠠᠭ ᠤ᠋ᠳ ᠨᠢᠭᠡᠨ᠎ᠡ ᠨᠡᠢᠯᠡᠵᠦ᠂ ᠶᠡᠬᠡ ᠤᠯᠤᠰ ᠪᠣᠯᠤᠭᠰᠠᠨ ᠲᠤᠯᠠ ᠮᠥᠨ ᠨᠢᠭᠡᠨ ᠣᠯᠠᠨ ᠤ᠋ ᠭᠡᠷᠡᠴᠢ ᠲᠡᠮᠳᠡᠭ ᠪᠣᠯᠭᠠᠨ ᠨᠢᠭᠡᠨ ᠶᠡᠬᠡ ᠤᠯᠤᠰ ᠤ᠋ᠨ ᠨᠡᠷ᠎ᠡ ᠪᠠᠢᠭᠤᠯᠪᠠᠰᠤ ᠵᠣᠬᠢᠮᠤᠢ᠃ ᠵᠢᠴᠢ ᠪᠠᠰᠠ ᠡᠷᠲᠡᠨ ᠦ᠌ ᠳᠠᠩ ᠬᠢᠭᠡᠳ ᠬᠣᠵᠢᠮ ᠤ᠋ᠨ ᠯᠢᠶᠣᠣ ᠳ᠋ᠤᠷ ᠴᠥᠮ ᠢ᠋ᠶ᠋ᠡᠷ ᠣᠨ ᠤ᠋ ᠴᠣᠯᠠ ᠪᠣᠢ ᠲᠤᠯᠠ᠂ ᠡᠨᠡ ᠣᠨ ᠢ᠋ ᠮᠥᠨ ᠨᠢᠭᠡᠨ ᠲᠡᠮᠳᠡᠭ ᠪᠣᠯᠭᠠᠨ ᠨᠡᠷ᠎ᠡ ᠨᠡᠷᠡᠯᠡᠭᠲᠦᠨ 》ᠬᠡᠮᠡᠭᠰᠡᠨ᠎ᠡ᠂ ᠤᠯᠤᠰ ᠤ᠋ᠨ ᠲᠠᠪᠤᠨ ᠲᠠᠢᠰᠢ᠂ ᠳᠥᠷᠪᠡᠨ ᠲᠠᠢᠪᠤᠤ᠂ ᠵᠢᠷᠭᠤᠭᠠᠨ ᠰᠠᠢᠳ᠂ ᠶᠢᠰᠦᠨ ᠴᠢᠩ ᠦ᠋ᠳ ᠪᠦᠭᠦᠳᠡᠭᠡᠷ ᠵᠥᠪᠯᠡᠯᠳᠦᠵᠦ᠂ ᠨᠠᠭᠠᠴᠤ ᠨᠣᠶᠠᠨ ᠳ᠋ᠠᠢ ᠰᠡᠴᠡᠨ᠂ ᠲᠡᠷᠢᠭᠦᠯᠡᠭᠰᠡᠨ ᠲᠦᠰᠢᠮᠡᠯ ᠰᠤᠷᠬᠠᠨ ᠰᠢᠷ᠎ᠠ᠂ ᠴᠡᠷᠢᠭ ᠦ᠋ᠨ ᠶᠡᠬᠡ ᠵᠢᠨᠦᠩ ᠮᠤᠬᠤᠯᠢ᠂ ᠲᠥᠷᠥ ᠶ᠋ᠢᠨ ᠶᠡᠬᠡ ᠵᠠᠩᠵᠤᠨ ᠪᠤᠭᠤᠷᠵᠢ ᠳᠥᠷᠪᠡᠭᠦᠯᠡ ᠤᠷᠤᠭᠰᠢ ᠲᠡᠪᠰᠢᠨ ᠰᠥᠭᠥᠳᠴᠦ᠂ ᠤᠯᠤᠰ ᠤ᠋ᠨ ᠨᠡᠷ᠎ᠡ᠂ ᠣᠨ ᠤ᠋ ᠴᠣᠯᠠ ᠶ᠋ᠢ ᠵᠥᠪᠳᠡᠨ ᠠᠢᠯᠠᠳᠬᠠᠭᠰᠠᠨ ᠨᠤᠭᠤᠯᠪᠤᠷᠢ ᠠᠨᠤ ᠰᠠᠶᠢ ᠯᠤᠤ ᠶ᠋ᠢᠨ ᠰᠢᠷᠡᠭᠡᠨ᠎ᠡ ᠳᠠᠪᠰᠢᠲᠠᠯᠠ᠂ ᠬᠠᠭᠠᠨ ᠦᠷᠭᠦᠭᠡᠨ ᠤ ᠳᠡᠭᠡᠳᠦ ᠡᠷᠦᠬᠡ ᠶ᠋ᠢᠨ ᠲᠣᠭᠣᠨᠣ ᠶ᠋ᠢᠨ ᠴᠣᠭᠣᠷᠤᠬᠠᠢ ᠪᠠᠷ ᠬᠡᠢᠪᠡᠩ ᠪᠣᠯᠣᠷ ᠤ᠋ᠨ ᠰᠦᠨ ᠲᠠᠷᠠᠭ ᠮᠡᠲᠦ ᠴᠠᠢᠪᠤᠷ ᠭᠡᠭᠡᠨ ᠴᠠᠷ᠎ᠠ ᠶ᠋ᠢᠨ ᠴᠢᠨᠡᠭᠡᠨ ᠪᠦᠳᠦᠭᠦᠨ ᠴᠠᠭᠠᠨ ᠭᠡᠷᠡᠯ ᠳᠣᠷᠣᠭᠰᠢ ᠠᠯᠭᠤᠷ ᠠᠭᠠᠵᠢᠮ ᠨᠠᠮ ᠳᠥᠯᠭᠡᠨ ᠢ᠋ᠶ᠋ᠡᠷ ᠲᠤᠩᠬᠤ ᠳᠤᠰᠤᠯᠠᠬᠤ ᠠᠳᠠᠯᠢ᠂ ᠤᠯᠠᠷᠢᠬᠤ ᠰᠢᠭ᠋᠂ ᠰᠣᠩᠬᠤ ᠶᠠᠩᠵᠤ ᠪᠠᠷ ᠲᠠᠢᠽᠦ ᠶ᠋ᠢᠨ ᠲᠤᠰ ᠡᠮᠦᠨ᠎ᠡ ᠲᠤᠨᠤᠷᠠᠨ ᠪᠠᠭᠤᠵᠤ ᠢᠷᠡᠬᠦᠶ᠎ᠡ᠂ ᠬᠠᠮᠤᠭ ᠤ᠋ᠨ ᠳᠣᠣᠷᠠᠲᠤ ᠦᠵᠦᠭᠦᠷ᠎ᠡ᠂ ᠮᠥᠩᠭᠥᠨ ᠤᠰᠤ ᠮᠡᠲᠦ ᠭᠢᠯᠪᠠᠯᠤᠨ ᠮᠡᠯᠮᠡᠯᠵᠡᠬᠦ ᠬᠡᠪ ᠭᠡᠭᠡᠨ ᠲᠥᠭᠥᠷᠢᠭ ᠪᠥᠮᠪᠥᠯᠢᠭ ᠭᠡᠷᠡᠯ ᠦ᠋ᠨ ᠳᠣᠲᠣᠷ᠎ᠠ ᠨᠢᠭᠡᠨ ᠪᠣᠯᠣᠷ ᠤ᠋ᠨ ᠠᠶᠠᠭ᠎ᠠ ᠳᠦᠭᠦᠷᠡᠩ᠂ ᠠᠰᠬᠠᠮᠠ ᠣᠪᠣᠭᠠᠯᠠᠨ ᠮᠡᠯᠮᠡᠯᠵᠡᠬᠦ ᠲᠣᠪ ᠲᠤᠩᠭᠠᠯᠠᠭ᠂ ᠬᠡᠪ ᠭᠡᠭᠡᠨ ᠠᠷᠢᠭᠤᠨ ᠤᠰᠤ ᠲᠠᠢ ᠪᠠᠭᠤᠵᠤ ᠢᠷᠡᠭᠡᠳ᠂ ᠲᠠᠢᠽᠦ ᠶ᠋ᠢᠨ ᠡᠮᠦᠨᠡᠬᠢ ᠬᠠᠰ ᠢ᠋ᠶ᠋ᠠᠷ ᠰᠡᠢᠯᠦᠭᠰᠡᠨ ᠯᠤᠤ ᠶ᠋ᠢᠨ ᠰᠢᠷᠡᠭᠡᠨ ᠦ᠌ ᠳᠡᠭᠡᠷ᠎ᠡ ᠬᠦᠷᠦᠮᠡᠷ ᠪᠣᠯᠤᠭᠠᠳ ᠬᠦᠷᠬᠦ ᠦᠭᠡᠢ᠂ ᠰᠢᠷᠡᠬᠡᠨ᠎ᠡ ᠳᠤᠰᠤᠮᠠᠷ ᠪᠣᠯᠤᠭᠠᠳ ᠲᠤᠰᠬᠤ ᠦᠭᠡᠢ᠂ ᠳᠡᠭᠡᠭᠰᠢ ᠳᠡᠭᠳᠡᠵᠦ᠂ ᠪᠠᠰᠠ ᠥᠨᠳᠥᠷ ᠳᠡᠭᠳᠡᠬᠦ ᠦᠭᠡᠢ᠂ ᠲᠠᠢᠽᠦ ᠶ᠋ᠢᠨ ᠨᠢᠭᠤᠷ ᠤ᠋ᠨ ᠡᠮᠦᠨ᠎ᠡ ᠳᠡᠭᠡᠭᠰᠢ ᠠᠲᠤᠷᠢᠰᠬᠢᠨ᠂ ᠪᠠᠰᠠ ᠳᠣᠷᠣᠭᠰᠢ ᠳᠤᠰᠤᠯᠠᠨ᠂ ᠲᠤᠨᠤᠨ ᠪᠠᠭᠤᠬᠤᠶᠠ᠂ ᠲᠠᠢᠽᠦ ᠭᠠᠢᠬᠠᠨ ᠮᠦᠰᠢᠶᠡᠵᠦ᠂ ᠲᠡᠷᠡ ᠠᠶᠠᠭ᠎ᠠ ᠠᠨᠤ ᠰᠢᠷᠡᠭᠡᠨ᠎ᠡ ᠤᠨᠠᠭᠤᠵᠠᠢ ᠭᠡᠮᠡᠨ ᠬᠣᠶᠠᠷ ᠮᠣᠳᠣᠷ ᠢ᠋ᠶ᠋ᠠᠷ ᠲᠣᠭᠣᠷᠢᠭᠤᠯᠤᠨ ᠲᠤᠰᠤᠭᠰᠠᠨ ᠠᠪᠠᠰᠤ᠂ ᠲᠡᠷᠡ ᠪᠣᠯᠣᠷ ᠬᠠᠰᠯᠢᠭ ᠠᠶᠠᠭᠠᠲᠤ ᠣᠪᠣᠭᠠᠯᠠᠨ ᠮᠡᠯᠮᠡᠯᠵᠡᠬᠦ ᠠᠷᠢᠭᠤᠨ ᠤᠰᠤ ᠲᠠᠢ ᠪᠠᠷ ᠲᠠᠢᠽᠦ ᠶ᠋ᠢᠨ ᠬᠣᠶᠠᠷ ᠮᠣᠳᠣᠷᠠ ᠬᠥᠪ ᠭᠡᠲᠡᠯ᠎ᠡ ᠲᠣᠰᠤᠭᠠᠳ᠂ ᠴᠠᠭᠠᠨ ᠭᠡᠷᠡᠯ ᠳᠡᠭᠡᠭᠰᠢ ᠲᠠᠲᠠᠵᠤ ᠡᠴᠢᠬᠦᠶ᠎ᠡ᠂ ᠲᠡᠷᠡ ᠠᠶᠠᠭᠠᠲᠤ ᠠᠷᠢᠭᠤᠨ ᠤᠰᠤ ᠶ᠋ᠢ ᠳᠡᠭᠡᠭᠰᠢ ᠲᠠᠲᠠᠵᠤ ᠠᠯᠭᠤᠷ ᠢ᠋ᠶ᠋ᠠᠷ ᠬᠤᠷᠢᠶᠠᠬᠤ ᠴᠠᠭᠠᠨ ᠭᠡᠷᠡᠯ ᠦ᠋ᠨ ᠳᠣᠣᠷ᠎ᠠ ᠦᠵᠦᠭᠦᠷ᠎ᠡ ᠠᠪᠠᠴᠢᠵᠤ ᠨᠠᠭᠠᠯᠳᠤᠭᠤᠯᠤᠨ ᠪᠠᠷᠢᠪᠠᠰᠤ᠂ ᠨᠢᠭᠡᠨᠲᠡ ᠨᠠᠭᠠᠯᠳᠤᠨ ᠳᠡᠭᠳᠡᠬᠦ ᠦᠭᠡᠢ ᠪᠣᠯᠤᠭᠰᠠᠨ ᠤ᠋ ᠲᠤᠯᠠᠳᠠ᠂ ᠲᠠᠢᠽᠦ ᠲᠣᠪ ᠲᠣᠳᠤᠷᠬᠠᠶ᠎ᠠ ᠪᠡᠶ᠎ᠡ ᠳ᠋ᠦ᠍ᠷ ᠪᠠᠭᠤᠵᠤ ᠢᠷᠡᠭᠰᠡᠨ ᠢ᠋ ᠮᠡᠳᠡᠵᠦ᠂ ᠬᠣᠣᠰ ᠮᠣᠳᠣᠷ ᠢ᠋ᠶ᠋ᠠᠷ ᠪᠠᠷᠢᠵᠤ᠂ ᠣᠪᠣᠭᠠᠯᠠᠨ ᠪᠢᠯᠬᠠᠯᠠᠨ ᠢᠯᠪᠠᠯᠵᠠᠨ ᠮᠡᠯᠮᠡᠯᠵᠡᠬᠦ ᠶ᠋ᠢ ᠠᠯᠲᠠᠨ ᠴᠥᠭᠥᠴᠡ ᠳ᠋ᠦ᠍ᠷ ᠠᠯᠭᠤᠷ ᠢ᠋ᠶ᠋ᠠᠷ ᠳᠤᠰᠤᠭᠠᠨ ᠨᠢᠵᠡᠭᠡᠳ ᠣᠭᠣᠴᠢ ᠬᠢᠭᠰᠡᠨᠡ ᠪᠣᠯᠣᠷ ᠠᠶᠠᠭ᠎ᠠ ᠰᠠᠶᠢ ᠳᠡᠭᠡᠭᠰᠢ ᠪᠣᠯᠤᠭᠰᠠᠨ᠎ᠠ᠂ ᠲᠡᠷᠡ ᠭᠡᠭᠡᠨ ᠲᠤᠩᠭᠠᠯᠠᠭ ᠠᠷᠢᠭᠤᠨ ᠰᠠᠢᠬᠠᠨ ᠲᠡᠭᠷᠢ ᠶ᠋ᠢᠨ ᠷᠠᠰᠢᠶᠠᠨ ᠤ᠋ ᠳᠡᠭᠡᠵᠢ ᠶ᠋ᠢ ᠰᠦᠯᠳᠡ ᠲᠡᠭᠷᠢ ᠶ᠋ᠢᠨ ᠬᠥᠷᠥᠭ ᠪᠠ ᠰᠦᠯᠳᠡ ᠲᠤᠭ ᠤ᠋ᠨ ᠳᠡᠭᠡᠷ᠎ᠡ ᠲᠣᠭᠣᠰ ᠰᠢᠪᠠᠭᠤᠨ ᠤ᠋ ᠥᠳᠥ ᠰᠣᠳᠣ ᠪᠠᠷ ᠥᠰᠥᠷᠬᠡᠨ ᠲᠥᠰᠦᠷᠭᠡᠵᠦ ᠴᠠᠪᠳᠠᠭᠠᠳ᠂ ᠦᠯᠡᠭᠰᠡᠨ ᠢ᠋ ᠡᠬᠡ ᠲᠠᠢᠬᠡᠦ ᠳ᠋ᠦ᠍ᠷ ᠪᠠᠷᠢᠬᠤᠢ ᠶ᠋ᠢ ᠪᠡᠯᠡᠳᠬᠡᠨ᠂ ᠰᠠᠶᠢ ᠪᠣᠯᠣᠷ ᠠᠶᠠᠭ᠎ᠠ ᠶ᠋ᠢᠨ ᠤᠰᠤ ᠤᠮᠳᠠ ᠶ᠋ᠢ ᠣᠭᠣᠴᠢᠵᠤ ᠦᠵᠡᠨ ᠠᠮᠲᠠᠯᠠᠨ ᠠᠮᠰᠠᠪᠠᠰᠤ᠂ ᠠᠮᠲᠠᠲᠠᠢᠬᠠᠨ ᠪᠥᠭᠡᠳ ᠠᠩᠬᠢᠯᠤᠮᠠᠯ ᠥᠳᠭᠡᠯᠢᠭ ᠪᠥᠭᠡᠳ ᠲᠤᠩᠭᠠᠯᠠᠭ᠂ ᠠᠷᠠᠵᠠ ᠬᠣᠣᠷᠠᠵᠠ᠂ ᠠᠷᠢᠬᠢ ᠳᠡᠷᠡᠰᠦᠨ ᠯᠤᠭ᠎ᠠ ᠣᠭᠲᠣᠬᠠᠨ ᠴᠤ᠌ ᠠᠳᠠᠯᠢ ᠦᠭᠡᠢ᠂ ᠠᠮᠠᠨ ᠳ᠋ᠤᠷ ᠣᠷᠣᠮᠠᠭᠴᠠ ᠰᠡᠩᠭᠢᠨᠡᠨ ᠠᠮᠠᠷᠠᠵᠤ᠂ ᠵᠠᠯᠭᠢᠮᠠᠭᠴᠠ ᠬᠣᠳᠣᠭᠣᠳᠣᠨ ᠳ᠋ᠤᠷ ᠲᠤᠩᠭᠠᠯᠠᠭ ᠪᠣᠯᠤᠮᠤᠢ᠃ ᠠᠳᠠᠯᠢᠳᠬᠠᠨ ᠬᠡᠯᠡᠬᠦ ᠠᠮᠲᠠᠲᠠᠨ ᠦᠭᠡᠢ᠂ ᠠᠷᠭᠠᠴᠠᠰᠬᠢᠨ ᠬᠤᠰᠤᠵᠤ ᠬᠤᠷᠢᠶᠠᠭᠰᠠᠨ᠂ ᠱᠠᠪᠲᠠᠯ᠎ᠠ ᠵᠢᠮᠢᠰ ᠦ᠋ᠨ ᠰᠢᠭᠦᠳᠡᠷᠢ ᠬᠢᠷᠠᠭᠤ ᠶ᠋ᠢᠨ ᠴᠡᠪᠡᠷ ᠰᠡᠷᠢᠭᠦᠨ ᠠᠮᠲᠠᠲᠠᠢ᠃ ᠠᠯᠢᠪᠠ ᠨᠣᠶᠠᠳ ᠲᠦᠰᠢᠮᠡᠳ ᠠᠯᠲᠠᠨ ᠲᠥᠷᠥ ᠳ᠋ᠦ᠍ᠷ ᠲᠥᠪ ᠳᠦᠭᠦᠷᠡᠩ ᠪᠥᠬᠥᠶ᠎ᠡ ᠪᠠᠭᠤᠵᠤ ᠢᠷᠡᠭᠰᠡᠨ ᠦ᠌ ᠲᠤᠯᠠᠳᠠ᠂ ᠠᠯᠢᠪᠠ ᠪᠦᠭᠦᠳᠡᠭᠡᠷ ᠠᠮᠠᠨ ᠢ᠋ᠶ᠋ᠠᠨ ᠪᠠᠷᠢᠨ᠂ ᠠᠭᠠᠰᠢ ᠪᠠᠨ ᠠᠯᠳᠠᠲᠠᠯ᠎ᠠ ᠭᠠᠢᠬᠠᠯᠳᠤᠨ ᠪᠢᠰᠢᠷᠡᠯᠴᠡᠵᠦ ᠰᠢᠲᠦᠨ ᠰᠦᠰᠦᠭᠯᠡᠯᠴᠡᠵᠦ᠂ ᠬᠠᠰᠠᠷ ᠪᠡᠯᠭᠦᠳᠡᠢ ᠬᠠᠵᠠᠭᠤᠳᠠ ᠣᠢᠷ᠎ᠠ ᠪᠠᠢᠭᠰᠠᠨ ᠢ᠋ᠶ᠋ᠠᠷ ᠬᠠᠰᠠᠷ ᠤ᠋ᠨ ᠬᠠᠪᠠᠷ ᠲᠤᠷ ᠲᠤᠩᠭᠠᠯᠠᠭ ᠠᠩᠬᠢᠯᠤᠮᠠᠯ ᠰᠡᠷᠢᠭᠦᠨ ᠲᠠᠭᠠᠯᠠᠮᠵᠢᠲᠤ ᠰᠠᠢᠬᠠᠨ ᠦᠨᠦᠷ ᠦᠨᠦᠷᠲᠦᠭᠰᠡᠨᠡ᠂ ᠮᠥᠷᠭᠥᠵᠦ ᠠᠢᠯᠠᠳᠬᠠᠷᠤᠨ᠄
ᠬᠣᠷᠸ᠎ᠠ ᠣᠷᠴᠢᠯᠠᠩ ᠪᠦᠲᠦᠭᠰᠡᠨ ᠡᠴᠡ ᠢᠨᠠᠷᠤ ᠲᠡᠭᠷᠢ ᠶ᠋ᠢᠨ ᠷᠠᠰᠢᠶᠠᠨ ᠢ᠋ ᠬᠡᠨ ᠣᠯᠵᠤ ᠦᠵᠡᠯᠦᠭᠡ
ᠬᠣᠲᠠᠯᠠ ᠳᠡᠯᠡᠬᠡᠢ ᠬᠤᠷᠠᠨ ᠴᠣᠭᠴᠠᠯᠠᠭᠰᠠᠭᠠᠷ ᠬᠤᠷᠮᠤᠰᠲᠠ ᠶ᠋ᠢᠨ ᠤᠮᠳᠠᠨ ᠢ᠋ ᠬᠡᠨ ᠣᠯᠵᠤ ᠠᠮᠰᠠᠪᠠᠢ ᠢ᠋᠎ᠠ᠃
ᠬᠤᠷᠤᠮᠬᠠᠨ᠎ᠠ ᠲᠡᠳᠦᠢ ᠮᠥᠬᠥᠯᠢᠭ ᠦ᠋ᠨ ᠴᠢᠨᠡᠭᠡᠨ ᠥᠴᠦᠬᠡᠨ ᠳᠤᠰᠤᠯᠭᠠᠵᠤ ᠬᠦᠷᠲᠡᠭᠡᠷᠡᠢ
ᠬᠣᠣᠰ ᠦᠭᠡᠢ ᠳᠡᠭᠷᠢᠯᠢᠭ ᠡᠵᠡᠨ ᠢ᠋ ᠳᠠᠭᠠᠵᠤ ᠲᠥᠷᠥᠭᠰᠡᠨ ᠲᠡᠢᠨ ᠰᠢᠯᠲᠠᠭᠠᠨ ᠤ᠋ ᠲᠡᠮᠳᠡᠭ ᠪᠤᠰᠤ ᠤᠤ ?
ᠬᠡᠮᠡᠭᠰᠡᠨ ᠳ᠋ᠦ᠍ᠷ ᠱᠧᠩ ᠡᠤ ᠬᠤᠸᠠᠩᠳᠢ ᠲᠠᠢᠽᠦ ᠬᠠᠭᠠᠨ ᠮᠥᠨ ᠭᠡᠮᠡᠨ ᠵᠥᠪᠰᠢᠶᠡᠵᠦ᠂ ᠲᠡᠷᠡ ᠦᠶ᠎ᠡ ᠳ᠋ᠦ᠍ᠷ ᠲᠡᠷᠡ ᠷᠠᠰᠢᠶᠠᠨ ᠤᠮᠳᠠᠨ ᠢ᠋ ᠵᠣᠭᠣᠭᠯᠠᠭᠰᠠᠭᠠᠷ ᠪᠣᠯᠣᠷ ᠠᠶᠠᠭ᠎ᠠ ᠶ᠋ᠢᠨ ᠢᠷᠤᠭᠠᠷ᠎ᠠ ᠠᠷᠪᠠᠨ ᠬᠤᠪᠢ ᠶ᠋ᠢᠨ ᠬᠣᠶᠠᠷ ᠬᠤᠪᠢ ᠦᠯᠡᠭᠰᠡᠨ ᠢ᠋ ᠬᠠᠰᠯᠢᠭ ᠪᠣᠯᠣᠷ ᠠᠶᠠᠭ᠎ᠠ ᠲᠠᠢ ᠪᠠᠷ ᠬᠠᠰᠠᠷ ᠤ᠋ᠨ ᠭᠠᠷ ᠲᠤᠷ ᠥᠭᠴᠦ ᠬᠠᠷᠰᠢ ᠲᠥᠷᠥ ᠬᠠᠭᠠᠨ ᠥᠷᠭᠥᠭᠡ ᠳ᠋ᠦ᠍ᠷ ᠪᠦᠬᠦᠢ ᠬᠠᠮᠤᠭ ᠡᠷᠬᠡᠲᠡᠨ᠂ ᠳᠥᠷᠪᠡᠨ ᠳᠥᠷᠪᠡ᠂ ᠬᠣᠶᠠᠷ ᠲᠠᠪᠤᠨ ᠤ᠋ ᠨᠣᠶᠠᠳ ᠲᠦᠰᠢᠮᠡᠳ ᠦ᠋ᠨ ᠭᠠᠷ ᠤ᠋ᠨ ᠠᠯᠠᠭ᠎ᠠ ᠪᠦᠬᠦᠨ᠎ᠡ ᠪᠦᠷᠢᠳᠬᠡᠨ ᠲᠦᠭᠡᠭᠡᠵᠦ ᠭᠦᠢᠴᠡᠳᠬᠡᠭᠡᠳ᠂ ᠦᠯᠡᠭᠰᠡᠨ ᠢ᠋ ᠥᠪᠡᠷᠦᠨ ᠠᠯᠠᠭᠠᠨ ᠤ᠋ ᠬᠣᠲᠣᠭᠣᠷ ᠳᠦᠭᠦᠷᠡᠩ ᠬᠦᠨᠳᠡᠷᠴᠦ ᠨᠢᠭᠡᠨ ᠣᠭᠣᠴᠢ ᠬᠤᠷᠴᠢᠭᠢᠨᠠᠲᠠᠯᠠ ᠣᠭᠣᠴᠢᠭᠠᠳ᠂ ᠵᠠᠯᠭᠢᠪᠠᠰᠤ ᠠᠮᠠᠨ ᠳ᠋ᠤᠷ ᠬᠡᠳᠦᠢᠪᠡᠷ ᠠᠮᠲᠠᠲᠠᠢᠬᠠᠨ ᠠᠩᠬᠢᠯᠤᠮᠠᠯ ᠮᠡᠲᠦ ᠪᠣᠯᠪᠠᠴᠤ᠂ ᠵᠠᠯᠭᠢᠭᠠᠳ ᠴᠢᠨᠠᠭᠰᠢ ᠬᠣᠭᠣᠯᠠᠢ ᠳ᠋ᠤᠷ ᠡᠰᠡ ᠣᠷᠣᠪᠠᠢ᠃ ᠦᠯᠦᠭ《ᠬᠥᠬᠡ ᠰᠣᠳᠣᠷᠠ 》ᠡᠨᠡ ᠨᠢᠭᠡᠨ ᠬᠡᠰᠡᠭ ᠢ᠋ ᠬᠠᠰᠠᠷ ᠬᠠᠨ ᠢ᠋ᠶ᠋ᠠᠷ ᠬᠠᠪᠠᠷ ᠲᠤᠷ ᠲᠡᠭᠷᠢ ᠶ᠋ᠢᠨ ᠷᠠᠰᠢᠶᠠᠨ ᠤ᠋ ᠠᠩᠬᠢᠯᠤᠮᠠᠯ ᠦᠨᠦᠷ ᠢ᠋ ᠦᠨᠦᠰᠴᠦ ᠠᠮᠠᠨ ᠳ᠋ᠤᠷ ᠠᠮᠲᠠᠲᠠᠢᠬᠠᠨ ᠠᠮᠲᠠ ᠶ᠋ᠢ ᠪᠠᠬᠠᠨ ᠤᠬᠠᠭᠰᠠᠨ ᠢ᠋ᠶ᠋ᠠᠷ ᠠᠴᠢ ᠦᠷ᠎ᠡ ᠠᠷᠪᠢᠨ ᠳᠡᠯᠭᠡᠷᠡᠵᠦ ᠪᠠᠷᠠᠭᠤᠨ ᠵᠡᠭᠦᠨ ᠨᠡᠢᠲᠡ ᠠᠷᠪᠠᠨ ᠠᠢᠮᠠᠭ ᠤ᠋ᠨ ᠮᠤᠬᠤᠷ ᠳᠥᠴᠢᠨ ᠬᠣᠰᠢᠭᠤ ᠪᠣᠯᠪᠠ ᠬᠡᠮᠡᠵᠦᠬᠦᠢ᠃
ᠲᠡᠨᠳᠡᠴᠡ ᠬᠠᠰᠠᠷ ᠤ᠋ᠨ ᠠᠮᠠᠨ ᠳ᠋ᠤᠷ ᠣᠷᠣᠭᠠᠳ᠂ ᠴᠢᠨᠠᠭᠰᠢ ᠬᠣᠭᠣᠯᠠᠢ ᠳ᠋ᠤᠷ ᠡᠰᠡ ᠣᠷᠣᠭᠰᠠᠨ᠎ᠠ ᠶᠡᠬᠡᠯ᠎ᠡ ᠭᠠᠢᠬᠠᠵᠤ᠂ ᠷᠠᠰᠢᠶᠠᠨ ᠠᠮᠰᠠᠭᠰᠠᠨ ᠣᠯᠠᠨ ᠨᠣᠶᠠᠳ ᠲᠦᠰᠢᠮᠡᠨ ᠢ᠋ ᠦᠵᠡᠪᠡᠰᠦ᠂ ᠣᠯᠠᠨ ᠢ᠋ᠶ᠋ᠠᠷ ᠭᠠᠢᠬᠠᠯᠳᠤᠨ ᠰᠣᠨᠢᠷᠬᠠᠬᠤ ᠳᠦᠷᠢ ᠪᠦᠬᠦᠢ ᠳ᠋ᠦ᠍ᠷ ᠨᠣᠶᠠᠳ ᠠ᠋ᠴᠠ ᠪᠦᠬᠦ ᠪᠡᠯᠭᠦᠳᠡᠢ᠂ ᠲᠦᠰᠢᠮᠡᠯ ᠡᠴᠡ ᠬᠦᠯᠦᠭ ᠪᠤᠷᠤᠭᠤᠵᠢ ᠬᠣᠶᠠᠭᠤᠯᠠ ᠴᠥᠮ ᠴᠤᠯᠭᠤᠢ ᠴᠢᠬᠡᠴᠢ ᠲᠤᠯᠠ᠂ ᠬᠠᠷᠢᠯᠴᠠᠨ ᠦᠭᠦᠯᠡᠯᠳᠦᠷᠦᠨ :
《ᠲᠡᠭᠷᠢ ᠶ᠋ᠢᠨ ᠷᠠᠰᠢᠶᠠᠨ ᠠᠮᠠᠨ ᠳ᠋ᠤᠷ ᠣᠷᠣᠪᠠᠴᠤ᠂ ᠴᠢᠨᠠᠭᠰᠢ ᠬᠣᠭᠣᠯᠠᠢ ᠳ᠋ᠤᠷ ᠡᠰᠡ ᠣᠷᠣᠪᠠᠢ 》ᠬᠡᠮᠡᠭᠰᠡᠨ᠎ᠡ᠂ ᠣᠯᠠᠨ ᠢ᠋ᠶ᠋ᠠᠷ ᠴᠥᠮ ᠡᠢᠮᠦ ᠳ᠋ᠦ᠍ᠷ ᠬᠠᠷᠠᠬᠠᠨ ᠰᠡᠵᠢᠭᠯᠡᠯᠴᠡᠨ ᠭᠠᠢᠬᠠᠯᠳᠤᠬᠤᠶᠠ᠂ ᠡᠨᠡ ᠬᠣᠶᠠᠷ ᠤ᠋ᠨ ᠡᠢᠨ ᠬᠦ᠌ ᠬᠡᠯᠡᠵᠦ ᠭᠠᠷᠭᠠᠭᠰᠠᠨ᠎ᠠ ᠪᠦᠭᠦᠳᠡᠭᠡᠷ ᠦᠨᠡᠬᠡᠷ ᠲᠡᠢᠮᠦ ᠬᠡᠮᠡᠬᠦᠢ ᠳ᠋ᠦ᠍ᠷ ᠳᠥᠲᠥᠭᠡᠷ ᠲᠠᠢᠽᠢ ᠲᠣᠯᠢ ᠤᠷᠢᠳᠠ ᠢᠨᠢᠶᠡᠨ ᠳᠠᠭᠠᠯᠳᠤᠭ᠎ᠠ ᠭᠤᠷᠪᠠᠳᠤᠭᠠᠷ ᠲᠠᠢᠽᠢ ᠥᠭᠡᠳᠡᠢ ᠠᠬ᠎ᠠ ᠳᠡᠭᠦᠦ ᠬᠣᠶᠠᠭᠤᠯᠠ ᠮᠥᠨ ᠬᠠᠷᠢᠯᠴᠠᠨ ᠦᠭᠦᠯᠡᠯᠳᠦᠷᠦᠨ :
《ᠠᠮᠠᠨ᠎ᠠ ᠣᠷᠣᠭᠰᠠᠨ ᠪᠥᠭᠡᠲᠡᠯ᠎ᠡ᠂ ᠴᠢᠨᠠᠭᠰᠢ ᠠᠳᠠᠪᠠᠰᠢ ᠬᠣᠯᠠ ᠠᠵᠢ ! 》ᠭᠡᠮᠡᠨ ᠲᠠᠢᠽᠦ ᠶ᠋ᠢᠨ ᠠᠷᠤ ᠶ᠋ᠢᠨ ᠬᠣᠢᠨ᠎ᠠ ᠰᠡᠮᠡᠬᠡᠷ ᠬᠡᠯᠡᠯᠴᠡᠨ ᠢᠨᠢᠶᠡᠭᠰᠡᠨ ᠢ ᠲᠠᠢᠽᠦ ᠶ᠋ᠢᠨ ᠰᠣᠨᠣᠷ ᠴᠢᠬᠢᠨ᠎ᠡ ᠬᠡᠳᠦᠢ ᠠᠢᠯᠠᠳᠤᠨ ᠰᠣᠨᠣᠰᠴᠤ᠂ ᠳᠣᠲᠣᠷ᠎ᠠ ᠪᠠᠨ ᠰᠠᠨᠠᠵᠤ ᠪᠠᠢᠲᠠᠯ᠎ᠠ᠂ ᠬᠠᠰᠯᠢᠭ ᠪᠣᠯᠣᠷ ᠠᠶᠠᠭ᠎ᠠ ᠶ᠋ᠢ ᠬᠠᠨᠴᠤᠢ ᠪᠠᠷ ᠬᠢᠴᠢᠶᠡᠨ ᠠᠷᠴᠢᠵᠤ᠂ ᠠᠯᠠᠭ᠎ᠠ ᠳ᠋ᠤᠷ ᠳᠠᠬᠢᠨ ᠳᠠᠬᠢᠨ ᠰᠢᠪᠬᠠᠷᠠᠨ᠂ ᠬᠣᠭᠣᠰᠣᠨ ᠠᠶᠠᠭ᠎ᠠ ᠶ᠋ᠢ ᠬᠣᠶᠠᠷ ᠭᠠᠷ ᠢ᠋ᠶ᠋ᠠᠷ ᠬᠢᠴᠢᠶᠡᠩᠭᠦᠢᠯᠡᠨ ᠬᠠᠷᠢᠭᠤ ᠡᠷᠭᠦᠨ ᠪᠠᠷᠢᠭᠠᠳ᠂ ᠲᠠᠢᠽᠦ ᠪᠠᠷᠠᠭᠤᠨ ᠭᠠᠷ ᠢ᠋ᠶ᠋ᠠᠷ ᠲᠣᠰᠴᠤ ᠠᠪᠤᠮᠠᠭᠴᠠ᠂ ᠠᠶᠠᠭ᠎ᠠ ᠶ᠋ᠢᠨ ᠳᠣᠲᠣᠷ᠎ᠠ ᠪᠠᠰᠠ ᠮᠡᠯᠮᠡᠯᠵᠡᠨ ᠲᠡᠪᠡᠯᠬᠢᠯᠡᠨ ᠠᠩᠬᠠᠨ ᠤ᠋ ᠬᠠᠰᠠᠷ ᠤ᠋ᠨ ᠭᠠᠷ ᠲᠤᠷ ᠥᠭᠭᠦᠭᠰᠡᠨ ᠦᠶ᠎ᠡ ᠶ᠋ᠢᠨ ᠬᠢᠷᠢ ᠲᠡᠢ ᠬᠣᠶᠠᠷ ᠬᠤᠪᠢ ᠶ᠋ᠢᠨ ᠷᠠᠰᠢᠶᠠᠨ ᠬᠣᠷᠣᠭᠳᠠᠭᠰᠠᠨ ᠦᠭᠡᠢ ᠤᠷᠭᠤᠨ ᠭᠠᠷᠴᠤ ᠢᠷᠡᠭᠡᠳ᠂ ᠲᠠᠢᠽᠦ ᠨᠡᠩ ᠰᠣᠨᠢᠷᠬᠠᠨ ᠠᠮᠠ ᠭᠦᠷᠦᠨ ᠦᠵᠡᠪᠡᠰᠦ ᠤᠭ ᠠᠮᠲᠠ ᠠ᠋ᠴᠠ ᠥᠴᠦᠬᠡᠨ ᠴᠦ᠍ ᠬᠤᠪᠢᠯᠤᠭᠰᠠᠨ ᠦᠭᠡᠢ᠃
ᠲᠡᠳᠦᠢ ᠬᠠᠰᠠᠷ ᠪᠡᠯᠭᠦᠳᠡᠢ ᠬᠣᠶᠠᠷ ᠤ᠋ᠨ ᠭᠠᠷᠤᠨ ᠠᠯᠠᠭᠠᠨ᠎ᠠ ᠪᠠᠰᠠ ᠳᠦᠭᠦᠷᠲᠡᠯ᠎ᠡ ᠬᠢᠵᠦ ᠥᠭᠬᠦ ᠪᠥᠭᠡᠳ ᠬᠠᠰᠠᠷ ᠤ᠋ᠨ ᠬᠠᠪᠤ᠂ ᠪᠡᠯᠭᠦᠳᠡᠢ ᠶ᠋ᠢᠨ ᠪᠦᠬᠦ ᠪᠡᠷ ᠬᠠᠷᠠᠳᠠᠨ ᠳᠠᠢᠰᠤᠨ ᠢ᠋ ᠳᠠᠷᠤᠨ᠂ ᠪᠡᠷᠬᠡ ᠬᠦᠴᠦᠲᠡᠨ ᠢ᠋ ᠵᠥᠭᠡᠳᠬᠡᠭᠦᠯᠦᠭᠡ ᠭᠡᠮᠡᠨ ᠳᠠᠬᠢᠨ ᠨᠢᠭᠡᠨ ᠤᠳᠠᠭ᠎ᠠ ᠠᠮᠰᠠᠭᠤᠯᠪᠠᠰᠤ ᠪᠠᠰᠠ ᠬᠦ᠌ ᠤᠷᠢᠳᠠ ᠶ᠋ᠢᠨ ᠠᠳᠠᠯᠢ ᠠᠮᠡᠨᠡ ᠣᠷᠣᠵᠤ ᠬᠣᠭᠣᠯᠠᠢ ᠳ᠋ᠤᠷ ᠡᠰᠡ ᠣᠷᠣᠪᠠᠢ᠃ ᠠᠶᠠᠭᠠᠨ ᠢᠷᠤᠭᠠᠷᠡ ᠪᠠᠰᠠ ᠲᠡᠳᠦᠢ ᠬᠢᠷᠢᠲᠡᠢ ᠪᠣᠢ ᠲᠤᠯᠠ ᠳᠥᠷᠪᠡᠨ ᠬᠥᠪᠡᠭᠦᠨ ᠲᠠᠢᠽᠢ ᠳ᠋ᠤᠷ ᠨᠡᠷ᠎ᠡ ᠬᠤᠪᠢᠶᠠᠨ ᠠᠮᠰᠠᠭᠤᠯᠪᠠᠰᠤ᠂ ᠺᠠᠷᠣᠳᠢ ᠮᠥᠨ ᠬᠦ᠌ ᠵᠣᠴᠢ ᠴᠠᠭᠠᠲᠠᠢ ᠬᠣᠶᠠᠷ ᠲᠠᠢᠽᠢ ᠶ᠋ᠢᠨ ᠵᠦᠭ ᠨᠢᠰᠦᠨ ᠡᠴᠢᠬᠦᠶ᠎ᠡ᠂ ᠲᠠᠢᠽᠦ ᠠᠢᠯᠠᠳᠤᠨ ᠦᠵᠡᠵᠦ ᠵᠠᠷᠯᠢᠭ ᠪᠣᠯᠤᠨ ᠰᠠᠢᠰᠢᠶᠠᠷᠤᠨ:
ᠬᠤᠷᠮᠤᠰᠲᠠ ᠶ᠋ᠢᠨ ᠰᠠᠨᠠᠭᠠᠨ ᠢ᠋ ᠬᠤᠪᠢᠯᠭᠠᠨ ᠺᠠᠷᠣᠳᠢ ᠤᠯᠠᠮᠵᠢᠯᠠᠵᠤ
ᠬᠣᠲᠠᠯᠠ ᠤᠯᠤᠰ ᠤ᠋ᠨ ᠬᠤᠷᠠᠭᠰᠠᠨ ᠣᠯᠠᠨ ᠢ᠋ ᠬᠥᠭᠡᠷᠦᠬᠦᠢᠯᠡᠵᠦᠬᠦᠢ᠃
ᠬᠣᠢᠮᠣᠷ ᠲᠠᠭᠠᠨ ᠵᠢᠷᠭᠠᠬᠤ ᠬᠤᠪᠢᠲᠤ ᠲᠡᠮᠦᠵᠢᠨ ᠨᠠᠮᠠᠶ᠋ᠢ
ᠬᠣᠯᠠ ᠠᠭᠯᠠᠭ ᠢ᠋ ᠬᠤᠮᠪᠢᠨ ᠬᠤᠷᠢᠶᠠᠷᠠ ᠭᠠᠷᠭᠠᠮᠤᠢ ᠢ᠋᠎ᠠ᠃
ᠬᠡᠮᠡᠭᠰᠡᠨ ᠳ᠋ᠦ᠍ᠷ ᠬᠣᠲᠠᠯᠠ ᠨᠣᠶᠠᠳ ᠲᠦᠰᠢᠮᠡᠳ 《ᠲᠦᠮᠡᠨ ᠨᠠᠰᠤᠲᠤ ᠶ᠋ᠢᠨ ᠠᠯᠲᠠᠨ ᠵᠠᠷᠯᠢᠭ ᠢ᠋ᠶ᠋ᠠᠷ ᠠᠯᠢᠪᠠ ᠤᠯᠤᠰ ᠤ᠋ᠳ ᠢ᠋ ᠠᠯᠠᠭᠠᠨ ᠳ᠋ᠤᠷ ᠠᠳᠬᠤᠨ᠂ ᠠᠮᠢᠲᠠᠨ ᠪᠦᠬᠦᠨ ᠢ ᠠᠮᠤᠭᠤᠯᠤᠨ ᠵᠢᠷᠭᠠᠭᠤᠯᠤᠭᠲᠤᠨ 》ᠭᠡᠮᠡᠨ ᠮᠥᠷᠭᠥᠵᠦ᠂ ᠰᠠᠶᠢ ᠮᠠᠨᠳᠤᠬᠤ ᠤᠯᠠᠭᠠᠨ ᠨᠠᠷᠠᠨ ᠤ᠋ ᠭᠡᠷᠡᠯ ᠳ᠋ᠦ᠍ᠷ ᠮᠠᠨᠳᠤᠭᠰᠠᠨ ᠲᠥᠷᠥ ᠶ᠋ᠢᠨ ᠮᠠᠭᠠᠳ ᠨᠡᠷ᠎ᠡ ᠡᠷᠭᠦᠮᠵᠢᠯᠡᠯ ᠦ᠋ᠨ ᠯᠤᠤ ᠶ᠋ᠢᠨ ᠨᠤᠭᠤᠯᠪᠤᠷᠢ ᠶ᠋ᠢ ᠡᠷᠭᠦᠨ ᠳᠠᠭᠤᠳᠠᠭᠰᠠᠨ ᠠᠨᠤ :
ᠬᠥᠬᠡ ᠮᠥᠩᠬᠡ ᠳᠡᠭᠷᠢᠯᠢᠭ ᠬᠠᠭᠠᠨ ᠤ᠋ ᠭᠡᠭᠡᠨ ᠢ᠋ᠶ᠋ᠡᠷ
ᠬᠦᠷᠦᠭᠰᠡᠨ ᠡᠯ᠎ᠡ ᠭᠠᠵᠠᠷ ᠤ᠋ᠨ ᠬᠠᠮᠤᠭ ᠢ᠋ ᠲᠦᠪᠰᠢᠳᠬᠡᠬᠦᠶ᠎ᠡ᠂
ᠬᠦᠰᠡᠨ ᠪᠢᠰᠢᠷᠡᠵᠦ ᠥᠪᠡᠷ ᠢ᠋ᠶ᠋ᠡᠨ ᠳᠠᠭᠠᠭᠰᠠᠨ ᠶᠡᠬᠡ ᠬᠠᠭᠠᠰ
ᠬᠦᠴᠦᠨ ᠢ᠋ᠶ᠋ᠡᠷ ᠨᠣᠮᠣᠬᠠᠳᠬᠠᠨ ᠳᠠᠭᠠᠭᠤᠯᠤᠭᠰᠠᠨ ᠪᠠᠭ᠎ᠠ ᠬᠠᠭᠠᠰ
ᠬᠦᠨᠳᠦ ᠬᠥᠩᠭᠡᠨ ᠨᠡᠢᠲᠡ ᠳᠠᠯᠠᠨ ᠲᠠᠪᠤᠨ ᠠᠢᠮᠠᠭ ᠤ᠋ᠳ ᠢ
ᠬᠥᠪ ᠶᠡᠬᠡ ᠬᠡᠷᠦᠯᠦᠨ ᠮᠥᠷᠡᠨ ᠦ᠌ ᠬᠥᠳᠡᠭᠡ ᠬᠡᠭᠡᠷ᠎ᠡ ᠳ᠋ᠦ᠍ᠷ
ᠬᠦᠰᠡᠯᠲᠦ ᠤᠨᠤᠨ ᠮᠥᠷᠡᠨ ᠦ᠌ ᠣᠯᠣᠮ ᠤ᠋ᠨ ᠠᠷᠠᠯ᠎ᠠ᠃
ᠬᠦᠨᠳᠦᠲᠡᠢ ᠮᠤᠩ ᠭᠣᠣᠯ ᠤ᠋ᠨ ᠠᠮᠠᠨ᠎ᠠ ᠴᠢᠭᠤᠯᠭᠠᠨ ᠨᠡᠢᠯᠡᠭᠦᠯᠵᠦ᠂
ᠬᠦᠢ ᠶᠡᠬᠡ ᠮᠠᠨᠳᠠᠯ ᠪᠠᠯᠭᠠᠳ ᠵᠢᠪᠬᠤᠯᠠᠩᠲᠠᠶᠠ ᠴᠣᠭᠴᠠᠯᠠᠨ
ᠬᠥᠮᠦᠨ ᠪᠦᠬᠦᠨ ᠤ ᠬᠦᠰᠡᠯ ᠳ᠋ᠦ᠍ᠷ ᠭᠥᠷᠥᠭᠦᠯᠦᠨ ᠪᠠᠢᠭᠤᠯᠤᠭᠰᠠᠨ ᠢ᠋ᠶ᠋ᠠᠷ
ᠬᠦᠨᠳᠦᠯᠡᠯᠳᠦ ᠳᠡᠭᠡᠳᠦ ᠶᠡᠬᠡ ᠬᠥᠬᠡ ᠮᠣᠩᠭᠣᠯ ᠤᠯᠤᠰ ᠬᠡᠮᠡᠪᠡᠢ
ᠡᠭᠦᠡᠴᠡ ᠰᠠᠶᠢ ᠮᠣᠩᠭᠣᠯ ᠬᠡᠮᠡᠬᠦ ᠦᠰᠦᠭ ᠪᠠ ᠦᠭᠡ ᠭᠠᠷᠪᠠᠢ᠃
ᠬᠠᠰ ᠶᠡᠬᠡ ᠲᠥᠷᠥ ᠶ᠋ᠢᠨ ᠬᠠᠭᠠᠨ ᠡᠵᠡᠨ ᠦ᠌ ᠴᠣᠯᠠ ᠡᠷᠭᠦᠮᠵᠢᠯᠡᠯ ᠪᠠ ᠣᠨ ᠤ᠋ ᠴᠣᠯᠠ ᠪᠣᠯᠪᠠᠰᠤ : 《ᠬᠠᠨ ᠬᠤᠷᠮᠤᠰᠲᠠ ᠶ᠋ᠢᠨ ᠬᠠᠢᠷ᠎ᠠ ᠰᠠᠨᠠᠭᠠᠨ ᠢ᠋ ᠬᠠᠮᠤᠭ ᠪᠦᠬᠦᠨ᠎ᠡ ᠤᠬᠠᠭᠤᠯᠤᠨ ᠰᠠᠨᠠᠭᠤᠯᠤᠭᠰᠠᠨ ᠬᠠᠰ ᠡᠷᠳᠡᠨᠢ ᠶ᠋ᠢᠨ ᠲᠠᠮᠠᠭ᠎ᠠ ᠶ᠋ᠢ ᠴᠢᠯᠠᠭᠤᠨ ᠤ᠋ ᠳᠣᠲᠣᠷ᠎ᠠ ᠪᠦᠬᠦᠢ ᠶ᠋ᠢ ᠵᠢᠭᠠᠵᠤ ᠥᠭᠭᠦᠭᠰᠡᠨ ᠬᠠᠭᠠᠨ ᠥᠷᠭᠥᠭᠡ ᠶ᠋ᠢᠨ ᠲᠣᠭᠣᠨᠣ ᠳᠡᠭᠡᠷ᠎ᠡ ᠳᠠᠬᠢᠨ ᠳᠠᠬᠢᠨ ᠢᠷᠡᠵᠦ ᠰᠠᠭᠤᠵᠤ ᠪᠡᠯᠡᠭᠯᠡᠨ ᠬᠠᠷᠠᠭᠠᠯᠵᠠᠨ ᠲᠡᠳᠬᠦᠭᠰᠡᠨ ᠬᠠᠨ ᠺᠠᠷᠣᠳᠢ ᠶ᠋ᠢᠨ ᠤᠳᠠᠭ᠎ᠠ ᠳᠠᠷᠠᠭ᠎ᠠ < ᠴᠢᠩᠭᠢᠰ ᠴᠢᠩᠭᠢᠰ > ᠭᠡᠮᠡᠨ ᠳᠣᠩᠭᠣᠳᠤᠭᠰᠠᠨ ᠬᠠᠮᠤᠭ ᠪᠦᠬᠦᠨ ᠢ᠋ ᠬᠠᠮᠲᠤᠳᠬᠠᠨ ᠡᠩᠬᠡᠵᠢᠭᠦᠯᠦᠨ᠂ ᠬᠠᠪᠤᠯ ᠬᠠᠭᠠᠨ ᠡᠯᠦᠨᠴᠡ ᠪᠡᠨ ᠵᠠᠯᠭᠠᠮᠵᠢᠯᠠᠨ ᠬᠡᠷᠡᠯᠳᠦᠭᠦᠯᠦᠭᠰᠡᠨ᠂ ᠬᠠᠨ ᠬᠤᠷᠮᠤᠰᠲᠠ ᠲᠡᠭᠷᠢ ᠶ᠋ᠢᠨ ᠪᠣᠱᠣᠭ ᠢ᠋ᠶ᠋ᠠᠷ ᠬᠠᠮᠤᠭ ᠤ᠋ᠨ ᠤᠯᠠᠷᠢᠯ ᠢ᠋ ᠶᠡᠬᠡᠳᠡ ᠨᠡᠭᠡᠭᠡᠭᠰᠡᠨ ᠬᠠᠳᠠᠨ ᠰᠦᠷᠲᠦ᠂ ᠰᠤᠤᠲᠤ ᠪᠣᠭᠳᠠ ᠪᠠᠭᠠᠲᠤᠷ ᠬᠤᠸᠠᠩᠳᠢ᠂ ᠴᠢᠩᠭᠢᠰ ᠶᠡᠬᠡ ᠬᠠᠭᠠᠨ 》ᠬᠡᠮᠡᠵᠦᠬᠦᠢ᠃ ᠬᠣᠢᠨ᠎ᠠ ᠬᠤᠷᠢᠶᠠᠩᠭᠤᠢᠯᠠᠨ 《ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠴᠢᠩᠭᠢᠰ ᠬᠠᠭᠠᠨ 》ᠬᠡᠮᠡᠭᠰᠡᠨ ᠢ ᠬᠢᠲᠠᠳ ᠦᠰᠦᠭ ᠦ᠋ᠨ ᠶᠤᠸᠠᠨ ᠤᠯᠤᠰ ᠤ᠋ᠨ 《ᠭᠠᠩ ᠮᠦ᠍ ᠰᠤᠳᠤᠷ 》 ᠲᠤᠷ ᠢᠷᠭᠡᠨ ᠦᠰᠦᠭ ᠢ᠋ᠶ᠋ᠡᠷ ᠪᠢᠴᠢᠭᠰᠡᠨ ᠢᠨᠤ᠂ 《承天启运圣武皇帝》ᠡᠢᠮᠦ ᠨᠠᠢ᠍ᠮᠠᠨ ᠦᠰᠦᠭ ᠢ᠋ᠶ᠋ᠡᠷ ᠬᠤᠷᠢᠶᠠᠵᠤᠬᠤᠢ᠃ ᠠᠮᠢᠳᠤ ᠰᠡᠷᠢᠭᠦᠨ ᠪᠥᠬᠥᠶ᠎ᠡ ᠳᠥᠴᠢᠨ ᠲᠠᠪᠤᠨ ᠰᠡᠭᠦᠳᠡᠷᠡ᠂ ᠴᠢᠩᠭᠢᠰ ᠶᠡᠬᠡ ᠳᠡ ᠬᠤᠸᠠᠩᠳᠢ ᠰᠠᠭᠤᠬᠤᠶ᠎ᠠ ᠡᠷᠭᠦᠭᠰᠡᠨ ᠮᠣᠩᠭᠣᠯ ᠦᠭᠡᠰ ᠦ᠋ᠨ ᠡᠷᠭᠦᠮᠵᠢᠯᠡᠯ ᠪᠣᠢ ᠢ᠋᠎ᠠ᠂ ᠶᠡᠷᠦ ᠬᠠᠯᠢᠭᠰᠠᠨ ᠤ᠋ ᠬᠣᠢᠨ᠎ᠠ ᠡᠷᠭᠦᠮᠵᠢᠯᠡᠭᠰᠡᠨ ᠨᠡᠬᠡᠮᠵᠢᠯᠡᠯ ᠪᠤᠰᠤ᠃ ᠶᠤᠸᠠᠨ ᠲᠠᠢᠽᠦ ᠬᠡᠮᠡᠭᠴᠢ ᠢᠨᠤ ᠮᠥᠨ ᠦᠯᠢᠭᠡᠷᠯᠡᠨ ᠬᠡᠯᠡᠪᠡᠰᠦ᠂ ᠲᠠᠢᠴᠢᠩ ᠤᠯᠤᠰ ᠤ᠋ᠨ ᠶᠢᠰᠦᠳᠦᠭᠡᠷ ᠬᠠᠭᠠᠨ ᠲᠦᠭᠡᠮᠡᠯ ᠡᠯᠪᠡᠭᠲᠦ – ᠰᠢᠶᠠᠨ ᠹᠧᠩ ᠬᠡᠮᠡᠬᠦ ᠣᠨ ᠤ᠋ ᠸᠸᠨᠽᠥ᠋ᠩ ᠰᠢᠶᠠᠨ ᠬᠤᠸᠠᠩᠳᠢ ᠶ᠋ᠢᠨ ᠭᠤᠷᠪᠠᠳᠤᠭᠠᠷ ᠤᠳᠠᠭ᠎ᠠ ᠡᠷᠭᠦᠮᠵᠢᠯᠡᠭᠰᠡᠨ ᠬᠤᠸᠠᠩᠬᠡᠦ ᠬᠣᠢᠨ᠎ᠠ ᠪᠠᠷᠠᠭᠤᠨ ᠣᠷᠳᠣᠨ ᠤ᠋ ᠰᠢ ᠲᠠᠢᠬᠡᠦ ᠭᠡᠮᠡᠨ᠂ ᠪᠦᠷᠢᠨᠲᠦ ᠵᠠᠰᠠᠭᠴᠢ᠂ ᠪᠠᠳᠠᠷᠠᠭᠤᠯᠲᠤ ᠲᠥᠷᠥ ᠶ᠋ᠢᠨ ᠬᠣᠶᠠᠷ ᠬᠠᠳ ᠤ᠋ᠨ ᠦᠶ᠎ᠡ ᠳ᠋ᠦ᠍ᠷ ᠡᠷᠭᠦᠮᠵᠢᠯᠡᠯ ᠨᠡᠮᠡᠭᠰᠡᠭᠡᠷ᠂ ᠬᠢᠲᠠᠳ ᠤ᠋ᠨ ᠳᠠᠩ ᠦᠰᠦᠭ ᠢ᠋ᠶ᠋ᠡᠷ ᠨᠡᠢᠲᠡ ᠠᠷᠪᠠᠨ ᠳᠥᠷᠪᠡᠨ ᠦᠰᠦᠭ ᠲᠣᠷ ᠬᠦᠷᠦᠭᠰᠡᠨ ᠮᠡᠲᠦ᠂ ᠪᠣᠭᠳᠠ ᠴᠢᠩᠭᠢᠰ ᠬᠠᠭᠠᠨ ᠤ᠋ ᠦᠢᠯᠡ ᠶᠠᠪᠤᠳᠠᠯ ᠭᠠᠪᠢᠶ᠎ᠠ ᠵᠢᠳᠬᠦᠯᠭᠡ ᠢᠨᠤ ᠮᠠᠰᠢᠳᠠ ᠦᠯᠡᠮᠵᠢ ᠶ᠋ᠢᠨ ᠲᠤᠯᠠ ᠠᠮᠢᠳᠤ ᠰᠡᠷᠢᠭᠦᠨ ᠪᠦᠬᠦᠢ ᠳ᠋ᠦ᠍ᠷ ᠳᠠᠷᠤᠢ ᠮᠠᠭᠲᠠᠭᠠᠯ ᠡᠷᠭᠦᠮᠵᠢᠯᠡᠯ ᠭᠠᠷᠤᠭᠰᠠᠨ ᠠᠨᠤ ᠪᠤᠶᠤ᠃ ᠵᠢᠴᠢ ᠳᠡᠭᠡᠭᠰᠢ ᠭᠤᠷᠪᠠᠨ ᠦᠶ᠎ᠡ ᠶ᠋ᠢᠨ ᠡᠪᠦᠭᠡᠳ ᠢ᠋ ᠨᠡᠬᠡᠮᠵᠢᠯᠡᠨ ᠡᠷᠭᠦᠮᠵᠢᠯᠡᠭᠰᠡᠨ ᠢᠨᠤ᠂ ᠲᠠᠢᠽᠦ ᠪᠣᠭᠳᠠ ᠴᠢᠩᠭᠢᠰ ᠬᠠᠭᠠᠨ ᠤ᠋ ᠡᠴᠢᠭᠡ᠂ ᠶᠢᠰᠦᠭᠡᠢ ᠪᠠᠭᠠᠲᠤᠷ ᠡᠵᠡᠨ ᠢ᠋ ᠡᠷᠭᠦᠮᠵᠢᠯᠡᠭᠰᠡᠨ ᠢᠨᠤ : 《ᠵᠢᠪᠬᠤᠯᠠᠩ ᠬᠦᠴᠦᠲᠦ ᠬᠤᠸᠠᠩᠳᠢ ᠡᠴᠢᠭᠡ ᠬᠠᠭᠠᠨ 》᠂ ᠵᠢᠴᠢ ᠲᠠᠢᠽᠦ ᠶ᠋ᠢᠨ ᠡᠪᠦᠭᠡ ᠪᠠᠷᠳᠠᠮ ᠪᠠᠭᠠᠲᠤᠷ ᠢ᠋ ᠨᠡᠬᠡᠮᠵᠢᠯᠡᠨ ᠡᠷᠭᠦᠮᠵᠢᠯᠡᠭᠰᠡᠨ ᠢᠨᠤ : 《ᠪᠠᠳᠠᠷᠠᠭᠤᠯᠲᠤ ᠪᠠᠶᠠᠰᠬᠤᠯᠠᠩ ᠬᠤᠸᠠᠩᠳᠢ ᠡᠪᠦᠭᠡ ᠬᠠᠭᠠᠨ 》᠂ ᠵᠢᠴᠢ ᠲᠠᠢᠽᠦ ᠶ᠋ᠢᠨ ᠡᠯᠦᠨᠴᠡ ᠡᠴᠢᠭᠡ ᠬᠠᠪᠤᠯ ᠬᠠᠭᠠᠨ ᠢ᠋ ᠨᠡᠬᠡᠮᠵᠢᠯᠡᠨ ᠡᠷᠭᠦᠮᠵᠢᠯᠡᠭᠰᠡᠨ ᠢᠨᠤ : 《ᠬᠠᠮᠤᠭ ᠪᠠᠢᠭᠤᠯᠤᠯᠲᠤ ᠳᠠ ᠬᠤᠸᠠᠩᠳᠢ ᠡᠯᠦᠨᠴᠡ ᠶᠡᠬᠡ ᠬᠠᠭᠠᠨ 》᠂ ᠵᠢᠴᠢ ᠲᠠᠢᠽᠦ ᠶ᠋ᠢᠨ ᠲᠥᠷᠥᠭᠰᠡᠨ ᠡᠬᠡ ᠥᠭᠡᠯᠦᠨ ᠥᠵᠢᠨ ᠡᠮᠡᠭᠡ ᠶ᠋ᠢ ᠡᠷᠭᠦᠮᠵᠢᠯᠡᠭᠰᠡᠨ ᠢᠨᠣ᠄ 《ᠵᠢᠪᠬᠤᠯᠠᠩ ᠵᠣᠷᠢᠭᠲᠤ ᠦᠯᠡᠭᠦᠦ ᠢᠷᠦᠭᠡᠯᠲᠦ ᠲᠡᠢ ᠬᠤᠸᠠᠩ ᠲᠠᠢᠬᠡᠦ 》ᠬᠢᠲᠠᠳ ᠦᠭᠡᠰ ᠢ᠋ᠶ᠋ᠡᠷ 《 ᠲᠡᠢ ᠴᠢᠩ ᠲᠠᠢᠬᠡᠦ 》᠃ ᠶᠢᠰᠦᠭᠡᠢ ᠪᠠᠭᠠᠲᠤᠷ ᠢ᠋ ᠬᠢᠲᠠᠳ ᠢ᠋ᠶ᠋ᠠᠷ 《ᠳᠠ ᠱᠧᠩ ᠯᠢᠶᠧ ᠽᠦ᠍ 》ᠬᠡᠮᠡᠮᠦᠢ᠃ ᠲᠠᠢᠽᠦ ᠶ᠋ᠢᠨ ᠲᠥᠪ ᠰᠠᠭᠤᠳᠠᠯ ᠤ᠋ᠨ ᠰᠡᠴᠡᠨ ᠵᠦᠰᠦᠨ ᠪᠥᠷᠲᠡᠭᠡᠯᠵᠢᠨ ᠬᠠᠲᠤᠨ ᠢ᠋ ᠡᠷᠭᠦᠮᠵᠢᠯᠡᠭᠰᠡᠨ ᠢᠨᠤ:《ᠶᠡᠬᠡᠮᠰᠦᠭ ᠢ᠋ᠶ᠋ᠡᠷ ᠭᠡᠢᠭᠦᠯᠦᠭᠰᠡᠨ ᠲᠠᠬᠢᠮᠳᠠᠭᠤ ᠭᠡᠭᠡᠨ ᠬᠤᠸᠠᠩᠬᠡᠦ 》᠂ ᠬᠢᠲᠠᠳ ᠦᠰᠦᠭ ᠢ᠋ᠶ᠋ᠡᠷ 《ᠭᠤᠸᠠᠩ ᠰᠢᠶᠠᠨ ᠲᠠᠢ ᠰᠢᠶᠣᠤ ᠬᠤᠸᠠᠩᠬᠡᠦ 》᠃ ᠵᠢᠴᠢ ᠵᠡᠭᠦᠨ ᠪᠠᠷᠠᠭᠤᠨ ᠬᠣᠶᠠᠷ ᠵᠢᠭᠦᠷ ᠦ᠋ᠨ ᠳᠡᠳ᠋ ᠬᠠᠲᠤᠳ ᠢ᠋ ᠡᠷᠭᠦᠮᠵᠢᠯᠡᠭᠰᠡᠨ ᠢᠨᠤ: ᠰᠣᠯᠣᠩᠭ᠎ᠠ ᠤᠯᠤᠰ ᠤ᠋ᠨ ᠭᠣᠣᠯ ᠤ᠋ᠨ ᠰᠠᠷᠠᠨ ᠬᠠᠲᠤᠨ ᠢ᠋ 《ᠵᠡᠭᠦᠨ ᠰᠠᠷᠠᠨ ᠣᠷᠳᠣᠨ ᠤ᠋ ᠬᠦᠢ ᠹᠧᠢ ᠬᠠᠲᠤᠨ 》᠂ ᠮᠥᠨ ᠤᠯᠤᠰ ᠤ᠋ᠨ ᠲᠠᠲ᠋ᠠᠷ ᠤ᠋ᠨ ᠴᠣᠬᠣᠮ ᠡᠵᠡᠨ ᠂ ᠶᠡᠬᠡ ᠴᠤᠷᠤ ᠨᠣᠶᠠᠨ ᠤ᠋ ᠬᠣᠶᠠᠷ ᠥᠬᠢᠨ – ᠵᠢᠰᠦᠲᠦ ᠵᠢᠰᠦᠯᠢᠭ ᠬᠣᠶᠠᠷ ᠬᠠᠲᠤᠨ ᠢ᠋ 《ᠪᠠᠷᠠᠭᠤᠨ ᠣᠳᠣᠳ ᠤ᠋ᠨ ᠣᠷᠳᠣᠨ ᠤ᠋ ᠬᠦᠢ ᠹᠧᠢ ᠬᠠᠲᠤᠨ 》᠂ ᠲᠠᠢᠽᠦ ᠶ᠋ᠢᠨ ᠲᠥᠷᠥᠭᠰᠡᠨ ᠥᠬᠢᠨ ᠳᠡᠭᠦᠦ ᠂ ᠲᠤᠨᠤᠮᠠᠯ ᠲᠠᠵᠢ ᠭᠦᠩᠵᠦ ᠶ᠋ᠢ 《ᠲᠥᠷᠥ ᠶ᠋ᠢᠨ ᠡᠭᠡᠴᠢᠮᠡᠳ ᠦ᠋ᠨ ᠵᠢᠩ ᠭᠦᠩᠵᠦ 》᠂ ᠲᠠᠢᠽᠦ ᠶ᠋ᠢᠨ ᠦᠶᠡᠯᠢᠳ ᠥᠬᠢᠨ ᠳᠡᠭᠦᠦ ᠵᠠᠯᠮ᠎ᠠ ᠳ᠋ᠤᠷ ᠬᠣᠯᠪᠣᠭᠰᠠᠨ ᠭᠦᠨ ᠠᠭᠠᠷ ᠭᠦᠩᠵᠦ ᠶ᠋ᠢ 《ᠬᠣᠱᠣᠢ ᠡᠭᠡᠴᠢᠮᠡᠳ ᠂ ᠾᠦᠢ ᠵᠢᠩ ᠭᠦᠩᠵᠦ 》᠂ ᠲᠠᠢᠽᠦ ᠶ᠋ᠢᠨ ᠭᠠᠭᠴᠠ ᠥᠬᠢᠨ ᠰᠡᠴᠡᠨ ᠰᠡᠴᠢᠭᠯᠢᠭ᠂ ᠵᠡᠯᠮ᠎ᠡ ᠶ᠋ᠢᠨ ᠭᠠᠭᠴᠠ ᠬᠥᠪᠡᠭᠦᠨ ᠴᠡᠴᠡᠭᠡᠢ ᠴᠣᠯᠠᠲᠤ ᠵᠢᠪᠡᠭᠡ ᠳ᠋ᠦ᠍ᠷ ᠬᠣᠯᠪᠣᠭᠰᠠᠨ ᠭᠦᠩᠵᠦ ᠶ᠋ᠢ 《ᠤᠯᠤᠰ ᠤ᠋ᠨ ᠲᠥᠪ ᠦ᠋ᠨ ᠶᠡᠬᠡ ᠬᠤᠸᠠ ᠵᠢᠩ ᠳᠡ ᠭᠦᠩᠵᠦ 》ᠬᠡᠮᠡᠪᠡ᠃
ᠠᠷᠤ ᠭᠠᠵᠠᠷ ᠤ᠋ᠨ ᠦᠯᠦᠭ ᠮᠣᠩᠭᠣᠯ ᠤ᠋ᠨ ᠮᠤᠬᠤᠷ ᠬᠡᠯᠡᠨ ᠳ᠋ᠦ᠍ᠷ ᠬᠢᠲᠠᠳ ᠬᠡᠯᠡᠨ ᠦ᠌ ᠲᠦᠰᠢᠮᠡᠯ ᠲᠥᠰᠢᠶ᠎ᠡ ᠶ᠋ᠢᠨ ᠨᠡᠷᠡᠰ ᠦ᠋ᠨ ᠴᠧᠩᠰᠢᠶᠠᠩ ᠬᠡᠮᠡᠬᠦ ᠶ᠋ᠢ 《ᠴᠸᠩᠰᠡᠨ 》ᠬᠡᠮᠡᠵᠦᠬᠦᠢ᠃ ᠽᠠᠢᠰᠢᠶᠠᠩ ᠬᠡᠮᠡᠬᠦ ᠶ᠋ᠢ《ᠵᠠᠢᠰᠠᠩ 》 ᠬᠡᠮᠡᠵᠦᠬᠦᠢ᠃ ᠤᠭ ᠠ᠋ᠴᠠ ᠡᠳᠡᠭᠡᠷ ᠲᠦᠰᠢᠮᠡᠳ ᠰᠠᠢᠳ ᠤ᠋ᠨ ᠵᠡᠷᠭᠡ ᠬᠡᠷᠬᠡᠮ ᠦ᠋ᠨ ᠨᠡᠷ᠎ᠡ ᠳᠠᠭᠤᠳᠠᠯᠲᠠ ᠬᠡᠮᠡᠭᠴᠢ ᠬᠢᠲᠠᠳ ᠤ᠋ᠨ ᠬᠡᠯᠡᠨ ᠢ᠋ᠶ᠋ᠡᠷ ᠭᠠᠷᠤᠭᠰᠠᠨ ᠤ᠋ ᠲᠤᠯᠠᠳᠠ᠂ ᠲᠡᠢᠨ ᠬᠦ᠌ ᠲᠡᠭᠦᠨᠦ ᠲᠤᠬᠠᠢᠲᠤ ᠤᠭ ᠨᠡᠷ᠎ᠡ ᠪᠡᠷ ᠳᠠᠭᠤᠳᠠᠬᠤ ᠠᠨᠤ ᠵᠦᠢ ᠲᠤᠯᠠ ᠲᠤᠰᠬᠠᠢ ᠳᠠᠭᠤᠳᠠᠯᠲᠠ ᠪᠠᠷ ᠠᠨᠤ ᠲᠠᠯᠪᠢᠪᠠ᠃ ᠭᠠᠭᠴᠠ 《ᠵᠢᠶᠠᠩᠵᠢᠶᠦ᠋ᠨ 》ᠬᠡᠮᠡᠬᠦ ᠶ᠋ᠢ ᠲᠠᠢᠴᠢᠩ ᠤᠯᠤᠰ ᠤ᠋ᠨ ᠲᠣᠭᠲᠠᠭᠠᠭᠰᠠᠨ ᠮᠣᠩᠭᠣᠯ ᠦᠰᠦᠭ ᠦ᠋ᠨ ᠶᠣᠰᠣᠭᠠᠷ《ᠵᠠᠩᠵᠤᠨ 》ᠭᠡᠮᠡᠨ ᠲᠠᠯᠪᠢᠪᠠᠢ᠃ ᠦᠯᠦᠭ ᠬᠠᠷ᠎ᠠ ᠦᠭᠡᠰ ᠢ᠋ᠶ᠋ᠡᠷ ᠪᠢᠴᠢᠪᠡᠰᠦ ᠤᠯᠠᠩᠬᠢᠨ ᠲᠠᠨᠢᠬᠤ ᠦᠭᠡᠢ ᠲᠤᠯᠠ ᠶᠡᠷᠦ ᠶ᠋ᠢᠨ ᠬᠡᠷᠡᠭᠯᠡᠬᠦ ᠮᠣᠩᠭᠣᠯ ᠦᠰᠦᠭ ᠢ᠋ᠶ᠋ᠡᠷ ᠪᠢᠴᠢᠪᠡᠢ᠃ ᠭᠠᠭᠴᠠ ᠨᠡᠷ᠎ᠡ ᠶ᠋ᠢ ᠢᠨᠤ ᠡᠰᠡ ᠬᠠᠯᠠᠪᠠᠢ᠃
ᠲᠡᠨᠳᠡᠴᠡ ᠲᠠᠢᠽᠦ ᠶ᠋ᠢᠨ ᠳᠥᠷᠪᠡᠨ ᠳᠡᠭᠦᠦ ᠨᠣᠶᠠᠳ ᠢ᠋ ᠡᠷᠭᠦᠮᠵᠢᠯᠡᠭᠰᠡᠨ ᠢᠨᠤ: ᠪᠦᠬᠦ ᠪᠡᠯᠭᠦᠳᠡᠢ ᠪᠠ ᠬᠠᠪᠤᠲᠤ ᠬᠠᠰᠠᠷ ᠬᠣᠶᠠᠭᠤᠯᠠ ᠶ᠋ᠢ ᠴᠡᠷᠢᠭ ᠦ᠋ᠨ ᠭᠠᠪᠢᠶ᠎ᠠ ᠵᠢᠳᠬᠦᠯᠭᠡ ᠦᠯᠡᠮᠵᠢ ᠲᠤᠯᠠ ᠬᠣᠶᠠᠷ ᠳᠡᠭᠦᠦ ᠴᠢᠨ ᠸᠠᠩ ᠪᠥᠭᠡᠳ 《ᠴᠧᠩᠰᠢᠶᠠᠩ 》 ᠤ᠋ᠨ ᠴᠣᠯᠠ ᠬᠠᠪᠰᠤᠷᠭᠠᠵᠤᠬᠤᠢ᠃ ᠣᠢᠲᠤ ᠸᠴᠢᠷ᠂ ᠤᠷᠠᠨ ᠭᠠᠴᠤᠭ ᠬᠣᠶᠠᠷ ᠳᠡᠭᠦᠦ ᠶ᠋ᠢ ᠵᠢᠶᠦ᠋ᠨ ᠸᠠᠩ᠂ ᠳᠥᠷᠪᠡᠨ ᠪᠠᠭ᠎ᠠ ᠡᠵᠡᠳ – ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠨ ᠲᠠᠢᠽᠢ ᠶ᠋ᠢ ᠳᠥᠷᠪᠡᠨ 《ᠲᠠᠢᠽᠢ ᠴᠢᠨ ᠸᠠᠩ 》᠂ ᠵᠢᠴᠢ ᠬᠦᠷᠭᠡᠨ ᠲᠠᠪᠤᠨᠠᠩ᠂ ᠡᠭᠡᠴᠢᠮᠡᠳ᠂ ᠲᠥᠷᠥ ᠶ᠋ᠢᠨ ᠹᠦᠮᠠ ᠵᠠᠯᠮ᠎ᠠ᠂ ᠲᠥᠷᠥ ᠶ᠋ᠢᠨ ᠹᠦᠮᠠ ᠪᠣᠳᠣ ᠬᠣᠶᠠᠭᠤᠯᠠ ᠶ᠋ᠢ ᠬᠣᠶᠠᠷ ᠶᠡᠬᠡ 《ᠪᠡᠢᠯᠡ 》᠂ ᠵᠢᠴᠢ ᠬᠤᠸᠠ ᠵᠢᠩ ᠭᠦᠩᠵᠦ ᠳ᠋ᠦ᠍ᠷ ᠬᠣᠯᠪᠣᠭᠰᠠᠨ᠂ ᠴᠡᠴᠡᠭᠡᠢ ᠴᠣᠯᠠᠲᠤ ᠵᠢᠪᠡᠬᠡ ᠶ᠋ᠢ 《ᠤᠯᠤᠰ ᠤ᠋ᠨ ᠶᠡᠬᠡ ᠹᠦᠮᠠ ᠲᠠᠪᠤᠨᠠᠩ 》ᠪᠥᠭᠡᠳ 《ᠭᠦᠸᠧ ᠬᠦᠩ 》 ᠦ᠋ᠨ ᠴᠣᠯᠠ ᠬᠠᠪᠰᠤᠷᠭᠠᠪᠠᠢ᠃ ᠵᠢᠴᠢ ᠦᠨᠳᠦᠰᠦᠨ ᠨᠠᠭᠠᠴᠤ ᠣᠯᠬᠣᠨᠤᠳ ᠤ᠋ᠨ ᠲᠠᠢ ᠴᠢᠩ ᠲᠠᠢᠬᠡᠦ ᠶ᠋ᠢᠨ ᠠᠬ᠎ᠠ ᠳᠡᠭᠦᠦ ᠥᠷᠯᠥᠭ ᠨᠣᠶᠠᠨ᠂ ᠯᠢᠳᠡᠷ ᠰᠡᠴᠡᠨ ᠬᠣᠶᠠᠭᠤᠯᠠ ᠤᠯᠤᠰ ᠤ᠋ᠨ ᠲᠠᠪᠤᠨ ᠲᠠᠢᠰᠢ ᠶ᠋ᠢᠨ ᠳᠣᠲᠣᠷᠠᠬᠢ ᠬᠣᠶᠠᠷ 《ᠲᠡᠢᠰᠢ 》ᠪᠥᠭᠡᠳ ᠪᠠᠰᠠ《ᠬᠦᠩ 》 ᠦ᠋ᠨ ᠴᠣᠯᠠ ᠬᠠᠪᠰᠤᠷᠭᠠᠪᠠᠢ᠃ ᠭᠤᠸᠠᠩ ᠰᠢᠶᠠᠨ ᠬᠤᠸᠠᠩᠬᠡᠦ ᠶ᠋ᠢᠨ ᠡᠴᠢᠭᠡ – ᠤᠯᠤᠰ ᠤ᠋ᠨ ᠨᠠᠭᠠᠴᠤ ᠡᠴᠢᠭᠡ ᠳ᠋ᠠᠢ ᠰᠡᠴᠡᠨ ᠨᠣᠶᠠᠨ ᠢ᠋ ᠲᠠᠪᠤᠨ ᠲᠠᠢᠰᠢ ᠶ᠋ᠢᠨ ᠳᠣᠲᠣᠷᠠᠬᠢ ᠨᠢᠭᠡᠨ ᠲᠠᠢᠰᠢ ᠪᠥᠭᠡᠳ 《ᠲᠥᠷᠥ ᠶ᠋ᠢᠨ ᠶᠡᠬᠡ ᠪᠡᠢᠯᠡ 》ᠬᠠᠪᠰᠤᠷᠭᠠᠵᠤᠬᠤᠢ ᠃ ᠬᠤᠸᠠᠩᠬᠡᠦ ᠶ᠋ᠢᠨ ᠬᠣᠶᠠᠷ ᠠᠬ᠎ᠠ ᠠᠵᠢᠨᠠᠢ ᠮᠡᠷᠭᠡᠨ ᠬᠤᠳᠠᠷᠭ᠎ᠠ ᠪᠠᠭᠠᠲᠤᠷ ᠬᠣᠶᠠᠭᠤᠯᠠ ᠶ᠋ᠢ 《ᠳᠡᠭᠡᠳᠦ ᠲᠠᠢᠹᠦ᠋ ᠮᠥᠷᠥ ᠶ᠋ᠢᠨ ᠵᠠᠩᠵᠤᠨ 》ᠪᠥᠭᠡᠳ ᠪᠠᠰᠠ 《ᠲᠥᠷᠥ ᠶ᠋ᠢᠨ ᠬᠦᠩ 》 ᠦ᠋ᠨ ᠴᠣᠯᠠ ᠬᠠᠪᠰᠤᠷᠭᠠᠵᠤᠬᠤᠢ ᠃ ᠵᠢᠴᠢ ᠬᠤᠸᠠᠩᠬᠡᠦ ᠶ᠋ᠢᠨ ᠬᠣᠷᠮᠣᠢ ᠶ᠋ᠢᠨ ᠲᠣᠭᠣᠰᠤᠨᠠ ᠬᠣᠷᠢᠶᠠᠨ ᠵᠢᠷᠤᠮ ᠤ᠋ᠨ ᠥᠬᠢᠳ ᠪᠣᠯᠭᠠᠨ ᠥᠷᠥᠰᠢᠶᠡᠭᠰᠡᠨ ᠬᠡᠷᠡᠢᠳ ᠦ᠋ᠨ ᠰᠡᠷᠭᠦᠯᠡᠩ ᠭᠦᠩᠵᠦ ᠰᠣᠯᠣᠩᠭᠣᠸᠠ ᠶ᠋ᠢ 《ᠲᠥᠷᠥ ᠶ᠋ᠢᠨ ᠭᠦᠩᠵᠦ 》 ᠪᠥᠭᠡᠳ ᠪᠠᠰᠠ 《ᠲᠥᠷᠥ ᠶ᠋ᠢᠨ ᠬᠤᠸᠠᠩᠬᠡᠦ ᠶ᠋ᠢᠨ ᠨᠠᠢ᠍ᠮᠠᠨ ᠡᠬᠡᠨᠡᠷ ᠰᠠᠢᠳ ᠤ᠋ᠨ ᠣᠷᠳᠣᠨ ᠵᠠᠬᠢᠷᠤᠭᠴᠢ ᠳᠡᠭᠡᠳᠦ ᠰᠠᠢᠳ 》᠂ ᠨᠠᠢ᠍ᠮᠠᠨ ᠤ᠋ ᠬᠠᠰᠲᠤᠶᠠᠭ᠎ᠠ ᠭᠦᠩᠵᠦ᠂ ᠵᠢᠴᠢ ᠨᠠᠢ᠌ᠮᠠᠨᠴᠢ ᠭᠦᠩᠵᠦ ᠬᠣᠶᠠᠭᠤᠯᠠ ᠶ᠋ᠢ ᠴᠥᠮ《ᠲᠥᠷᠥ ᠶ᠋ᠢᠨ ᠭᠦᠩᠵᠦ 》᠂ ᠪᠠᠰᠠ ᠨᠠᠢ᠍ᠮᠠᠨ ᠠᠢᠮᠠᠭ ᠤ᠋ᠨ ᠲᠡᠢᠨ ᠡᠴᠡ ᠣᠯᠤᠭᠰᠠᠨ ᠬᠤᠸᠠᠩᠬᠡᠦ ᠶ᠋ᠢᠨ ᠳᠣᠣᠷ᠎ᠠ ᠲᠡᠵᠢᠭᠡᠨ ᠬᠥᠮᠦᠵᠢᠭᠦᠯᠦᠭᠰᠡᠨ ᠂ ᠬᠣᠩᠭᠣᠷ ᠵᠤᠯᠠ ᠬᠡᠦᠬᠡᠨᠡ 《ᠳᠡᠳ᠋ ᠵᠡᠷᠭᠡ ᠶ᠋ᠢᠨ ᠬᠠᠲᠤᠨ 》ᠴᠣᠯᠠ ᠬᠥᠷᠳᠡᠭᠡᠯᠭᠡᠪᠡᠢ᠃
ᠡᠨᠡ ᠢᠨᠦ ᠤᠯᠤᠰ ᠤ᠋ᠨ ᠵᠠᠭᠤᠨ ᠰᠠᠢᠳ ᠲᠦᠰᠢᠮᠡᠳ ᠦ᠋ᠨ ᠬᠠᠭᠠᠨ ᠡᠵᠡᠨ ᠦ᠌ ᠬᠠᠷᠢᠶᠠᠲᠤ ᠠᠢᠮᠠᠭ ᠢ᠋ ᠡᠷᠭᠦᠨ ᠲᠣᠭᠲᠠᠭᠠᠭᠰᠠᠨ ᠨᠡᠷ᠎ᠡ ᠡᠷᠭᠦᠮᠵᠢᠯᠡᠯ ᠮᠥᠨ᠃ ᠵᠢᠴᠢ ᠳᠡᠭᠦᠦ ᠸᠠᠩ ᠤ᠋ᠳ ᠲᠠᠢᠽᠢ ᠸᠠᠩ ᠤ᠋ᠳ ᠤ᠋ᠨ ᠬᠠᠲᠤᠳ ᠪᠠ ᠬᠥᠪᠡᠭᠦᠳ ᠢᠨᠤ᠂ ᠥᠪᠡᠷ ᠥᠪᠡᠷᠦᠨ ᠸᠠᠩ ᠤ᠋ᠨ ᠬᠤᠪᠢᠶᠠᠷᠢ ᠶ᠋ᠢᠨ ᠳᠡᠰ ᠵᠡᠷᠭᠡ ᠶ᠋ᠢᠨ ᠬᠠᠤᠯᠢ ᠳᠦᠷᠢᠮ ᠰᠠᠭᠤᠳᠠᠯ ᠵᠢᠭᠰᠠᠭᠠᠯ ᠤ᠋ᠨ ᠰᠢᠷ᠎ᠠ ᠥᠷᠭᠥᠭᠡ᠂ ᠠᠯᠲᠠᠨ ᠣᠷᠣᠢᠲᠤ ᠰᠢᠷ᠎ᠠ ᠲᠡᠷᠭᠡ ᠶ᠋ᠢᠨ ᠵᠦᠢᠯ ᠢ ᠸᠠᠩ ᠤ᠋ᠨ ᠴᠣᠯᠠ ᠬᠤᠪᠢᠶᠠᠷᠢ ᠪᠠᠨ ᠳᠠᠭᠠᠮᠤᠢ᠃ ᠡᠨᠡ ᠨᠠᠢ᠍ᠮᠠᠨ ᠴᠢᠨ ᠵᠢᠶᠦ᠋ᠨ ᠸᠠᠩ ᠤ᠋ᠳ ᠤ᠋ᠨ ᠳᠣᠲᠣᠷ᠎ᠠ ᠬᠠᠲᠤᠨ ᠡᠷᠭᠦᠮᠵᠢᠯᠡᠭᠡᠳᠦᠢ ᠢᠨᠤ ᠳᠡᠳ᠋ ᠲᠠᠢᠽᠢ ᠴᠠᠭᠠᠲᠠᠢ ᠴᠢᠨ ᠸᠠᠩ ᠬᠢᠭᠡᠳ ᠳᠥᠲᠥᠭᠡᠷ ᠲᠠᠢᠽᠢ ᠲᠣᠯᠢ ᠴᠢᠨ ᠸᠠᠩ ᠬᠣᠶᠠᠭᠤᠯᠠ ᠶᠡᠬᠡ ᠲᠥᠪ ᠰᠢᠷᠡᠭᠡᠨ ᠦ᠌ ᠬᠠᠲᠤᠨ ᠡᠷᠭᠦᠮᠵᠢᠯᠡᠭᠡᠳᠦᠢ᠃ ᠳᠥᠲᠥᠭᠡᠷ ᠲᠠᠢᠽᠢ ᠡᠨᠡ ᠵᠢᠯ ᠮᠤᠬᠤᠷ ᠬᠣᠷᠢᠨ ᠨᠠᠰᠤᠯᠠᠲᠠᠯ᠎ᠠ᠂ ᠲᠥᠪ ᠦ᠋ᠨ ᠬᠠᠲᠤᠨ ᠤ᠋ ᠬᠢᠷᠢ ᠬᠤᠪᠢᠶᠠᠷᠢ ᠲᠡᠩᠴᠡᠬᠦ ᠶ᠋ᠢ ᠰᠣᠩᠭᠣᠨ ᠲᠣᠭᠲᠠᠭᠠᠬᠤ ᠲᠤᠯᠠ ᠬᠣᠯᠪᠣᠭᠠᠳᠤᠢ᠃ ᠴᠠᠭᠠᠲᠠᠢ ᠲᠠᠢᠽᠢ ᠪᠥᠭᠡᠰᠦ ᠡᠨᠡ ᠵᠢᠯ ᠴᠢᠪ ᠴᠢᠬᠡ ᠬᠣᠷᠢᠨ ᠲᠠᠪᠤᠨ ᠨᠠᠰᠤᠲᠠᠢ᠃ ᠥᠭᠡᠳᠡᠢ ᠲᠠᠢᠽᠢ ᠡᠨᠡ ᠵᠢᠯ ᠬᠣᠷᠢᠨ ᠳᠣᠯᠣᠭᠠᠨ ᠨᠠᠰᠤᠲᠠᠢ᠃ ᠬᠡᠳᠦᠢᠨ ᠶᠡᠬᠡ ᠰᠢᠷᠡᠭᠡᠨ ᠦ᠌ ᠬᠠᠲᠤᠨ ᠡᠷᠭᠦᠮᠵᠢᠯᠡᠪᠡ ᠃ ᠳᠡᠳ᠋ ᠲᠠᠢᠽᠢ ᠶ᠋ᠢᠨ ᠠᠷᠪᠠᠨ ᠳᠣᠯᠣᠭᠠᠨ ᠨᠠᠰᠦᠨᠡ ᠭᠤᠸᠠᠩ ᠰᠢᠶᠠᠨ ᠬᠤᠸᠠᠩᠬᠡᠦ ᠶ᠋ᠢᠨ ᠶᠡᠬᠡ ᠠᠬ᠎ᠠ ᠬᠣᠩᠭᠢᠷᠠᠳ ᠤ᠋ᠨ ᠨᠠᠭᠠᠴᠤ ᠨᠣᠶᠠᠨ ᠠᠵᠢᠨᠠᠢ ᠮᠡᠷᠭᠡᠨ ᠦ᠌ ᠶᠡᠬᠡ ᠬᠡᠦᠬᠡᠨ ᠰᠠᠷᠠᠨ ᠪᠣᠯᠣᠷ ᠠᠪᠠᠬᠠᠢ ᠶ᠋ᠢ ᠠᠷᠪᠠᠨ ᠲᠠᠪᠤᠨ ᠨᠠᠰᠤᠨ᠎ᠠ ᠬᠠᠲᠤᠨ ᠪᠣᠯᠭᠠᠨ ᠠᠪᠴᠤ᠂ ᠮᠥᠨ ᠠᠪᠤᠭᠰᠠᠨ ᠰᠠᠷ᠎ᠠ ᠳ᠋ᠠᠭᠠᠨ ᠤᠷᠤᠭ ᠣᠯᠵᠤ᠂ ᠠᠷᠪᠠᠨ ᠰᠠᠷ᠎ᠠ ᠳᠦᠭᠦᠷᠴᠦ ᠬᠥᠪᠡᠭᠦᠨ ᠮᠡᠨᠳᠦᠯᠡᠭᠰᠡᠨ ᠢ᠋ᠶ᠋ᠡᠷ ᠬᠠᠲᠤᠨ ᠠᠪᠤᠮᠠᠭᠴᠠ ᠬᠥᠪᠡᠭᠦᠨ ᠲᠡᠢ ᠪᠣᠯᠪᠠ ᠭᠡᠮᠡᠨ ᠨᠡᠷ᠎ᠡ ᠶ᠋ᠢ ᠠᠪᠲᠠᠯ᠎ᠠ ᠭᠡᠮᠡᠨ ᠥᠭᠴᠦ᠂ ᠰᠠᠷᠠᠨ ᠬᠠᠲᠤᠨ ᠬᠣᠷᠢᠨ ᠨᠢᠭᠡᠨ ᠨᠠᠰᠤᠲᠠᠢ ᠳ᠋ᠠᠭᠠᠨ᠂ ᠴᠠᠭᠠᠲᠠᠢ ᠲᠠᠢᠽᠢ ᠶ᠋ᠢᠨ ᠬᠣᠷᠢᠨ ᠭᠤᠷᠪᠠᠨ ᠨᠠᠰᠤᠨ᠎ᠠ ᠦᠭᠡᠢ ᠪᠣᠯᠤᠭᠰᠠᠨ ᠢ᠋ᠶ᠋ᠠᠷ ᠪᠠᠰᠠᠴᠤ ᠬᠥᠪᠡᠭᠦᠨ ᠲᠡᠢ ᠲᠤᠯᠠ ᠡᠳᠦᠢ ᠬᠦᠷᠲᠡᠯ᠎ᠡ ᠶᠡᠬᠡ ᠬᠠᠲᠤᠨ ᠡᠷᠭᠦᠮᠵᠢᠯᠡᠭᠡᠳᠦᠢ᠃ ᠡᠳᠦᠭᠡ᠂ ᠲᠡᠷᠡ ᠠᠪᠲᠠᠯ᠎ᠠ ᠲᠠᠢᠽᠢ ᠨᠠᠢ᠍ᠮᠠᠨ ᠨᠠᠰᠤᠲᠠᠢ ᠪᠣᠯᠵᠤ᠂ ᠲᠡᠭᠦᠨᠦ ᠡᠬᠡ ᠶ᠋ᠢᠨ ᠴᠢᠨ ᠸᠠᠩ ᠤ᠋ᠨ ᠬᠠᠲᠤᠨ ᠤ᠋ ᠡᠷᠭᠦᠮᠵᠢ ᠬᠤᠪᠢ ᠶ᠋ᠢ ᠵᠢᠭᠰᠠᠭᠠᠯ ᠤ᠋ᠨ ᠮᠥᠩᠬᠡᠯᠡᠭᠰᠡᠨ ᠮᠥᠩᠬᠡᠨᠡ ᠬᠦᠷᠭᠡᠭᠦᠯᠦᠮᠦᠢ᠃ ᠵᠢᠴᠢ ᠥᠭᠡᠳᠡᠢ ᠲᠠᠢᠽᠢ ᠶ᠋ᠢᠨ ᠠᠪᠤᠭᠰᠠᠨ ᠠᠨᠤ᠂ ᠮᠥᠨ ᠬᠦ᠌ ᠬᠣᠩᠭᠢᠷᠠᠳ ᠤ᠋ᠨ ᠨᠠᠭᠠᠴᠤ ᠨᠣᠶᠠᠨ ᠠᠵᠢᠨᠠᠢ ᠮᠡᠷᠭᠡᠨ ᠦ᠌ ᠳᠡᠳ᠋ ᠬᠡᠦᠬᠡᠨ ᠽᠠᠮᠭᠠ ᠰᠡᠴᠢᠭ ᠠᠪᠠᠬᠠᠢ ᠪᠠᠰᠠ ᠬᠦ᠌ ᠠᠷᠪᠠᠨ ᠲᠠᠪᠤᠨ ᠨᠠᠰᠤᠲᠠᠢ᠃ ᠥᠭᠡᠳᠡᠢ ᠲᠠᠢᠽᠢ ᠠᠷᠪᠠᠨ ᠳᠣᠯᠣᠭᠠᠨ ᠨᠠᠰᠤᠲᠠᠢ ᠠᠪᠴᠤ᠂ ᠡᠳᠦᠭᠡ ᠲᠥᠪ ᠰᠢᠷᠡᠭᠡᠨ ᠦ᠌ ᠬᠠᠲᠤᠨ ᠡᠷᠭᠦᠮᠵᠢᠯᠡᠪᠡ᠃ ᠳᠣᠣᠷ᠎ᠠ ᠪᠠᠰᠠ ᠬᠣᠶᠠᠷ ᠪᠠᠭ᠎ᠠ ᠬᠠᠲᠤᠳ ᠪᠣᠢ᠂ ᠨᠡᠷ᠎ᠡ ᠢᠯᠡᠷᠡᠭᠰᠡᠨ ᠦᠭᠡᠢ᠃ ᠳᠥᠲᠥᠭᠡᠷ ᠲᠠᠢᠽᠢ ᠲᠣᠯᠢ ᠳ᠋ᠤᠷ ᠪᠠᠰᠠ ᠬᠦ᠌ ᠬᠣᠩᠭᠢᠷᠠᠳ ᠤ᠋ᠨ ᠭᠤᠸᠠᠩ ᠰᠢᠶᠠᠨ ᠬᠤᠸᠠᠩᠬᠡᠦ ᠶ᠋ᠢᠨ ᠬᠣᠶᠠᠳᠤᠭᠠᠷ ᠠᠬ᠎ᠠ᠂ ᠬᠤᠳᠠᠷᠭ᠎ᠠ ᠪᠠᠭᠠᠲᠤᠷ ᠤ᠋ᠨ ᠬᠠᠭᠠᠨ ᠬᠡᠦᠬᠡᠨ ᠪᠡᠬᠢ ᠨᠡᠷᠡᠲᠦ ᠠᠪᠠᠬᠠᠢ ᠶ᠋ᠢ ᠲᠥᠷᠥᠬᠦᠶᠡ ᠰᠠᠢᠬᠠᠨ ᠦᠨᠦᠷ ᠲᠠᠯ᠎ᠠ ᠬᠡᠭᠡᠷ᠎ᠡ ᠳ᠋ᠦ᠍ᠷ ᠳᠦᠭᠦᠷᠴᠦ᠂ ᠥᠷᠭᠥᠭᠡ ᠶ᠋ᠢᠨ ᠣᠷᠣᠢ ᠠ᠋ᠴᠠ ᠴᠠᠭᠠᠨ ᠰᠣᠯᠣᠩᠭ᠎ᠠ ᠲᠠᠲᠠᠭᠰᠠᠨ ᠢ᠋ᠶ᠋ᠠᠷ ᠬᠤᠪᠢᠯᠭᠠᠨ ᠰᠢᠳᠢᠲᠡᠨ ᠦ᠌ ᠲᠥᠯᠥᠪ ᠲᠡᠢ ᠲᠡᠵᠢᠭᠡᠬᠦᠶᠡ ᠪᠡᠷᠬᠡ ᠪᠣᠯᠭᠤᠵᠠᠢ ᠭᠡᠮᠡᠨ ᠨᠡᠷ᠎ᠡ ᠶ᠋ᠢ ᠪᠡᠬᠢ ᠭᠡᠮᠡᠨ ᠥᠭᠴᠦ᠂ ᠭᠤᠷᠪᠠᠨ ᠨᠠᠰᠤᠨ᠎ᠠ ᠡᠬᠡ ᠢᠨᠤ ᠦᠭᠡᠢ ᠪᠣᠯᠤᠭᠰᠠᠨ᠎ᠠ᠂ ᠭᠤᠸᠠᠩ ᠰᠢᠶᠠᠨ ᠬᠤᠸᠠᠩᠬᠡᠦ ᠰᠢᠳᠠᠷ ᠳᠡᠷᠭᠡᠳᠡ ᠪᠡᠨ ᠠᠪᠴᠢᠷᠠᠭᠤᠯᠤᠨ ᠲᠡᠵᠢᠭᠡᠬᠦᠶᠡ ᠲᠡᠷᠡ ᠪᠡᠬᠢ ᠠᠪᠠᠬᠠᠢ᠂ ᠭᠤᠷᠪᠠᠬᠠᠨ ᠨᠠᠰᠤᠲᠠᠢ ᠪᠥᠭᠡᠳ ᠠᠪᠠᠭ᠎ᠠ ᠡᠭᠡᠴᠢ ᠪᠡᠨ ᠡᠵᠡᠨ ᠦ᠌ ᠶᠡᠬᠡ ᠲᠥᠪ ᠰᠢᠷᠡᠭᠡᠨ ᠦ᠌ ᠵᠦᠰᠡ ᠬᠠᠲᠤᠨ ᠭᠡᠮᠡᠨ ᠮᠡᠳᠡᠵᠦ ᠳᠠᠬᠢᠨ ᠳᠠᠬᠢᠨ ᠮᠥᠷᠭᠥᠬᠦᠢ ᠳ᠋ᠦ᠍ᠷ ᠲᠠᠢᠽᠦ ᠦᠵᠡᠭᠡᠳ ᠮᠦᠰᠢᠶᠡᠵᠦ᠂ 《ᠡᠨᠡ ᠬᠡᠦᠬᠡᠨ ᠢ᠋ ᠬᠠᠲᠤᠨ ᠴᠢ ᠳᠡᠷᠭᠡᠳᠡ ᠪᠡᠨ ᠲᠡᠵᠢᠭᠡᠵᠦ ᠰᠤᠷᠭᠠᠯᠲᠠᠢ ᠪᠠᠢᠨᠠᠮ 》 ᠬᠡᠮᠡᠭᠰᠡᠨ ᠢ᠋ᠶ᠋ᠡᠷ ᠡᠵᠡᠨ ᠣ ᠠᠯᠲᠠᠨ ᠠᠮᠠᠨ ᠤ ᠲᠡᠭᠷᠢᠯᠢᠭ ᠦ᠋ᠨ ᠦᠨᠡᠨ ᠵᠠᠷᠯᠢᠭ ᠭᠡᠮᠡᠨ ᠳᠠᠷᠤᠢ ᠨᠡᠷ᠎ᠡ ᠶ᠋ᠢ ᠰᠤᠷᠭᠠᠯᠲᠠᠢ ᠭᠡᠮᠡᠨ ᠬᠠᠯᠠᠨ ᠥᠭᠴᠦ᠂ ᠭᠦᠩᠵᠦ ᠴᠣᠯᠠ ᠬᠠᠢᠷᠠᠯᠠᠨ ᠲᠡᠵᠢᠭᠡᠭᠰᠡᠭᠡᠷ ᠡᠨᠡ ᠵᠢᠯ ᠠᠷᠪᠠᠨ ᠲᠠᠪᠤᠨ ᠨᠠᠰᠤᠯᠠᠵᠤᠬᠤᠢ᠃ ᠬᠠᠷ᠎ᠠ ᠬᠤᠯᠤᠭᠠᠨ᠎ᠠ ᠵᠢᠯ ᠲᠡᠢ᠃ ᠲᠡᠢ ᠴᠢᠩ ᠲᠠᠢᠬᠡᠦ ᠶ᠋ᠢᠨ ᠳᠥᠴᠢᠨ ᠶᠢᠰᠦᠨ ᠦ᠌ ᠵᠢᠯ ᠳᠡᠭᠡᠷ᠎ᠡ ᠲᠥᠷᠥᠭᠰᠡᠨ ᠠᠵᠤᠭᠤ ᠃ ᠡᠨᠡ ᠤᠯᠠᠭᠠᠨ ᠪᠠᠷᠰ ᠵᠢᠯ ᠠᠷᠪᠠᠨ ᠲᠠᠪᠤᠨ ᠨᠠᠰᠤᠲᠠᠢ ᠪᠣᠯᠤᠭᠰᠠᠨ᠎ᠠ᠂ ᠳᠥᠲᠥᠭᠡᠷ ᠲᠠᠢᠽᠢ ᠲᠣᠯᠢ ᠶ᠋ᠢᠨ ᠬᠣᠷᠢᠨ ᠨᠠᠰᠤᠨ᠎ᠠ᠂ ᠡᠨᠡ ᠰᠤᠷᠭᠠᠯᠲᠠᠢ ᠪᠡᠬᠢ ᠭᠦᠩᠵᠦ ᠶ᠋ᠢ ᠭᠣᠣᠯ ᠰᠢᠷᠡᠭᠡᠨ ᠦ᠌ ᠶᠡᠬᠡ ᠬᠠᠲᠤᠨ ᠪᠣᠯᠭᠠᠨ ᠡᠷᠭᠦᠮᠵᠢᠯᠡᠵᠦ᠂ ᠬᠣᠢᠨ᠎ᠠ ᠡᠨᠡ ᠬᠠᠲᠤᠨ ᠠ᠋ᠴᠠ ᠲᠥᠷᠥᠭᠰᠡᠨ ᠶᠡᠬᠡ ᠲᠠᠢᠽᠢ᠂ ᠮᠥᠩᠬᠡ ᠰᠢᠶᠠᠡᠽᠥ᠋ᠩ ᠬᠠᠭᠠᠨ ᠭᠡᠮᠡᠨ ᠶᠢᠰᠦᠨ ᠵᠢᠯ ᠬᠠᠭᠠᠨ ᠰᠠᠭᠤᠵᠤ᠂ ᠲᠠᠪᠢᠨ ᠬᠣᠶᠠᠷ ᠨᠠᠰᠤᠨ᠎ᠠ᠂ ᠰᠥᠩ ᠤᠯᠤᠰ ᠢ᠋ ᠪᠠᠢᠯᠳᠤᠵᠤ ᠠᠵᠤ᠂ ᠴᠡᠷᠢᠭ ᠦ᠋ᠨ ᠬᠦᠷᠢᠶ᠎ᠡ ᠶ᠋ᠢ ᠰᠧ ᠴᠤᠸᠠᠨ ᠤ᠋ ᠳ᠋ᠢᠶᠣᠣ ᠢᠦᠢ ᠲᠡᠢ ᠬᠡᠮᠡᠬᠦ ᠭᠠᠵᠠᠷ᠎ᠠ ᠪᠠᠭᠤᠵᠤ᠂ ᠳᠥᠷᠪᠡᠨ ᠵᠦᠭ ᠨᠠᠢ᠍ᠮᠠᠨ ᠵᠣᠪᠬᠢᠰ ᠲᠤᠷ ᠴᠡᠷᠢᠭ ᠬᠤᠪᠢᠶᠠᠨ ᠭᠠᠷᠭᠠᠵᠤ ᠪᠠᠢᠯᠳᠤᠭᠰᠠᠭᠠᠷ ᠪᠠᠢᠵᠤ᠂ ᠶᠡᠬᠡ ᠶᠤᠸᠠᠨ ᠤᠯᠤᠰ ᠤ᠋ᠨ ᠱᠢᠽᠣ ᠸᠸᠨ ᠡᠤ ᠬᠤᠸᠠᠩᠳᠢ ᠶ᠋ᠢᠨ 《ᠳᠤᠮᠳᠠ ᠨᠡᠢᠭᠡᠮ 》ᠵᠦᠩ ᠲᠦᠩ ᠬᠡᠮᠡᠬᠦ ᠶ᠋ᠢᠨ ᠲᠡᠷᠢᠭᠦᠨ ᠣᠨ ᠤ᠋ ᠤᠷᠢᠳᠤ ᠵᠢᠯ ᠰᠥᠩ ᠯᠢᠽᠥ᠋ᠩ ᠦ᠋ᠨ ᠺᠠᠢ ᠴᠢᠩ ᠬᠡᠮᠡᠬᠦ ᠶ᠋ᠢᠨ ᠲᠡᠷᠢᠭᠦᠨ ᠣᠨ ᠤ᠋ ᠰᠢᠷᠬᠠᠴᠢᠨ ᠬᠣᠨᠢᠨ ᠵᠢᠯ ᠬᠠᠯᠢᠭᠰᠠᠨ᠎ᠠ᠂ ᠮᠥᠨ ᠡᠨᠡ ᠰᠤᠷᠭᠠᠯᠲᠠᠢ ᠲᠠᠢᠬᠡᠦ ᠡᠴᠡ ᠲᠥᠷᠥᠭᠰᠡᠨ ᠳᠥᠷᠪᠡᠳᠦᠭᠡᠷ ᠳᠡᠭᠦᠦ ᠢᠨᠦ᠂ ᠬᠤᠪᠢᠯᠠᠢ ᠰᠡᠴᠡᠨ ᠢ᠋ᠶ᠋ᠡᠷ ᠳᠡᠭᠦᠨᠦ ᠠᠬ᠎ᠠ ᠳ᠋ᠤᠷ ᠬᠥᠪᠡᠭᠦᠨ ᠦᠭᠡᠢ ᠲᠤᠯᠠ᠂ ᠬᠤᠪᠢᠯᠠᠢ ᠰᠡᠴᠡᠨ ᠱᠢᠽᠣ ᠸᠸᠨ ᠡᠤ ᠬᠤᠸᠠᠩᠳᠢ ᠰᠠᠭᠤᠷᠢᠨ ᠢ᠋ ᠵᠠᠯᠭᠠᠮᠵᠢᠯᠠᠨ ᠰᠠᠭᠤᠵᠤ᠂ ᠬᠥᠪᠡᠭᠡ ᠬᠢᠵᠠᠭᠠᠷ ᠤ᠋ᠨ ᠪᠠᠭ᠎ᠠ ᠰᠠᠭ᠎ᠠ ᠦᠯᠡᠳᠡᠪᠦᠷᠢ ᠤᠯᠤᠰ ᠲᠢᠪ ᠦ᠋ᠳ ᠦ᠋ᠨ ᠳᠠᠬᠢᠨ ᠳᠠᠪᠲᠠᠨ ᠤᠷᠪᠠᠵᠤ ᠬᠥᠷᠪᠡᠬᠦ᠂ ᠰᠥᠩ ᠤᠯᠤᠰ ᠤ᠋ᠨ ᠵᠡᠷᠭᠡ ᠶ᠋ᠢᠨ ᠤᠯᠤᠰ ᠤ᠋ᠳ ᠪᠠ ᠠᠨ ᠨᠠᠨ᠂ ᠵᠢᠶᠣᠤ ᡁᠢ᠂ ᠪᠠᠷᠠᠭᠤᠨ ᠡᠮᠦᠨ᠎ᠡ ᠠᠷᠪᠠᠨ ᠬᠡᠳᠦᠨ ᠵᠦᠢᠯ ᠦ᠋ᠨ ᠮᠢᠶᠣᠤ᠂ ᠮᠠᠨ ᠵᠡᠷᠭᠡ ᠶ᠋ᠢᠨ ᠤᠯᠤᠰ ᠤ᠋ᠳ ᠢ᠋ ᠢᠨ ᠳᠦ ᠬᠡᠮᠡᠬᠦ – ᠡᠨᠡᠳᠬᠡᠭ ᠤᠯᠤᠰ ᠲᠤᠷ ᠣᠷᠣᠲᠠᠯ᠎ᠠ᠂ ᠦᠰᠦ ᠬᠢᠯᠭᠠᠰᠤᠨ ᠤ᠋ ᠲᠡᠳᠦᠢ ᠲᠢᠪ ᠳᠡᠯᠡᠬᠡᠢ ᠤᠯᠤᠰ ᠭᠦᠷᠦᠨ ᠢ᠋ ᠦᠯᠡᠳᠡᠭᠡᠯ ᠦᠭᠡᠢ ᠴᠥᠮ ᠢ᠋ᠶ᠋ᠡᠷ ᠠᠷᠢᠭᠤᠳᠬᠠᠨ ᠴᠡᠪᠡᠷᠯᠡᠵᠦ᠂ ᠲᠦᠪᠰᠢᠳᠬᠡᠨ ᠡᠩᠬᠡᠵᠢᠭᠦᠯᠦᠭᠡᠳ᠂ ᠠᠬ᠎ᠠ ᠰᠢᠶᠠᠡᠽᠥ᠋ᠩ ᠬᠠᠭᠠᠨ ᠮᠥᠩᠬᠡ ᠶ᠋ᠢᠨ ᠬᠠᠷᠠᠬᠠᠨ ᠠᠷᠪᠠᠨ ᠲᠠᠪᠤᠨ ᠨᠠᠰᠤᠨ ᠠ᠋ᠴᠠ ᠳᠥᠷᠪᠡᠨ ᠵᠦᠭ ᠢ᠋ ᠳᠠᠢᠯᠠᠨ ᠶᠠᠪᠤᠵᠤ᠂ ᠳᠥᠴᠢᠨ ᠳᠥᠷᠪᠡᠨ ᠨᠠᠰᠤᠨ᠎ᠠ ᠬᠠᠭᠠᠨ ᠰᠠᠭᠤᠷᠢᠨ᠎ᠠ ᠰᠠᠭᠤᠭᠰᠠᠨ ᠪᠥᠭᠡᠳ ᠪᠠᠰᠠ ᠬᠦ᠌ ᠪᠡᠶ᠎ᠡ ᠶ᠋ᠢᠨ ᠠᠮᠤᠷ ᠢ᠋ ᠡᠷᠢᠬᠦ ᠦᠭᠡᠢ᠂ ᠬᠠᠭᠠᠨ ᠤ᠋ ᠭᠡᠭᠡᠨ ᠢ᠋ᠶ᠋ᠡᠷ ᠳᠠᠢᠯᠠᠨ ᠶᠠᠪᠤᠭᠰᠠᠨ ᠭᠠᠪᠢᠶ᠎ᠠ ᠵᠢᠳᠬᠦᠯᠭᠡ ᠭᠠᠢᠬᠠᠮᠰᠢᠭ ᠡᠷᠳᠡᠮ ᠳ᠋ᠦ᠍ᠷ ᠬᠡᠳᠦᠨ ᠮᠢᠩᠭᠠᠨ ᠦᠰᠦᠭ ᠢ᠋ᠶ᠋ᠡᠷ ᠢᠯᠡᠷᠬᠡᠢᠯᠡᠨ ᠲᠣᠭᠠᠴᠢᠵᠤ᠂ ᠲᠠᠢ ᠮᠢᠶᠣᠤ ᠰᠦᠮ᠎ᠡ ᠳ᠋ᠦ᠍ᠷ ᠮᠥᠩᠬᠡ ᠬᠠᠭᠠᠨ ᠢ᠋ ᠰᠢᠶᠠᠡᠽᠥ᠋ᠩ ᠬᠤᠸᠠᠩᠳᠢ ᠭᠡᠮᠡᠨ ᠲᠠᠬᠢᠭᠰᠠᠨ ᠪᠥᠯᠥᠭᠡ᠃ ᠲᠡᠭᠦᠨᠴᠡ᠂ ᠬᠤᠪᠢᠯᠠᠢ ᠰᠡᠴᠡᠨ ᠱᠢᠽᠣ ᠬᠠᠭᠠᠨ᠂ ᠸᠸᠨ ᠡᠤ ᠬᠤᠸᠠᠩᠳᠢ᠂ ᠳᠥᠴᠢᠨ ᠵᠢᠷᠭᠤᠭᠠᠨ ᠰᠡᠭᠦᠳᠡᠷ ᠰᠠᠭᠤᠷᠢᠨ᠎ᠠ ᠰᠠᠭᠤᠵᠤ᠂ ᠨᠠᠶᠠᠨ ᠰᠡᠭᠦᠳᠡᠷ ᠬᠦᠷᠦᠭᠰᠡᠨ ᠪᠥᠯᠥᠭᠡ᠃ ᠡᠨᠡ ᠬᠣᠶᠠᠷ ᠭᠠᠢᠬᠠᠮᠰᠢᠭᠲᠤ ᠲᠡᠭᠷᠢ ᠶ᠋ᠢᠨ ᠬᠥᠪᠡᠭᠦᠨ ᠴᠥᠮ ᠢ᠋ᠶ᠋ᠡᠷ ᠡᠨᠡᠬᠦ ᠬᠣᠩᠭᠢᠷᠠᠳ ᠤ᠋ᠨ ᠰᠤᠷᠭᠠᠯᠲᠠᠢ ᠪᠡᠬᠢ ᠲᠠᠢᠬᠡᠦ ᠡᠴᠡ ᠮᠡᠨᠳᠦᠯᠡᠭᠰᠡᠨ ᠪᠥᠯᠥᠭᠡ᠃ ᠡᠨᠡ ᠲᠠᠢᠬᠡᠦ ᠤᠭ ᠲᠤᠷ ᠬᠤᠸᠠᠩᠬᠡᠦ ᠰᠠᠭᠤᠭᠰᠠᠨ ᠪᠤᠰᠤ ᠪᠤᠶᠤ᠃ ᠳᠡᠭᠦᠨᠦ ᠪᠡᠶ᠎ᠡ ᠡᠴᠡ ᠲᠥᠷᠥᠭᠰᠡᠨ ᠬᠣᠶᠠᠷ ᠬᠥᠪᠡᠭᠦᠨ ᠮᠥᠩᠬᠡ ᠬᠤᠪᠢᠯᠠᠢ ᠠᠬ᠎ᠠ ᠳᠡᠭᠦᠦ ᠬᠣᠶᠠᠭᠤᠯᠠ ᠵᠠᠯᠭᠠᠯᠳᠤᠭ᠎ᠠ ᠪᠠᠷ ᠬᠠᠭᠠᠨ ᠰᠠᠭᠤᠵᠤ᠂ ᠡᠨᠡ ᠰᠤᠷᠭᠠᠯᠲᠠᠢ ᠪᠡᠬᠢ ᠲᠠᠢᠬᠡᠦ ᠨᠠᠶᠠᠨ ᠨᠠᠰᠤ ᠭᠠᠷᠴᠤ ᠬᠣᠶᠠᠷ ᠬᠠᠭᠠᠨ ᠤ᠋ ᠡᠬᠡ ᠲᠠᠢᠬᠡᠦ ᠶᠠᠪᠤᠭᠰᠠᠨ ᠢ᠋ᠶ᠋ᠠᠷ ᠲᠠᠢᠬᠡᠦ ᠬᠡᠮᠡᠵᠦᠬᠦᠢ᠃ ᠡᠨᠡ ᠴᠦ᠍ ᠶᠡᠬᠡ ᠬᠣᠵᠢᠮ ᠤ᠋ᠨ ᠬᠡᠷᠡᠭ ᠲᠤᠯᠠ ᠡᠳᠦᠭᠡ ᠨᠠᠷᠢᠪᠴᠢᠯᠠᠨ ᠲᠣᠭᠠᠴᠢᠬᠤ ᠦᠭᠡᠢ᠃ ᠭᠠᠭᠴᠠ ᠬᠦ᠌ ᠡᠨᠡ ᠰᠤᠷᠭᠠᠯᠲᠠᠢ ᠲᠠᠢᠬᠡᠦ ᠶ᠋ᠢᠨ ᠤᠯᠠᠭᠠᠨ ᠪᠠᠷᠰ ᠵᠢᠯ ᠠᠷᠪᠠᠨ ᠲᠠᠪᠤᠨ ᠨᠠᠰᠦᠨ᠎ᠠ ᠳᠥᠲᠥᠭᠡᠷ ᠲᠠᠢᠽᠢ ᠲᠣᠯᠢ ᠳ᠋ᠤᠷ ᠶᠡᠬᠡ ᠬᠠᠲᠤᠨ ᠪᠣᠯᠭᠠᠨ ᠡᠷᠭᠦᠮᠵᠢᠯᠡᠬᠦ ᠶ᠋ᠢ ᠳᠤᠷᠠᠳᠬᠤᠢ ᠶ᠋ᠢᠨ ᠲᠡᠳᠦᠢ ᠳ᠋ᠦ᠍ᠷ ᠬᠣᠵᠢᠮ ᠤ᠋ᠨ ᠬᠡᠷᠡᠭ ᠢ᠋ ᠲᠣᠪᠬᠢᠨ᠂ ᠬᠣᠢᠨ᠎ᠠ ᠮᠡᠳᠡᠬᠦᠶ᠎ᠡ ᠬᠢᠯᠪᠠᠷ ᠬᠡᠮᠡᠪᠡᠢ᠃
ᠲᠡᠨᠳᠡᠴᠡ᠂ ᠵᠠᠭᠤᠨ ᠲᠦᠰᠢᠮᠡᠳ ᠵᠥᠪᠳᠡᠵᠦ᠂ ᠬᠠᠭᠠᠨ ᠬᠤᠸᠠᠩᠳᠢ ᠶ᠋ᠢᠨ ᠶᠢᠰᠦᠨ ᠳᠡᠰ ᠦ᠋ᠨ ᠬᠠᠲᠤᠨ᠂ ᠸᠠᠩ ᠬᠥᠮᠦᠨ ᠦ᠌ ᠳᠣᠯᠣᠭᠠᠨ ᠳᠡᠰ ᠦ᠋ᠨ ᠬᠠᠲᠤᠨ᠂ ᠮᠣᠵᠢ ᠶ᠋ᠢᠨ ᠡᠵᠡᠳ ᠦ᠋ᠨ ᠲᠠᠪᠤᠨ ᠳᠡᠰ ᠦ᠋ᠨ ᠬᠠᠲᠤᠨ᠂ ᠲᠠᠢᠹᠦ᠋ ᠲᠦᠰᠢᠮᠡᠳ ᠦ᠋ᠨ ᠭᠤᠷᠪᠠᠨ ᠳᠡᠰ ᠦ᠋ᠨ ᠬᠠᠲᠤᠳ᠂ ᠰᠤᠯᠠ ᠢᠷᠭᠡᠳ ᠴᠦ᠍ ᠨᠢᠭᠡᠨ ᠭᠡᠷᠭᠡᠢ᠂ ᠬᠣᠶᠠᠷ ᠲᠠᠲᠠᠪᠤᠷᠢ ᠬᠡᠮᠡᠬᠦᠶ᠎ᠡ᠂ ᠴᠢᠩᠭᠢᠰ ᠬᠠᠭᠠᠨ ᠳᠠ ᠬᠤᠸᠠᠩᠳᠢ ᠪᠥᠭᠡᠳ ᠭᠤᠷᠪᠠᠨ ᠤ᠋ ᠨᠢᠭᠡᠨ ᠭᠡᠰᠢᠭᠦᠨ ᠳᠤᠲᠠᠭᠤ ᠶ᠋ᠢ ᠤᠯᠤᠰ ᠤ᠋ᠨ ᠨᠠᠭᠠᠴᠤ ᠶᠡᠬᠡ ᠪᠡᠢᠯᠡ᠂ ᠲᠡᠢᠰᠢ ᠬᠣᠩᠭᠢᠷᠠᠳ ᠤ᠋ᠨ ᠳ᠋ᠠᠢ ᠰᠡᠴᠡᠨ ᠢ᠋ᠶ᠋ᠡᠷ ᠲᠠᠢᠽᠦ ᠴᠢᠩᠭᠢᠰ ᠬᠠᠭᠠᠨ᠎ᠠ ᠠᠢᠯᠠᠳᠬᠠᠯᠭᠠᠭᠰᠠᠨᠠ᠂ ᠲᠠᠢᠽᠦ ᠴᠢᠩᠭᠢᠰ ᠬᠠᠭᠠᠨ᠂ ᠥᠴᠦᠬᠡᠨ ᠮᠦᠰᠢᠶᠡᠵᠦ᠂ ᠵᠠᠷᠯᠢᠭ ᠪᠣᠯᠤᠷᠤᠨ᠂ ᠲᠡᠷᠡᠬᠦ ᠠᠯᠲᠠᠨ ᠠᠮᠠᠨ ᠤ᠋ ᠵᠠᠷᠯᠢᠭ ᠤ᠋ᠨ ᠦᠭᠡᠰ ᠢᠨᠦ᠄
ᠡᠷᠲᠡᠨ ᠡᠴᠡ ᠲᠡᠢᠮᠦ ᠶᠣᠰᠣᠨ ᠪᠠᠢᠬᠤ ᠠᠨᠤ ᠪᠠᠢᠵᠤᠬᠤᠢ
ᠡᠷᠬᠢᠯᠡᠭᠰᠡᠨ ᠢᠨᠤ ᠦᠷ᠎ᠡ ᠬᠥᠪᠡᠭᠦᠳ ᠢ᠋ ᠬᠢᠴᠢᠶᠡᠭᠰᠡᠨ ᠢᠨᠤ ᠪᠣᠯᠠᠢ᠃
ᠡᠳᠦᠭᠡ ᠨᠠᠳᠤᠷ ᠳᠥᠷᠪᠡᠨ ᠬᠥᠪᠡᠭᠦᠨ ᠲᠠᠪᠤᠭᠠᠳ ᠠᠴᠢ ᠠᠬᠤᠢᠡ
ᠡᠬᠡᠨᠡᠷ ᠬᠠᠲᠤᠳ ᠳᠡᠮᠡᠢᠯᠡ ᠣᠯᠠᠨ ᠢ᠋ᠶ᠋ᠠᠷ ᠶᠠᠭᠤ ᠬᠢᠬᠦ ᠠᠵᠢ ?
ᠡᠵᠡᠨ ᠬᠠᠭᠠᠨ ᠢ᠋ ᠡᠷᠳᠡᠮ ᠥᠷᠥᠰᠢᠶᠡᠯ ᠢ᠋ᠶ᠋ᠡᠷ ᠰᠠᠭᠤᠬᠤ ᠪᠣᠢ ᠢ᠋᠎ᠠ
ᠡᠮ᠎ᠡ ᠬᠠᠲᠤᠳ ᠤ᠋ᠨ ᠲᠣᠭ᠎ᠠ ᠨᠡᠷ᠎ᠡ ᠳ᠋ᠦ᠍ᠷ ᠪᠠᠢᠬᠤ ᠠᠨᠤ ᠪᠤᠰᠤ
ᠡᠷᠲᠡᠨ ᠦ᠌ ᠬᠠᠳ ᠤ᠋ᠳ ᠡᠭᠡᠨᠡᠷᠡ ᠡᠪᠳᠡᠷᠡᠭᠰᠡᠨ ᠣᠯᠠᠨᠲᠠ ᠪᠢᠰᠢᠦ ?
ᠡᠷᠬᠡᠪᠰᠢ ᠲᠡᠷᠡ ᠲᠣᠭ᠎ᠠ ᠪᠠᠷ ᠬᠡᠦᠬᠡᠳ ᠠᠴᠢᠨᠠᠷ ᠰᠤᠷᠭᠠᠮᠲᠠᠢ ᠤᠤ ?
ᠡᠨᠡ ᠴᠦ᠍ ᠨᠢᠭᠡᠨ ᠴᠢᠬᠤᠯᠠ ᠪᠤᠰᠤ ᠭᠡᠰᠢᠭᠦᠨ
ᠠᠯᠢᠪᠠ ᠵᠦᠢᠯ ᠠᠷᠪᠠᠨ ᠬᠤᠪᠢ ᠪᠦᠷᠢᠳᠪᠡᠰᠦ
ᠠᠰᠢᠳᠠ ᠰᠠᠢᠨ ᠦᠭᠡᠢ ᠪᠠᠢᠳᠠᠭ ᠪᠥᠯᠥᠭᠡ᠃
ᠠᠯᠢᠯᠠ ᠳᠤᠲᠠᠭᠤ ᠶ᠋ᠢ ᠬᠡᠦᠬᠡᠳ ᠠᠴᠢᠨᠠᠷ ᠭᠦᠢᠴᠡᠳᠬᠡᠲᠦᠭᠡᠢ
ᠡᠭᠦᠨ ᠢ᠋ ᠳᠠᠬᠢᠨ ᠠᠢᠯᠠᠳᠬᠠᠬᠤ ᠬᠡᠷᠡᠭ ᠦᠭᠡᠢ᠃
ᠡᠷᠬᠢᠯᠡᠬᠦ ᠢᠨᠦ ᠤᠯᠤᠰ ᠲᠥᠷᠥ ᠶ᠋ᠢ ᠵᠢᠳᠬᠦᠨ ᠪᠦᠲᠦᠭᠡᠬᠦ
ᠣᠯᠠᠨ ᠬᠢᠩ ᠰᠠᠢᠳ ᠤ᠋ᠳ
ᠲᠦᠰᠢᠮᠡᠳ ᠪᠠᠭᠠᠲᠤᠳ ᠴᠡᠷᠢᠭ ᠢᠷᠭᠡᠨ ᠮᠢᠨᠦ ᠪᠣᠯᠠᠢ᠃
ᠬᠡᠮᠡᠵᠦ :《ᠡᠬᠡ ᠲᠠᠢᠬᠡᠦ ᠶ᠋ᠢᠨ ᠡᠷᠳᠡᠮ ᠢ᠋ᠶ᠋ᠡᠷ ᠡᠨᠡ ᠪᠡᠶ᠎ᠡ ᠶ᠋ᠢ ᠮᠢᠨᠦ ᠬᠠᠮᠠᠭᠠᠯᠠᠨ ᠥᠰᠬᠡᠬᠦᠶᠡ᠂ ᠡᠴᠢᠭᠡ ᠯᠢᠶᠧ ᠽᠦ᠍ ᠥᠭᠡᠳᠡ ᠪᠣᠯᠤᠨ ᠡᠬᠡ ᠲᠠᠢᠬᠡᠦ ᠴᠡᠷᠢᠭ ᠢ᠋ ᠵᠠᠬᠢᠷᠤᠨ ᠡᠴᠢᠭᠰᠡᠳ ᠤᠷᠪᠠᠭᠰᠠᠳ ᠢ᠋ ᠡᠴᠦᠳᠯᠡᠭᠦᠯᠦᠨ ᠳᠠᠢᠯᠠᠵᠤ᠂ ᠡᠪᠦᠭᠡᠳ ᠦ᠋ᠨ ᠲᠥᠷᠥ᠂ ᠪᠸᠲ᠋ᠠ᠋ ᠤᠯᠤᠰ ᠢ᠋ ᠰᠠᠬᠢᠵᠤ᠂ ᠡᠯᠳᠡᠪ ᠢ᠋ᠶ᠋ᠡᠷ ᠵᠣᠪᠠᠨ ᠵᠦᠳᠡᠵᠦ᠂ ᠪᠢᠳᠡᠨ ᠤ ᠠᠬ᠎ᠠ ᠳᠡᠭᠦᠦ ᠨᠠᠷ ᠢ᠋ ᠥᠰᠬᠡᠬᠦᠶᠡ᠂ ᠡᠬᠡ ᠶ᠋ᠢᠨ ᠵᠠᠷᠯᠢᠭ ᠠ᠋ᠴᠠ ᠭᠠᠳᠠᠭᠤᠷ ᠭᠠᠷᠴᠤ᠂ ᠭᠠᠭᠴᠠ ᠮᠣᠷᠢ ᠨᠢᠭᠡᠨ ᠢᠯᠳᠦ ᠪᠡᠷ ᠡᠴᠢᠭᠡ ᠶ᠋ᠢᠨ ᠥᠰᠲᠦ ᠤᠷᠭᠣᠳᠤᠤᠯ ᠪᠣᠭᠣᠯ ᠤ᠋ᠨ ᠨᠢᠭᠡᠨ ᠭᠡᠷ ᠢ᠋ ᠪᠠᠷᠠᠲᠠᠯ᠎ᠠ ᠠᠯᠠᠵᠤ ᠲᠡᠢᠨ ᠳᠡᠭᠳᠡᠭᠡᠨ᠂ ᠮᠢᠨᠦ ᠪᠡᠶ᠎ᠡ ᠲᠠᠲ᠋ᠠᠷ ᠬᠢᠭᠡᠳ ᠲᠠᠢᠴᠢᠭᠤᠳ ᠤ᠋ᠨ ᠲᠠᠲᠠᠭᠰᠠᠨ ᠵᠡᠯ᠎ᠡ ᠳ᠋ᠦ᠍ᠷ ᠤᠨᠠᠵᠤ ᠪᠠᠷᠢᠭᠳᠠᠨ ᠠᠪᠠᠴᠢᠭᠳᠠᠵᠤ᠂ ᠳᠥᠩᠭᠡᠯᠡᠭᠳᠡᠨ ᠬᠠᠳᠠᠭᠠᠯᠠᠭᠳᠠᠬᠤᠶᠠ᠂ ᠲᠡᠭᠷᠢ ᠰᠠᠬᠢᠭᠤᠯᠰᠤᠨ ᠤ᠋ ᠬᠠᠷᠠᠭᠠᠯᠵᠠᠯᠭ᠎ᠠ᠂ ᠰᠦᠯᠳᠡ ᠡᠴᠢᠭᠡ ᠶ᠋ᠢᠨ ᠢᠪᠡᠭᠡᠯ ᠢ᠋ᠶ᠋ᠡᠷ ᠳᠥᠩᠭᠡ ᠶ᠋ᠢ ᠰᠡᠳᠡ ᠢᠰᠬᠦᠯᠦᠨ᠂ ᠬᠠᠳᠠᠭᠠᠯᠠᠭᠴᠢ ᠮᠠᠭᠤ ᠬᠠᠷᠢᠶᠠᠯᠳᠤ ᠬᠣᠶᠠᠷ ᠪᠣᠭᠣᠯ ᠢ᠋ ᠭᠠᠩ ᠳᠥᠩᠭᠡ ᠪᠡᠷ ᠴᠣᠬᠢᠨ ᠠᠯᠠᠵᠤ᠂ ᠬᠦᠵᠦᠭᠦᠨ ᠤ ᠭᠢᠨᠵᠢ ᠶ᠋ᠢ ᠵᠡᠭᠦᠭᠰᠡᠭᠡᠷ ᠡᠪᠡᠰᠦᠲᠦ ᠨᠠᠭᠤᠷᠠᠨᠠ ᠳᠡᠪᠡᠯ ᠬᠤᠪᠴᠠᠳ ᠲᠠᠢ ᠪᠠᠷ ᠣᠷᠣᠵᠤ᠂ ᠠᠮᠠᠨ ᠢ᠋ᠶ᠋ᠠᠨ ᠭᠠᠷᠭᠠᠵᠤ ᠨᠢᠭᠤᠨ ᠬᠡᠪᠲᠡᠬᠦᠶᠡ᠂ ᠰᠦᠯᠲᠠᠨ ᠤ᠋ ᠰᠤᠷᠬᠠᠨ ᠰᠢᠷ᠎ᠠ ᠨᠠᠮᠠᠶ᠋ᠢ ᠲᠠᠨᠢᠵᠤ ᠭᠡᠷ ᠲᠦ᠍ᠷ ᠢ᠋ᠶ᠋ᠡᠨ ᠡᠴᠢᠭᠡᠳ᠂ ᠨᠡᠩᠵᠢᠬᠦ ᠠᠷᠠᠳ ᠠ᠋ᠴᠠ ᠵᠠᠢᠯᠠᠭᠤᠯᠤᠨ᠂ ᠬᠣᠨᠢᠨ ᠤ᠋ ᠤᠩᠭᠠᠰᠤᠨ ᠳᠡᠷᠭᠡᠨ᠎ᠡ ᠨᠢᠭᠤᠯᠭᠠᠨ ᠭᠠᠷᠭᠠᠵᠤ᠂ ᠬᠣᠨᠢ ᠠᠯᠠᠵᠤ ᠬᠦᠨᠡᠰᠦ ᠪᠣᠯᠭᠠᠨ᠂ ᠡᠷᠡᠮᠡᠭ ᠰᠢᠷᠭ᠎ᠠ ᠠᠭᠲᠠ ᠪᠠᠨ ᠡᠮᠡᠭᠡᠯᠯᠡᠨ ᠥᠭᠴᠦ ᠡᠷᠬᠡ ᠬᠥᠪᠡᠭᠦᠨ ᠬᠦᠯᠦᠭ ᠴᠢᠯᠠᠭᠤᠨ ᠢ᠋ᠶ᠋ᠠᠨ ᠳᠠᠭᠠᠭᠤᠯᠤᠨ ᠬᠥᠷᠭᠡᠭᠦᠯᠦᠭᠰᠡᠨ ᠢᠨᠦ ᠲᠡᠷᠡ ᠪᠥᠯᠥᠭᠡ᠃ ᠲᠡᠷᠡ ᠦᠶ᠎ᠡ ᠳ᠋ᠦ᠍ᠷ ᠲᠠᠢᠴᠢᠭᠤᠳ ᠲᠤᠷ ᠲᠠᠰᠤᠯᠤᠭᠳᠠᠨ᠂ ᠲᠠᠲ᠋ᠠᠷ ᠲᠤᠷ ᠲᠠᠯᠬᠢᠭᠳᠠᠭᠰᠠᠨ ᠪᠥᠭᠡᠰᠦ᠂ ᠡᠳᠦᠭᠡᠬᠢ ᠦᠶ᠎ᠡ ᠶ᠋ᠢᠨ ᠡᠳᠦᠢᠴᠢᠨᠡᠭᠡᠨ ᠲᠦᠭ ᠲᠦᠮᠡᠨ ᠦ᠌ ᠲᠥᠷᠥ ᠶᠣᠰᠣᠨ ᠬᠠᠮᠢᠭ᠎ᠠ ᠠ᠋ᠴᠠ ᠢᠷᠡᠬᠦ ᠪᠣᠢ ? ᠲᠡᠷᠡ ᠦᠶ᠎ᠡ ᠶ᠋ᠢᠨ ᠬᠥᠵᠦᠭᠦᠨᠡ ᠵᠡᠭᠦᠭᠰᠡᠨ ᠲᠡᠮᠦᠷ ᠣᠨᠢᠰᠣ ᠶ᠋ᠢ ᠰᠦᠬᠡ ᠪᠡᠷ ᠲᠦᠭᠰᠡᠨ ᠬᠡᠮᠬᠡᠴᠢᠬᠦ ᠲᠡᠷᠡ ᠲᠤᠬᠠᠢ ᠳ᠋ᠤᠷ ᠬᠡᠨ ᠡᠨᠡ ᠬᠠᠭᠠᠨ ᠲᠥᠷᠥ ᠶ᠋ᠢᠨ ᠬᠠᠮᠤᠭ ᠪᠦᠭᠦᠳᠡᠭᠡᠷ ᠢ᠋ ᠮᠡᠳᠡᠬᠦ ᠪᠥᠯᠥᠭᠡ 》ᠭᠡᠮᠡᠨ ᠠᠯᠲᠠᠨ ᠬᠤᠨᠳᠠᠭ᠎ᠠ ᠳ᠋ᠤᠷ ᠠᠷᠢᠬᠢ ᠬᠢᠯᠭᠡᠨ ᠮᠣᠳᠣᠷ ᠢ᠋ᠶ᠋ᠠᠷ ᠰᠣᠶᠣᠷᠬᠠᠨ :
ᠤᠰᠤᠲᠤ ᠡᠪᠡᠰᠦᠨ᠎ᠡ ᠬᠡᠪᠲᠡᠬᠦ ᠦᠶ᠎ᠡ ᠳ᠋ᠦ᠍ᠷ ᠲᠠᠨᠢᠭᠰᠠᠨ ᠲᠠᠨᠢᠯ
ᠤᠩᠭᠠᠰᠤᠨ ᠤ᠋ ᠳᠡᠷᠭᠡᠨ᠎ᠡ ᠨᠢᠭᠤᠵᠤ ᠭᠠᠷᠭᠠᠭᠰᠠᠨ ᠠᠴᠢᠲᠠᠨ ᠬᠥᠮᠦᠨ᠂
ᠣᠨᠢᠰᠣᠲᠤ ᠰᠣᠨᠣᠨᠠᠭ ᠢ᠋ ᠣᠭᠲᠣᠴᠢᠨ ᠬᠡᠮᠬᠡᠴᠢᠭᠰᠡᠨ ᠨᠥᠬᠥᠷ
ᠤᠤᠭᠠᠨ ᠦᠷ᠎ᠡ ᠪᠡᠷ ᠤᠷᠲᠤᠳᠠ ᠬᠠᠮᠠᠭᠠᠯᠠᠭᠤᠯᠤᠭᠰᠠᠨ ᠲᠡᠢᠰᠢ᠃
ᠭᠡᠮᠡᠨ ᠵᠠᠷᠯᠢᠭ ᠪᠣᠯᠤᠨ:《ᠰᠦᠯᠲᠠᠨ ᠤ᠋ ᠰᠤᠷᠬᠠᠨ ᠰᠢᠷ᠎ᠠ ᠶ᠋ᠢ ᠠᠨᠤ<ᠶᠢᠰᠦᠨ ᠡᠩ ᠦ᠋ᠨ ᠪᠦᠭᠦᠳᠡ ᠰᠠᠢᠳ ᠲᠦᠰᠢᠮᠡᠳ ᠦ᠋ᠨ ᠲᠡᠷᠢᠭᠦᠨ ᠦ᠌ ᠲᠡᠷᠢᠭᠦᠨ ᠲᠡᠢᠰᠢ᠂ ᠲᠦᠰᠢᠮᠡᠯ > ᠪᠥᠭᠡᠳ ᠭᠡᠷ ᠦ᠋ᠨ ᠬᠤᠪᠢᠨ᠎ᠠ <ᠮᠢᠩᠭᠠᠨ ᠡᠷᠦᠬᠡ ᠶ᠋ᠢ ᠵᠠᠬᠢᠷᠬᠤ᠂ ᠶᠡᠬᠡ ᠪᠡᠢᠯᠡ ᠨᠣᠶᠠᠨ > ᠬᠠᠪᠰᠤᠷᠭᠠᠵᠤ᠂ ᠦᠶ᠎ᠡ ᠤᠯᠠᠷᠢᠨ ᠲᠠᠰᠤᠷᠠᠯ ᠦᠭᠡᠢ ᠵᠠᠯᠭᠠᠮᠵᠢᠯᠠᠭᠤᠯ ! 》᠂ ᠵᠢᠴᠢ ᠤᠷᠢᠶᠠᠩᠬᠠᠨ ᠤ᠋ ᠡᠵᠡᠨ ᠵᠠᠷᠴᠢᠭᠤᠲᠠᠢ ᠥᠲᠡᠭᠦᠰ ᠲᠣᠷ ᠠᠯᠲᠠᠨ ᠬᠤᠨᠳᠠᠭᠠᠲᠤ ᠠᠷᠠᠵᠠ ᠶ᠋ᠢ ᠮᠣᠳᠣᠷ ᠢ᠋ᠶ᠋ᠠᠷ ᠬᠠᠢᠷᠠᠯᠠᠨ ᠵᠠᠷᠯᠢᠭ ᠪᠣᠯᠤᠷᠤᠨ᠄
ᠳᠡᠯᠢᠭᠦᠨ ᠪᠣᠯᠳᠣᠭ ᠲᠤᠷ ᠴᠠᠭᠠᠨ ᠭᠡᠷᠡᠯ ᠢ᠋ ᠲᠠᠨᠢᠭᠰᠠᠨ
ᠳᠠᠷᠢ ᠳᠡᠭᠡᠭᠰᠢ ᠥᠯᠵᠡᠢᠲᠦ ᠥᠯᠥᠭᠡᠢ ᠳ᠋ᠦ᠍ᠷ ᠣᠷᠣᠭᠤᠯᠤᠭᠰᠠᠨ᠂
ᠲᠠᠮᠲᠤ ᠦᠷ᠎ᠡ ᠪᠡᠨ ᠲᠤᠰᠠᠯᠠᠭᠴᠢ ᠲᠡᠳᠬᠦᠭᠴᠢ ᠪᠣᠯᠭᠠᠭᠰᠠᠨ
ᠳᠡᠭᠡᠳᠦ ᠤᠷᠤᠭ ᠤ᠋ᠨ ᠮᠡᠷᠭᠡᠨ ᠥᠲᠡᠭᠦᠰ ᠲᠠᠢᠰᠢ !
ᠮᠥᠨ ᠬᠦ᠌ ᠭᠡᠷ ᠦ᠋ᠨ ᠬᠤᠪᠢᠨ᠎ᠠ᠂ ᠮᠢᠩᠭᠠᠨ ᠡᠷᠦᠬᠡ ᠶ᠋ᠢ ᠵᠠᠬᠢᠷᠬᠤ < ᠶᠡᠬᠡ ᠪᠡᠢᠯᠡ ᠨᠣᠶᠠᠨ > ᠬᠠᠪᠰᠤᠷᠭᠠᠵᠤ᠂ ᠪᠠᠰᠠ ᠬᠦ᠌ ᠦᠶ᠎ᠡ ᠤᠯᠠᠷᠢᠨ ᠤᠷᠤᠭ ᠪᠠᠷᠢᠬᠤ ᠶ᠋ᠢ ᠲᠠᠰᠤᠷᠠᠯ ᠦᠭᠡᠢ ᠵᠠᠯᠭᠠᠮᠵᠢᠯᠠᠭᠤᠯ᠃ ᠢᠯᠡᠭᠦᠨᠡ ᠶ᠋ᠢᠨ ᠨᠤᠲᠤᠭ ᠤ᠋ᠨ ᠴᠠᠢᠯᠵᠢ ᠠᠢᠮᠠᠭ ᠤ᠋ᠨ ᠬᠦᠷᠭᠡᠨ ᠲᠠᠪᠤᠨᠠᠩ ᠪᠣᠳᠣ ᠬᠢᠭᠡᠳ ᠡᠨᠡ ᠤᠷᠢᠶᠠᠩᠬᠠᠨ ᠠᠢᠮᠠᠭ ᠤ᠋ᠨ ᠵᠡᠯᠮ᠎ᠡ ᠲᠠᠨ ᠤ᠋ ᠡᠨᠡ ᠤᠷᠤᠭ ᠢ᠋ ᠬᠠᠮᠤᠭ ᠤᠯᠤᠰ ᠢ᠋ ᠬᠣᠷᠢᠶᠠᠨ᠂ ᠬᠠᠭᠠᠨ ᠲᠥᠷᠥ ᠪᠦᠲᠦᠭᠰᠡᠨ ᠦ᠌ ᠬᠣᠢᠨ᠎ᠠ ᠤᠷᠤᠭ ᠪᠣᠯᠭᠠᠨ ᠪᠠᠷᠢᠭᠰᠠᠨ ᠤᠯᠤᠰ ᠠᠢᠮᠠᠭ ᠲᠤᠷ ᠠᠳᠠᠯᠢ ᠪᠤᠰᠤ ᠠᠨᠤ ᠪᠦᠲᠦᠬᠦᠢ ᠶ᠋ᠢᠨ ᠤᠷᠢᠳᠠ ᠪᠥᠭᠰᠢᠵᠦ ᠵᠣᠪᠠᠨ ᠪᠣᠯᠬᠤ ᠶ᠋ᠢᠨ ᠤᠷᠢᠳᠠ ᠪᠣᠭᠣᠭᠳᠠᠵᠤ ᠵᠦᠳᠡᠭᠰᠡᠨ ᠦ᠌ ᠲᠤᠯᠠᠳᠠ᠂ ᠬᠠᠮᠲᠤ ᠵᠢᠳᠬᠦᠵᠦ ᠤᠯᠤᠰ ᠢ᠋ ᠪᠦᠲᠦᠭᠡᠨ ᠬᠠᠭᠠᠨ ᠪᠣᠯᠭᠠᠭᠰᠠᠨ ᠭᠠᠪᠢᠶ᠎ᠠ ᠠ᠋ᠴᠠ ᠭᠠᠳᠠᠨ᠎ᠠ᠂ ᠡᠷᠲᠡ ᠡᠳᠦᠷ᠂ ᠵᠢᠭᠠᠯ ᠬᠠᠨ ᠤ᠋ ᠠᠷᠤ᠂ ᠢᠯᠠᠮ᠎ᠠ ᠬᠠᠨ ᠤ᠋ ᠥᠯᠭᠡ ᠳ᠋ᠦ᠍ᠷ ᠲᠠᠲ᠋ᠠᠷ ᠤ᠋ᠨ ᠮᠡᠭᠵᠢᠨ ᠰᠡᠭᠦᠯ᠂ ᠤᠷᠭᠤᠯ ᠬᠣᠶᠠᠭᠤᠯᠠ ᠬᠡᠳᠡᠷ ᠬᠠᠪᠴᠢᠯ ᠳ᠋ᠤᠷ ᠰᠠᠮᠠᠭᠤᠨ ᠵᠡᠪᠡ ᠶ᠋ᠢᠨ ᠬᠤᠯᠠᠭᠠᠢ ᠴᠡᠷᠢᠭ ᠢ᠋ᠶ᠋ᠡᠷ ᠬᠠᠭᠠᠵᠤ ᠪᠠᠢᠯᠳᠤᠨ᠂ ᠮᠥᠨᠳᠥᠷ ᠪᠣᠷᠣᠭᠠᠨ ᠳᠡᠯᠡᠳᠬᠦ ᠮᠡᠲᠦ ᠵᠠᠢ ᠵᠠᠪᠰᠠᠷ ᠦᠭᠡᠢ ᠬᠠᠷᠪᠤᠬᠤᠢ ᠳ᠋ᠤᠷ ᠰᠡᠴᠡᠨ ᠵᠡᠯᠮ᠎ᠡ ᠰᠠᠢᠳ ᠢ᠋ᠶ᠋ᠠᠷ ᠲᠦᠮᠡᠨ ᠵᠡᠪᠡ ᠶ᠋ᠢᠨ ᠡᠰᠡᠷᠭᠦ ᠰᠢᠷᠭᠤᠯᠤᠨ ᠣᠷᠣᠵᠤ᠂ ᠰᠢᠷ᠎ᠠ ᠳᠡᠪᠰᠡᠭ ᠦ᠋ᠨ ᠳᠡᠭᠡᠷᠡᠬᠢ ᠬᠠᠷ᠎ᠠ ᠳᠡᠰ ᠰᠢᠪᠠᠭᠤᠨ ᠤ᠋ ᠲᠤᠭ ᠢ ᠪᠠᠷᠢᠭᠰᠠᠨ ᠵᠠᠩᠵᠤᠨ ᠢ᠋ ᠴᠠᠪᠴᠢᠨ ᠤᠨᠠᠭᠠᠵᠤ᠂ ᠲᠤᠭ ᠤ᠋ᠨ ᠲᠣᠯᠣᠭᠠᠢ ᠶ᠋ᠢ ᠤᠷᠤᠭᠤ ᠬᠠᠨᠳᠤᠭᠤᠯᠤᠨ ᠬᠠᠳᠬᠤᠵᠤ᠂ ᠬᠠᠷᠭᠢᠰ ᠬᠤᠯᠠᠭᠠᠢ ᠰᠠᠮᠠᠭᠤᠷᠠᠯᠴᠠᠨ ᠳᠠᠷᠤᠭᠳᠠᠵᠤ᠂ ᠬᠠᠮᠲᠤ ᠶᠠᠪᠤᠭᠰᠠᠨ ᠪᠢᠳᠡᠨ ᠦ᠌ ᠡᠵᠡᠨ ᠰᠠᠢᠳ ᠲᠣᠯᠣᠭᠠᠭᠤᠯᠠ ᠰᠠᠶᠢ ᠠᠮᠢᠨ ᠣᠯᠵᠤ ᠭᠠᠷᠤᠨ᠂ ᠠᠯᠢᠪᠠ ᠬᠤᠯᠠᠭᠠᠢ ᠶ᠋ᠢ ᠠᠷᠢᠯᠭᠠᠭᠰᠠᠨ ᠭᠠᠪᠢᠶ᠎ᠠ ᠳ᠋ᠤᠷ ᠰᠡᠴᠡᠨ ᠤᠬᠠᠭᠠᠨ ᠤ᠋ ᠰᠠᠢᠨ ᠢ᠋ᠶ᠋ᠠᠷ ᠰᠡᠷᠢᠭᠦᠨ ᠪᠦᠭᠦᠳᠡᠭᠡᠷ ᠠᠮᠢᠳᠤᠷᠠᠭᠰᠠᠨ ᠲᠤᠯᠠ᠂ ᠰᠡᠴᠡᠨ ᠰᠡᠴᠢᠭᠯᠢᠭ ᠦᠷ᠎ᠡ ᠪᠡᠨ ᠴᠡᠴᠡᠬᠢ ᠬᠥᠪᠡᠭᠦᠨ ᠳ᠋ᠦ᠍ᠷ ᠢᠨᠤ ᠬᠣᠯᠪᠣᠵᠤ᠂ ᠴᠡᠷᠢᠭ ᠦ᠋ᠨ ᠭᠠᠪᠢᠶ᠎ᠠ ᠳ᠋ᠤᠷ ᠠᠨᠤ ᠱᠠᠩᠨᠠᠨ ᠡᠷᠭᠦᠮᠵᠢᠯᠡᠭᠰᠡᠨ ᠢᠨᠤ ᠪᠣᠢ ᠶᠠ᠃ ᠠᠳᠠᠪᠠᠰᠢ ᠥᠪᠡᠷᠦᠨ ᠦᠷ᠎ᠡ ᠭᠦᠩᠵᠦ ᠪᠡᠨ ᠥᠭᠪᠡ ᠭᠡᠮᠡᠨ ᠡᠷᠬᠢᠯᠡᠨ ᠡᠷᠭᠦᠭᠰᠡᠨ ᠢᠨᠤ ᠪᠤᠰᠤ ᠶ᠋ᠢ ᠣᠯᠠᠨ ᠢ᠋ᠶ᠋ᠠᠷ ᠮᠡᠳᠡᠭᠳᠡᠬᠦᠢ᠃ ᠰᠦᠯᠲᠠᠨ ᠤ᠋ ᠲᠡᠷᠢᠭᠦᠯᠡᠭᠰᠡᠨ ᠲᠦᠰᠢᠮᠡᠯ ᠰᠤᠷᠬᠠᠨ ᠰᠢᠷ᠎ᠠ ᠲᠡᠢᠰᠢ᠂ ᠣᠯᠬᠣᠨᠤᠳ ᠤ᠋ᠨ ᠦᠨᠳᠦᠰᠦᠨ ᠨᠠᠭᠠᠴᠤ ᠥᠷᠯᠥᠭ ᠨᠣᠶᠠᠨ ᠲᠡᠢᠰᠢ ᠪᠠᠰᠠ ᠤᠯᠬᠣᠨᠤᠳ ᠤ᠋ᠨ ᠦᠨᠳᠦᠰᠦᠨ ᠨᠠᠭᠠᠴᠤ ᠯᠢᠳᠡᠷ ᠰᠡᠴᠡᠨ ᠲᠠᠢᠰᠢ᠂ ᠬᠣᠩᠭᠢᠷᠠᠳ ᠤ᠋ᠨ ᠤᠯᠤᠰ ᠤ᠋ᠨ ᠨᠠᠭᠠᠴᠤ ᠨᠣᠶᠠᠨ ᠳ᠋ᠠᠢ ᠰᠡᠴᠡᠨ ᠲᠡᠢᠰᠢ᠂ ᠣᠷᠢᠶᠠᠩᠬᠠᠨ ᠤ᠋ ᠤᠯᠤᠰ ᠤ᠋ᠨ ᠤᠷᠤᠭ ᠵᠠᠷᠴᠢᠭᠤᠲᠠᠢ ᠮᠡᠷᠭᠡᠨ ᠲᠠᠢᠰᠢ᠂ ᠡᠨᠡ ᠲᠠᠪᠤᠭᠤᠯᠠ ᠶ᠋ᠢ ᠲᠠᠪᠤᠨ ᠲᠠᠢᠰᠢ ᠬᠡᠮᠡᠮᠦᠢ᠃ ᠲᠠᠢᠰᠢ ᠪᠤᠯᠬᠤᠢ ᠶ᠋ᠢᠨ ᠤᠷᠢᠳᠠ ᠴᠤ᠌᠂ ᠴᠡᠳᠢᠭ ᠰᠤᠳᠤᠷ᠎ᠠ ᠲᠠᠪᠤᠨ ᠲᠠᠢᠰᠢ ᠭᠡᠮᠡᠨ ᠡᠨᠡ ᠦᠶ᠎ᠡ ᠶ᠋ᠢᠨ ᠶᠣᠰᠣᠭᠠᠷ ᠲᠣᠪᠴᠢᠶᠠᠯᠠᠨ ᠪᠢᠴᠢᠵᠦᠬᠦᠢ᠃ ᠵᠢᠴᠢ ᠴᠡᠷᠢᠭ ᠦ᠋ᠨ ᠶᠡᠬᠡ ᠵᠢᠨᠦᠩ ᠨᠣᠶᠠᠨ ᠮᠤᠬᠤᠯᠢ ᠶ᠋ᠢᠨ ᠡᠴᠢᠭᠡ ᠳᠡᠯᠭᠡᠳᠦ ᠪᠠᠶᠠᠨ ᠢ᠋ ᠮᠥᠨ ᠬᠦ᠌ < ᠤᠯᠤᠰ ᠤ᠋ᠨ ᠥᠲᠡᠭᠦᠰ ᠭᠦᠸᠧ ᠯᠤᠤ ᠨᠣᠶᠠᠨ >᠂ ᠵᠢᠴᠢ ᠢᠯᠡᠭᠦᠨᠡ ᠶ᠋ᠢᠨ ᠬᠦᠷᠭᠡᠨ ᠲᠠᠪᠤᠨᠠᠩ ᠹᠦᠮᠠ ᠨᠣᠶᠠᠨ ᠤ᠋ ᠠᠪᠠᠭ᠎ᠠ ᠶᠠᠪᠤᠴᠢᠲᠠᠢ ᠨᠣᠶᠠᠨ ᠢ᠋ ᠮᠥᠨ < ᠤᠯᠤᠰ ᠤ᠋ᠨ ᠥᠲᠡᠭᠦᠰ ᠭᠦᠸᠧ ᠯᠤᠤ ᠨᠣᠶᠠᠨ > ᠬᠡᠮᠡᠪᠡᠢ᠃ ᠡᠨᠡ ᠬᠤᠷᠪᠠᠭᠤᠯᠠ ᠶ᠋ᠢ ᠤᠯᠤᠰ ᠤ᠋ᠨ ᠭᠤᠷᠪᠠᠨ ᠥᠲᠡᠭᠦᠰ ᠨᠣᠶᠠᠨ ᠭᠡᠮᠡᠨ ᠵᠡᠷᠭᠡ ᠬᠤᠪᠢ ᠵᠢᠭᠰᠠᠭᠠᠯ ᠳᠡᠮᠵᠢᠶᠡᠯᠭᠡ ᠱᠠᠩᠨᠠᠨ ᠡᠷᠭᠦᠮᠵᠢᠯᠡᠪᠡ᠃ ᠵᠢᠴᠢ ᠵᠠᠯᠠᠢᠳ ᠤ᠋ᠨ ᠬᠦᠯᠦᠭ ᠨᠣᠶᠠᠨ᠂ ᠴᠡᠷᠢᠭ ᠦ᠋ᠨ ᠶᠡᠬᠡ ᠵᠢᠨᠦᠩ ᠮᠤᠬᠤᠯᠢ ᠶ᠋ᠢ ᠡᠷᠭᠦᠨ ᠪᠠᠷᠢᠯᠳᠤᠵᠤ ᠨᠠᠭᠠᠳᠤᠨ ᠪᠠᠭᠠᠲᠤᠷ ᠢ᠋ ᠠᠨᠤ ᠲᠠᠨᠢᠵᠤ ᠪᠠᠬᠠᠷᠬᠠᠨ ᠬᠡᠯᠡᠯᠴᠡᠭᠰᠡᠭᠡᠷ ᠬᠡᠴᠡᠭᠦᠦ ᠶ᠋ᠢ ᠢᠨᠤ ᠮᠡᠳᠡᠨ ᠨᠠᠰᠤᠨ ᠳᠡᠭᠦᠦ ᠪᠣᠯᠪᠠᠴᠤ ᠨᠠᠳᠠ ᠠ᠋ᠴᠠ ᠮᠡᠷᠭᠡᠨ ᠪᠠᠭᠠᠲᠤᠷ ᠂ ᠨᠠᠢᠷ ᠦᠭᠡᠢ ᠪᠥᠭᠡᠲᠡᠯ᠎ᠡ ᠨᠠᠮᠠᠶᠢ ᠲᠠᠨᠢᠵᠤ ᠤᠷᠢᠳᠠ ᠳᠠᠭᠠᠭᠰᠠᠨ᠂ ᠨᠠᠴᠢᠨ ᠰᠢᠪᠠᠭᠤ ᠮᠡᠲᠦ ᠪᠦᠳᠦᠭᠦᠨ ᠠᠷᠭ᠎ᠠ ᠬᠦᠴᠦᠲᠦ᠂ ᠨᠠᠷᠠᠨ ᠮᠡᠲᠦ ᠬᠤᠷᠴᠠ ᠰᠠᠷᠠᠨ ᠠᠳᠠᠯᠢ ᠭᠡᠭᠡᠬᠡᠨ ᠵᠢᠨᠦᠩ ᠮᠢᠨᠦ ᠭᠡᠮᠡᠨ < ᠲᠠᠢᠪᠤᠤ ᠶᠡᠬᠡ ᠲᠦᠰᠢᠮᠡᠯ > ᠪᠥᠭᠡᠳ < ᠬᠦᠩ > ᠦ᠋ᠨ ᠴᠣᠯᠠ ᠬᠠᠪᠰᠤᠷᠭᠠᠨ᠂ ᠮᠢᠩᠭᠠᠨ ᠡᠷᠦᠬᠡ ᠶ᠋ᠢᠨ ᠡᠵᠡᠨ ᠨᠣᠶᠠᠨ ᠪᠥᠭᠡᠳ ᠲᠠᠭᠠᠴᠠᠭᠰᠠᠨ ᠦᠭᠡᠢ ᠡᠵᠡᠨ ᠦ᠌ ᠶᠠᠪᠤᠳᠠᠯ ᠦᠢᠯᠡᠰ ᠢ᠋ ᠲᠠᠪᠠ ᠪᠠᠷ ᠪᠤᠷᠤᠭᠤᠰᠢᠶᠠᠨ ᠬᠣᠷᠢᠭᠯᠠᠨ ᠠᠢᠯᠠᠳᠬᠠᠭᠴᠢ ᠶᠡᠬᠡ ᠬᠠᠰᠢᠶ᠎ᠠ ᠲᠥᠰᠢᠶ᠎ᠡ ᠲᠦᠰᠢᠮᠡᠯ᠃ ᠬᠠᠭᠠᠨ ᠤ᠋ ᠪᠡᠶ᠎ᠡ ᠳ᠋ᠦ᠍ᠷ ᠬᠠᠵᠠᠭᠠᠢ ᠦᠢᠯᠡᠰ ᠭᠠᠷᠪᠠᠰᠤ ᠂ ᠬᠠᠰᠢᠯᠭ᠎ᠠ ᠰᠠᠢᠳ ᠯᠤᠭ᠎ᠠ ᠬᠠᠭᠠᠰ ᠶᠠᠯ᠎ᠠ ᠶ᠋ᠢ ᠬᠡᠯᠡᠯᠴᠡᠬᠦ ᠪᠣᠯᠤᠮᠤᠢ 》ᠭᠡᠮᠡᠨ ᠬᠠᠰ ᠬᠤᠨᠳᠠᠭᠠᠲᠤ ᠬᠣᠣᠷᠠᠵᠠ ᠶ᠋ᠢ ᠮᠣᠳᠣᠷ ᠢ᠋ᠶ᠋ᠠᠷ ᠬᠠᠢᠷᠠᠯᠠᠨ 《ᠬᠠᠳ ᠡᠵᠡᠳ ᠨᠣᠶᠠᠳ ᠲᠦᠰᠢᠮᠡᠳ ᠬᠡᠨ ᠡᠴᠡ ᠴᠦ᠍ ᠰᠠᠭᠤᠳᠠᠯ ᠦᠯᠦ ᠪᠣᠰᠤᠨ ᠂ ᠨᠡᠷ᠎ᠡ ᠶ᠋ᠢ ᠦᠯᠦ ᠨᠡᠷᠡᠯᠡᠭᠲᠦᠨ 》ᠬᠡᠮᠡᠪᠡᠢ᠃ ᠵᠢᠴᠢ ᠠᠷᠯᠤᠳ ᠤ᠋ᠨ ᠬᠦᠯᠦᠭ ᠨᠣᠶᠠᠨ ᠲᠥᠷᠥ ᠶ᠋ᠢᠨ ᠶᠡᠬᠡ ᠵᠠᠩᠵᠤᠨ ᠪᠤᠭᠤᠷᠵᠢ ᠶ᠋ᠢ ᠡᠷᠭᠦᠮᠵᠢᠯᠡᠭᠰᠡᠨ ᠢᠨᠤ᠄ 《ᠨᠠᠢ᠍ᠮᠠᠨ ᠠᠭᠲᠠ ᠶ᠋ᠢᠨ ᠳᠥᠷᠪᠡᠨ ᠬᠤᠯᠠᠭᠠᠢ ᠶ᠋ᠢ ᠬᠢᠳᠤᠭᠰᠠᠨ ᠨᠠᠰᠤᠨ ᠳᠡᠭᠦᠦ ᠪᠥᠭᠡᠲᠡᠯ᠎ᠡ ᠂ ᠨᠠᠳᠠ ᠠ᠋ᠴᠠ ᠤᠬᠠᠭᠠᠨᠲᠠᠢ ᠪᠠᠭᠠᠲᠤᠷ ᠃ ᠨᠢᠰᠬᠦ ᠪᠠᠷᠰ ᠮᠡᠲᠦ ᠂ ᠨᠡᠰᠢ ᠴᠠᠰᠢ ᠪᠠᠷᠠᠲᠠᠯ᠎ᠠ ᠠᠯᠠᠭᠰᠠᠨ ᠂ ᠨᠠᠷᠠᠰᠤ ᠮᠡᠲᠦ ᠪᠠᠲᠤ ᠂ ᠮᠠᠢᠯᠠᠰᠤ ᠠᠳᠠᠯᠢ ᠵᠠᠩᠲᠤ ᠵᠠᠩᠵᠤᠨ ᠮᠢᠨᠦ 》ᠭᠡᠮᠡᠨ 《ᠲᠠᠢᠪᠤᠤ ᠶᠡᠬᠡ ᠲᠦᠰᠢᠮᠡᠯ 》ᠪᠥᠭᠡᠳ 《ᠬᠦᠩ 》 ᠦ᠋ᠨ ᠴᠣᠯᠠ ᠬᠠᠪᠰᠤᠷᠭᠠᠨ ᠂ 《ᠮᠢᠩᠭᠠᠨ ᠡᠷᠦᠬᠡ ᠶ᠋ᠢᠨ ᠡᠵᠡᠨ ᠨᠣᠶᠠᠨ 》ᠪᠥᠭᠡᠳ ᠪᠠᠰᠠ ᠡᠵᠡᠨ ᠬᠠᠭᠠᠨ ᠤ᠋ ᠡᠰᠡ ᠵᠣᠬᠢᠴᠠᠭᠰᠠᠨ ᠬᠡᠷᠡᠭ ᠦᠢᠯᠡᠰ ᠢ᠋ ᠵᠣᠷᠢᠭ ᠢ᠋ᠶ᠋ᠠᠷ ᠪᠤᠷᠤᠭᠤᠰᠢᠶᠠᠨ ᠬᠣᠷᠢᠭᠯᠠᠨ ᠠᠢᠯᠠᠳᠬᠠᠭᠴᠢ ᠶᠡᠬᠡ ᠬᠠᠰᠢᠶ᠎ᠠ ᠲᠥᠰᠢᠶ᠎ᠡ ᠲᠦᠰᠢᠮᠡᠯ ᠂ ᠬᠠᠭᠠᠨ ᠤ᠋ ᠪᠡᠶ᠎ᠡ ᠳ᠋ᠦ᠍ᠷ ᠬᠠᠵᠠᠭᠠᠢ ᠦᠢᠯᠡᠰ ᠭᠠᠷᠪᠠᠰᠤ ᠂ ᠬᠠᠮᠵᠢᠭᠴᠢ ᠰᠠᠢᠳ ᠯᠤᠭ᠎ᠠ ᠬᠠᠪᠰᠤᠵᠤ ᠶᠠᠯ᠎ᠠ ᠶ᠋ᠢ ᠬᠡᠯᠡᠯᠴᠡᠬᠦ ᠪᠣᠯᠤᠮᠤᠢ ᠭᠡᠮᠡᠨ ᠬᠠᠰ ᠴᠥ᠋ᠬᠥᠴᠡᠲᠦ ᠰᠠᠷᠬᠤᠳ ᠢ᠋ ᠮᠣᠳᠣᠷ ᠢ᠋ᠶ᠋ᠠᠷ ᠬᠠᠢᠷᠠᠯᠠᠨ᠂ ᠬᠠᠳ ᠡᠵᠡᠳ ᠨᠣᠶᠠᠳ ᠲᠦᠰᠢᠮᠡᠳ ᠬᠡᠨ ᠡᠴᠡ ᠴᠦ᠍ ᠰᠠᠭᠤᠳᠠᠯ ᠦᠯᠦ ᠪᠣᠰᠤᠨ ᠂ ᠪᠤᠰᠤᠳ ᠬᠥᠮᠦᠨ ᠨᠡᠷ᠎ᠡ ᠶ᠋ᠢ ᠢᠨᠤ ᠴᠡᠭᠡᠷᠯᠡᠭᠲᠦᠨ ᠬᠡᠮᠡᠪᠡᠢ᠃ ᠵᠢᠴᠢ ᠦᠬᠦᠰᠢᠨ ᠦ᠌ ᠬᠦᠯᠦᠭ ᠨᠣᠶᠠᠨ ᠂ ᠵᠡᠭᠦᠨ ᠡᠲᠡᠭᠡᠳ ᠦ᠋ᠨ ᠮᠥᠷᠥ ᠶ᠋ᠢᠨ ᠶᠡᠬᠡ ᠵᠠᠩᠵᠤᠨ ᠪᠤᠭᠤᠷᠤᠯ ᠳ᠋ᠤᠷ ᠠᠷᠢᠬᠢ ᠬᠠᠢᠷᠠᠯᠠᠨ ᠵᠠᠷᠯᠢᠭ ᠪᠣᠯᠤᠷᠤᠨ᠄
《ᠲᠣᠯᠣᠭᠠᠢ ᠳ᠋ᠠᠭᠠᠨ ᠵᠡᠪᠡ ᠬᠠᠲᠠᠵᠤ᠂ ᠲᠣᠬᠣᠮ ᠢ᠋ᠶ᠋ᠠᠷ ᠬᠠᠪᠬᠠᠯᠠᠭᠰᠠᠨ᠂ ᠳᠠᠢᠰᠤᠨ ᠪᠦᠭᠦᠳᠡ ᠶ᠋ᠢ ᠲᠣᠪᠷᠠᠭ ᠪᠣᠯᠭᠠᠨ ᠪᠠᠢᠯᠳᠤᠨ ᠳᠠᠷᠤᠭᠰᠠᠨ ᠲᠤᠵᠢ ᠲᠣᠭᠮᠣᠭ ᠤ᠋ᠨ ᠣᠯᠠᠨ ᠠᠢᠮᠠᠭ ᠢ᠋ ᠲᠣᠭᠣᠰᠣᠨ ᠦᠭᠡᠢ ᠪᠣᠯᠭᠠᠭᠰᠠᠨ᠂ ᠲᠣᠳᠣᠷᠬᠠᠢ ᠪᠠᠭᠠᠲᠤᠷ ᠲᠤᠤᠰ ᠬᠠᠳᠠᠮ ᠤ᠋ᠨ ᠲᠤᠰᠠᠯᠠᠨ ᠲᠡᠳᠬᠦᠭᠴᠢ ᠰᠠᠢᠳ ᠮᠢᠨᠦ 》ᠭᠡᠮᠡᠨ ᠂ ᠶᠡᠬᠡ 《ᠲᠠᠢᠪᠤᠤ 》ᠲᠦᠰᠢᠮᠡᠯ ᠪᠥᠭᠡᠳ 《ᠬᠦᠩ 》 ᠦ᠋ᠨ ᠴᠣᠯᠠ ᠬᠠᠪᠰᠤᠷᠭᠠᠨ ᠂ ᠮᠢᠩᠭᠠᠨ ᠡᠷᠦᠬᠡ ᠶ᠋ᠢᠨ ᠡᠵᠡᠯᠡᠭᠴᠢ ᠨᠣᠶᠠᠨ᠂ ᠡᠵᠡᠨ ᠢ᠋ ᠢᠳᠬᠠᠭᠴᠢ ᠬᠠᠭᠠᠨ ᠡᠵᠡᠨ ᠦ᠌ ᠬᠠᠰᠢᠯᠭ᠎ᠠ ᠲᠦᠰᠢᠯᠭᠡ ᠳᠠᠢᠪᠠᠩ ᠪᠥᠭᠡᠳ ᠬᠠᠰ ᠲᠥᠷᠥ ᠶ᠋ᠢᠨ ᠬᠠᠮᠤᠭ ᠤ᠋ᠨ ᠳᠡᠭᠡᠷ᠎ᠡ ᠡᠵᠡᠨ ᠢ᠋ ᠰᠠᠬᠢᠭᠴᠢ ᠬᠠᠮᠵᠢᠯᠭ᠎ᠠ᠃ ᠵᠢᠴᠢ ᠰᠦᠯᠲᠠᠨ ᠤ᠋ ᠬᠦᠯᠦᠭ ᠨᠣᠶᠠᠨ ᠪᠠᠷᠠᠭᠤᠨ ᠡᠲᠡᠭᠡᠳ ᠦ᠋ᠨ ᠮᠥᠷᠥ ᠶ᠋ᠢᠨ ᠶᠡᠬᠡ ᠵᠠᠩᠵᠤᠨ ᠴᠢᠯᠠᠭᠤᠨ ᠳ᠋ᠤᠷ ᠠᠷᠢᠬᠢ ᠬᠠᠢᠷᠠᠯᠠᠨ ᠵᠠᠷᠯᠢᠭ ᠪᠣᠯᠤᠷᠤᠨ᠄
《ᠡᠷᠳᠡᠨᠢ ᠶ᠋ᠢᠨ ᠰᠠᠷᠢᠶ᠎ᠠ ᠪᠠᠷ ᠭᠡᠨᠵᠢ ᠶ᠋ᠢ ᠲᠠᠰᠤ ᠬᠡᠮᠬᠡ ᠴᠠᠪᠴᠢᠭᠰᠠᠨ᠂ ᠡᠷ᠎ᠡ ᠬᠦᠴᠦᠨ ᠢ᠋ᠶ᠋ᠡᠷ ᠮᠡᠭᠵᠢᠨ ᠰᠡᠭᠦᠯ ᠢ᠋ ᠡᠪᠴᠢᠭᠦᠦ ᠪᠡᠷ ᠨᠡᠪᠲᠡ ᠵᠢᠳᠠᠯᠠᠭᠰᠠᠨ᠂ ᠡᠰᠡᠷᠭᠦᠴᠡᠯ ᠦ᠋ᠨ ᠳᠣᠲᠣᠷ᠎ᠠ ᠡᠩ ᠦ᠋ᠨ ᠭᠠᠵᠠᠷ᠎ᠠ ᠶᠠᠪᠤᠬᠤ ᠮᠡᠲᠦ ᠪᠠᠢᠯᠳᠤᠭᠴᠢ᠂ ᠡᠷᠡᠮᠡᠭ ᠰᠢᠷᠭ᠎ᠠ ᠪᠠᠨ ᠡᠮᠡᠭᠡᠯᠯᠡᠨ ᠥᠭᠴᠦ ᠡᠪᠰᠡᠨ ᠬᠠᠪᠰᠤᠭᠰᠠᠨ ᠲᠤᠰᠠᠯᠠᠭᠴᠢ 》ᠭᠡᠮᠡᠨ ᠶᠡᠬᠡ《ᠲᠠᠢᠪᠤᠤ 》ᠲᠦᠰᠢᠮᠡᠯ ᠪᠥᠭᠡᠳ《ᠬᠦᠩ 》 ᠦ᠋ᠨ ᠴᠣᠯᠠ ᠬᠠᠪᠰᠤᠷᠭᠠᠨ᠂ ᠮᠢᠩᠭᠠᠨ ᠡᠷᠦᠬᠡ ᠶ᠋ᠢᠨ ᠡᠵᠡᠯᠡᠭᠴᠢ ᠨᠣᠶᠠᠨ᠂ ᠡᠵᠡᠨ ᠢ᠋ ᠢᠳᠬᠠᠭᠴᠢ ᠬᠠᠭᠠᠨ ᠡᠵᠡᠨ ᠤ ᠬᠠᠰᠢᠯᠭ᠎ᠠ ᠲᠦᠰᠢᠯᠭᠡ ᠳᠠᠢᠪᠠᠩ ᠪᠥᠭᠡᠳ ᠬᠠᠰ ᠲᠥᠷᠥ ᠶ᠋ᠢᠨ ᠬᠠᠮᠤᠭ ᠤ᠋ᠨ ᠳᠡᠭᠡᠷ᠎ᠡ ᠡᠵᠡᠨ ᠦ᠌ ᠰᠠᠬᠢᠭᠴᠢ ᠬᠠᠮᠵᠢᠯᠭ᠎ᠠ ᠬᠡᠮᠡᠵᠦᠬᠦᠢ᠃
ᠲᠡᠨᠳᠡᠴᠡ ᠲᠠᠪᠤᠨ ᠲᠡᠢᠰᠢ ᠂ ᠳᠣᠯᠣᠭᠠᠨ ᠳᠠᠢᠪᠠᠩ ᠢ᠋ ᠡᠷᠭᠦᠮᠵᠢᠯᠡᠨ ᠪᠠᠷᠠᠲᠠᠯ᠎ᠠ ᠤᠯᠠᠭᠠᠨ ᠨᠠᠷᠠᠨ ᠥᠨᠳᠥᠷ ᠮᠠᠨᠳᠤᠨ᠂ ᠵᠠᠭᠤᠨ ᠲᠡᠮᠳᠡᠭ ᠮᠢᠩᠭᠠᠨ ᠳᠣᠬᠢᠶ᠎ᠠ ᠵᠡᠷᠭᠡ ᠪᠡᠷ ᠲᠠᠯᠪᠢᠨ᠂ ᠬᠣᠷᠢᠨ ᠳᠥᠷᠪᠡᠨ ᠬᠣᠷᠢᠶᠠᠨ ᠤ᠋ ᠲᠡᠭᠷᠢ ᠶ᠋ᠢᠨ ᠬᠥᠭᠵᠢᠮ ᠡᠭᠦᠰᠬᠡᠨ᠂
ᠬᠠᠭᠠᠨ ᠡᠵᠡᠨ ᠢ᠋ ᠬᠠᠮᠤᠭ ᠨᠣᠶᠠᠨ ᠢ᠋ᠶ᠋ᠠᠷ ᠬᠠᠰᠢᠵᠤ ᠬᠠᠮᠵᠢᠨ
ᠬᠠᠰ ᠶᠡᠬᠡ ᠲᠥᠷᠥ ᠶ᠋ᠢᠨ ᠮᠠᠨᠳᠠᠯ ᠠ᠋ᠴᠠ ᠵᠠᠯᠠᠨ ᠪᠠᠭᠤᠯᠭᠠᠨ᠂
ᠬᠠᠮᠤᠭ ᠤ᠋ᠨ ᠡᠮᠡᠭᠡ ᠶ᠋ᠢ ᠲᠡᠢ ᠴᠢᠩ ᠲᠠᠢᠬᠡᠦ ᠶ᠋ᠢ ᠲᠠᠪᠴᠠᠩ ᠳ᠋ᠤᠷ ᠵᠠᠯᠠᠵᠤ
ᠬᠠᠭᠠᠨ ᠬᠠᠲᠤᠨ ᠢ᠋ᠶ᠋ᠠᠷ ᠬᠠᠮᠤᠭ ᠤᠯᠤᠰ ᠤ᠋ᠨ ᠬᠣᠲᠠᠯᠠᠭᠠᠷ ᠢ᠋ᠶ᠋ᠠᠨ ᠠᠪᠴᠤ᠂
ᠬᠠᠩᠭᠠᠷᠢᠰᠤᠨ ᠬᠥᠩᠭᠢᠷᠡᠰᠦᠨ ᠶᠢᠰᠦᠨ ᠳᠡᠭᠲᠡᠷ ᠳᠦᠭᠦᠷᠲᠡᠯ᠎ᠡ ᠴᠤᠭᠯᠠᠨ
ᠬᠠᠪᠤᠷᠤᠨ ᠵᠦᠯᠭᠡ ᠳ᠋ᠦ᠍ᠷ ᠲᠠᠵᠢ ᠮᠠᠩᠨᠤᠭ ᠨᠢᠳᠦᠨ ᠢ᠋ ᠭᠢᠯᠠᠰᠬᠠᠨ᠂
ᠬᠠᠳᠠᠮᠠᠯ ᠰᠤᠪᠤᠳ ᠤ᠋ᠨ ᠬᠠᠵᠢᠯᠭᠠᠲᠤ ᠠᠯᠲᠠᠨ ᠯᠤᠤ ᠶ᠋ᠢᠨ ᠣᠯᠪᠣᠭ ᠲᠤᠷ
ᠬᠠᠭᠠᠨ ᠴᠢᠩᠭᠢᠰ ᠪᠣᠭᠳᠠ ᠬᠣᠣᠰ ᠡᠪᠦᠳᠦᠭ ᠢ᠋ᠶ᠋ᠡᠷ ᠰᠥᠭᠥᠳᠴᠦ᠂
ᠬᠠᠢᠷᠠᠯᠠᠭᠰᠠᠨ ᠬᠤᠷᠮᠤᠰᠲᠠ ᠲᠡᠭᠷᠢ ᠶ᠋ᠢᠨ ᠷᠠᠰᠢᠶᠠᠨ ᠢ᠋ ᠡᠷᠭᠦᠨ ᠪᠠᠷᠢᠵᠤ
ᠬᠠᠮᠲᠤ ᠴᠤᠭᠭᠠᠷ ᠲᠡᠷᠢᠭᠦᠨ ᠪᠥᠬᠥᠢᠵᠦ ᠨᠢᠭᠡᠨᠲᠡ ᠮᠥᠷᠭᠥᠭᠡᠳ᠂
ᠬᠠᠭᠠᠨ ᠲᠠᠢᠽᠦ ᠬᠠᠵᠢᠯᠭ᠎ᠠ ᠯᠤᠤ ᠶ᠋ᠢᠨ ᠨᠢᠳᠤᠷᠭ᠎ᠠ ᠶᠤᠭᠠᠨ ᠪᠠᠭᠤᠯᠭᠠᠵᠤ
ᠬᠠᠰ ᠠᠮᠠᠨ ᠥᠪᠡᠷ ᠢ᠋ᠶ᠋ᠡᠨ ᠡᠢᠨ ᠭᠡᠮᠡᠨ ᠪᠡᠯᠡᠭᠯᠡᠨ ᠠᠢᠯᠠᠳᠬᠠᠷᠤᠨ᠄
ᠠᠯᠲᠠᠨ ᠡᠬᠡ ᠶ᠋ᠢᠨ ᠠᠷᠪᠠᠨ ᠰᠠᠷ᠎ᠠ ᠠᠴᠢᠵᠤ ᠬᠣᠷᠢᠨ ᠰᠠᠷ᠎ᠠ ᠬᠣᠷᠮᠣᠢᠯᠠᠵᠤ
ᠠᠰᠠᠷᠠᠨ ᠨᠢᠭᠦᠯᠡᠰᠬᠦᠢ ᠬᠥᠮᠦᠵᠢᠭᠦᠯᠦᠨ ᠲᠡᠵᠢᠭᠡᠭᠰᠡᠨ ᠠᠴᠢ ᠬᠡᠮᠡᠭᠴᠢ ᠶ᠋ᠢ
ᠠᠰᠠᠩᠭᠢ ᠲᠢᠪ ᠲᠣᠷ ᠠᠯᠲᠠᠨ ᠢ᠋ᠶ᠋ᠠᠷ ᠳᠦᠭᠦᠷᠲᠡᠯ᠎ᠡ ᠣᠪᠣᠭᠠᠯᠠᠪᠠᠴᠤ
ᠠᠴᠢ ᠡᠨᠡᠷᠢᠯ ᠳ᠋ᠦ᠍ᠷ ᠬᠠᠷᠢᠭᠤᠯᠠᠨ ᠴᠢᠳᠠᠬᠤ ᠬᠠᠮᠢᠭ᠎ᠠ ᠪᠠᠢᠬᠤ ᠠᠵᠢ᠃
ᠠᠯᠮᠠᠰ ᠤ᠋ᠨ ᠬᠡᠮᠬᠡᠷᠬᠡᠢ ᠬᠢᠴᠢ ᠶ᠋ᠢᠨ ᠦᠷ᠎ᠡ ᠶ᠋ᠢᠨ ᠲᠡᠳᠦᠢᠬᠡᠨ ᠢ᠋ᠶ᠋ᠡᠷ
ᠠᠴᠢᠯᠠᠯ ᠲᠠᠬᠢᠮᠳᠠᠭᠤ ᠶ᠋ᠢᠨ ᠲᠡᠮᠳᠡᠭ ᠦ᠋ᠨ ᠲᠡᠳᠦᠢᠬᠡᠨ ᠢ᠋ ᠮᠥᠷᠳᠡᠬᠦᠶᠡ
ᠠᠭᠠᠷ ᠠ᠋ᠴᠠ ᠪᠠᠭᠤᠭᠰᠠᠨ ᠲᠡᠭᠷᠢ ᠶ᠋ᠢᠨ ᠰᠢᠮ᠎ᠡ ᠤᠮᠳᠠ ᠶ᠋ᠢ ᠪᠠᠷᠢᠵᠤ
ᠠᠰᠠᠷᠠᠯᠲᠤ ᠵᠠᠷᠯᠢᠭ ᠢ᠋ᠶ᠋ᠠᠷ ᠬᠠᠭᠠᠨ ᠪᠣᠯᠭᠠᠭᠰᠠᠨ ᠬᠡᠰᠢᠭ ᠲᠣᠷ ᠮᠥᠷᠭᠥᠮᠦ᠃
ᠠᠯᠲᠠᠨ ᠥᠩᠭᠡᠲᠦ ᠪᠠᠷᠠᠷᠠᠩᠭᠤᠢ ᠴᠠᠭᠠᠨ ᠰᠦᠯᠳᠡ ᠲᠩᠷᠢ ᠳ᠋ᠦ᠍ᠷ ᠠᠭᠤᠯᠵᠠᠭᠰᠠᠨ
ᠠᠮᠢᠳᠤ ᠪᠣᠭᠳᠠ ᠡᠬᠡ ᠲᠠᠢᠬᠡᠦ ᠶ᠋ᠢᠨ ᠠᠯᠲᠠᠨ ᠥᠯᠮᠡᠢ ᠪᠠᠲᠤᠳᠲᠤᠭᠠᠢ ᠭᠡᠮᠡᠨ
ᠠᠷᠪᠠᠨ ᠭᠠᠵᠠᠷ ᠤ᠋ᠨ ᠲᠠᠯ᠎ᠠ ᠶ᠋ᠢ ᠪᠥᠬᠥᠭᠰᠡᠨ ᠨᠠᠷᠮᠠᠢ ᠶᠡᠬᠡ ᠣᠯᠠᠨ ᠢ᠋ᠶ᠋ᠠᠷ
ᠠᠶᠠᠯᠭᠤ ᠶ᠋ᠢ ᠳ᠋ᠡᠭᠡᠨ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠪᠡᠢ᠃
ᠠᠯᠲᠠᠨ ᠡᠬᠡ ᠠᠶᠠᠷᠬᠠᠨ ᠠᠢᠯᠠᠳᠴᠤ ᠠᠩᠬᠠᠷᠤᠨ ᠦᠵᠡᠪᠡᠰᠦ
ᠠᠷᠪᠠᠨ ᠭᠠᠵᠠᠷ ᠤ᠋ᠨ ᠲᠠᠭᠠᠯᠠᠮᠵᠢᠲᠤ ᠬᠠᠪᠤᠷᠤᠨ ᠬᠥᠬᠡ ᠵᠦᠯᠭᠡ ᠶ᠋ᠢᠨ ᠬᠥᠷᠥᠰᠥ ᠶ᠋ᠢ
ᠠᠯᠠᠭ ᠪᠤᠯᠠᠭ ᠲᠠᠵᠢ ᠮᠠᠩᠨᠤᠭ ᠢ᠋ᠶ᠋ᠠᠷ ᠠᠯᠠᠭᠯᠠᠨ ᠪᠦᠷᠬᠦᠭᠰᠡᠨ ᠮᠡᠲᠦ᠃
ᠠᠯᠢᠪᠠ ᠪᠦᠭᠦᠳᠡᠭᠡᠷ ᠲᠦᠮᠡᠨ ᠨᠠᠰᠤᠲᠤ ᠲᠠᠢᠬᠡᠦ ᠪᠣᠭᠳᠠ ᠭᠡᠮᠡᠨ ᠮᠥᠷᠭᠥᠬᠦᠶ᠎ᠡ
ᠠᠭᠠᠷ ᠤ᠋ᠨ ᠷᠠᠰᠢᠶᠠᠨ ᠤᠮᠳᠠᠨ ᠢ᠋ ᠠᠮᠰᠠᠨ ᠵᠣᠭᠣᠭᠯᠠᠨ ᠠᠵᠤ
ᠠᠩᠭᠢᠳᠠ ᠰᠠᠢᠬᠠᠨ ᠰᠣᠨᠢᠨ ᠪᠠᠶᠠᠰᠬᠤᠯᠠᠩ ᠲᠥᠷᠥᠵᠦ ᠵᠠᠷᠯᠢᠭ ᠪᠣᠯᠤᠷᠤᠨ᠂
ᠠᠯᠲᠠᠨ ᠥᠩᠭᠡᠲᠦ ᠪᠠᠳᠠᠷᠠᠩᠭᠤᠢ ᠴᠠᠭᠠᠨ ᠰᠦᠯᠳᠡ ᠲᠩᠷᠢ ᠳ᠋ᠦ᠍ᠷ
ᠠᠭᠤᠯᠵᠠᠨ ᠵᠣᠯᠭᠠᠭᠰᠠᠨ ᠠᠳᠠᠪᠠᠰᠢ ᠬᠠᠷᠢᠨ ᠴᠢᠩ ᠦᠨᠡᠨ ᠬᠡᠷᠡᠭ᠃
ᠠᠷᠭ᠎ᠠ ᠬᠦᠴᠦᠲᠦ ᠂ ᠪᠠᠭᠠᠲᠤᠷ ᠡᠵᠡᠨ ᠴᠦ᠍ ᠮᠠᠰᠢᠳᠠ ᠠᠢᠯᠠᠳᠤᠮᠤᠢ ᠃
ᠠᠴᠢᠯᠠᠯᠲᠤ ᠲᠡᠮᠦᠵᠢᠨ ᠮᠠᠭᠠᠳ ᠲᠡᠭᠷᠢ ᠶ᠋ᠢᠨ ᠦᠷ᠎ᠡ ᠲᠣᠳᠣᠷᠬᠠᠢ ᠮᠥᠨ
ᠠᠯᠲᠠᠨ ᠶᠠᠰᠤᠲᠤ ᠂ ᠬᠢᠶᠠᠳ ᠢᠵᠠᠭᠤᠷ ᠤ᠋ᠨ ᠬᠠᠭᠠᠨ ᠬᠥᠪᠡᠭᠦᠨ ᠴᠢ ᠪᠡᠷ
ᠠᠯᠢᠯᠠ ᠨᠣᠶᠠᠳ ᠲᠦᠰᠢᠮᠡᠯ ᠰᠡᠴᠡᠳ ᠪᠠᠭᠠᠲᠤᠳ ᠴᠡᠷᠢᠭ ᠢᠷᠭᠡᠨ ᠳ᠋ᠡᠭᠡᠨ ᠬᠦᠷᠲᠡᠯ᠎ᠡ
ᠠᠷᠢᠯᠤᠭᠰᠠᠨ ᠣᠭᠲᠠᠷᠭᠤᠢ ᠶ᠋ᠢᠨ ᠨᠠᠷᠠᠨ ᠰᠠᠷᠠᠨ ᠮᠡᠲᠦ ᠬᠤᠷᠴᠠ ᠭᠡᠭᠡᠬᠡᠨ ᠢ᠋ᠶ᠋ᠡᠷ
ᠠᠪᠤᠷᠭᠤ ᠠᠷᠢᠯᠭᠠᠬᠤ ᠶ᠋ᠢ ᠠᠰᠢᠳᠠ ᠡᠷᠬᠡᠪᠰᠢ ᠴᠢᠩ ᠦᠨᠡᠨᠡ ᠬᠦᠷᠦᠭᠦᠯ᠃
ᠠᠯᠤᠰᠳᠠ ᠡᠮᠢᠶᠡᠨ ᠳᠥᠴᠢᠨ ᠲᠠᠪᠤᠨ ᠵᠢᠯ ᠪᠣᠯᠤᠭᠰᠠᠨ ᠪᠣᠯᠪᠠᠴᠤ ᠪᠠᠷ
ᠠᠩᠬ᠎ᠠ ᠡᠯᠦᠨᠴᠡ ᠶᠦ᠍ᠭᠡᠨ ᠬᠠᠭᠠᠨ ᠲᠥᠷᠥ ᠶ᠋ᠢ ᠳᠠᠬᠢᠨ ᠪᠠᠢᠭᠤᠯᠵᠤ ᠴᠢᠳᠠᠭᠰᠠᠨᠠ
ᠠᠷᠢᠭᠤᠨ ᠢᠵᠠᠭᠤᠷᠲᠤ ᠬᠠᠳᠠᠮ ᠤ᠋ᠨ ᠬᠠᠳ ᠲᠤᠷ
ᠠᠴᠢᠯᠠᠯᠲᠠᠢ ᠪᠡᠷᠢ ᠪᠣᠯᠭᠠᠪᠠ ᠨᠠᠮᠠᠶᠢ ᠠᠰᠢᠳᠠ ᠶ᠋ᠢᠨ
ᠠᠯᠲᠠᠨ ᠤ᠋ ᠨᠠᠪᠴᠢ ᠬᠠᠰ ᠤ᠋ᠨ ᠰᠠᠯᠠᠭ᠎ᠠ ᠴᠢᠨᠦ ᠵᠠᠯᠭᠠᠮᠵᠢᠯᠠᠨ ᠳᠡᠯᠭᠡᠷᠡᠲᠦᠭᠡᠢ᠃
ᠰᠠᠢᠨ ᠡᠵᠡᠨ ᠳ᠋ᠦ᠍ᠷ ᠤᠴᠠᠷᠠᠭᠰᠠᠨ ᠢ᠋ᠶ᠋ᠠᠷ ᠴᠢᠨᠳᠠᠮᠠᠨᠢ ᠡᠷᠳᠡᠨᠢᠲᠦ
ᠼᠠᠮᠠᠭᠠ ᠰᠡᠴᠢᠭ ᠢ᠋ᠶ᠋ᠡᠷ ᠵᠢᠷᠭᠠᠯᠤᠭᠠ ᠪᠢ ᠃
ᠰᠠᠢᠨ ᠬᠥᠪᠡᠭᠦᠨ ᠢ᠋ ᠲᠥᠷᠥᠭᠰᠡᠨ ᠢ᠋ᠶ᠋ᠡᠷ ᠰᠠᠨᠰᠠᠷ ᠳᠡᠯᠡᠬᠡᠢ ᠶ᠋ᠢ ᠡᠵᠡᠯᠡᠭᠰᠡᠨ
ᠰᠠᠺᠡᠷᠸᠠᠳᠢ ᠬᠠᠭᠠᠨ ᠤ᠋ ᠡᠬᠡ ᠪᠣᠯᠪᠠ ᠪᠢ ᠃
ᠰᠠᠨᠠᠭ᠎ᠠ ᠣᠯᠠᠨ ᠡᠬᠡᠨᠡᠷ ᠬᠥᠮᠦᠨ ᠦ᠌
ᠰᠠᠨᠠᠯ ᠬᠦᠰᠡᠯ ᠦ᠋ᠨ ᠦᠵᠦᠭᠦᠷ ᠦᠭᠡᠢ ᠶ᠋ᠢ ᠬᠡᠷᠬᠢᠪᠡᠴᠦ ᠭᠡᠮᠡᠨ ᠰᠠᠨᠠᠮᠤᠢ ᠪᠢ ᠃
ᠡᠭᠡᠯ ᠠᠷᠠᠳ ᠡᠴᠢᠭᠡ ᠡᠬᠡ ᠪᠡᠨ ᠡᠳᠦᠷ ᠪᠦᠷᠢ ᠵᠥᠭᠡᠯᠡᠪᠴᠢᠯᠡᠨ ᠪᠠᠶᠠᠷᠯᠠᠭᠤᠯᠬᠤ᠃
ᠡᠵᠡᠳ ᠬᠠᠳ ᠡᠴᠢᠭᠡ ᠡᠬᠡ ᠪᠡᠨ ᠡᠯ᠎ᠡ ᠤᠯᠤᠰ ᠢ᠋ ᠡᠩᠬᠡᠵᠢᠭᠦᠯᠦᠨ ᠪᠠᠶᠠᠷᠯᠠᠭᠤᠯᠬᠤ ᠬᠡᠮᠡᠪᠡᠢ᠃
ᠡᠷᠲᠡᠨ ᠦ᠌ ᠶᠣᠣ ᠬᠠᠭᠠᠨ ᠤ᠋ ᠡᠬᠡ ᠶ᠋ᠢ ᠴᠢᠩ ᠳᠦ ᠲᠡᠭᠷᠢ ᠬᠡᠮᠡᠵᠦᠬᠦᠢ᠃
ᠡᠨᠡ ᠬᠦ᠌ ᠴᠢᠩᠭᠢᠰ ᠬᠠᠭᠠᠨ ᠤ᠋ ᠡᠬᠡ ᠶ᠋ᠢ ᠲᠡᠢ ᠴᠢᠩ ᠲᠠᠢᠬᠡᠦ ᠬᠡᠮᠡᠵᠦᠬᠦᠢ᠃
ᠡᠳᠡᠭᠡᠷ ᠪᠣᠭᠳᠠᠰ ᠢ᠋ ᠡᠩ ᠦ᠋ᠨ ᠡᠬᠡᠨᠡᠷ ᠦ᠋ᠳ ᠮᠡᠨᠳᠦᠯᠡᠵᠦ ᠦᠯᠦ ᠴᠢᠳᠠᠬᠤ ᠶ᠋ᠢᠨ ᠲᠤᠯᠠᠳᠠ
ᠡᠯᠳᠡᠪ ᠥᠩᠭᠡ ᠶ᠋ᠢᠨ ᠳ᠋ᡁᠡᠷᠡ ᠡᠬᠡ ᠬᠡᠮᠡᠭᠴᠢ ᠪᠠᠢᠬᠤ ᠬᠡᠷᠡᠭ ᠲᠡᠢ ᠠᠵᠤᠭᠤ ᠃
ᠬᠥᠮᠦᠨ ᠲᠥᠷᠥᠭᠰᠡᠳ ᠦ᠋ᠨ ᠪᠠᠶᠠᠷᠯᠠᠪᠠᠰᠤ ᠪᠣᠯᠬᠤ ᠨᠢᠭᠡᠨ ᠵᠦᠢᠯ ᠦ᠋ᠨ ᠬᠡᠷᠡᠭ ᠪᠠᠢᠬᠤ ᠪᠣᠢ ᠢ᠋᠎ᠠ᠃
ᠬᠥᠮᠦᠨ ᠪᠦᠬᠦᠨ ᠦ᠌ ᠦᠯᠦ ᠮᠡᠳᠡᠬᠦ ᠶ᠋ᠢ ᠮᠡᠳᠡᠭᠦᠯᠦᠨ ᠲᠠᠢᠯᠵᠤ ᠦᠯᠡᠳᠡᠭᠡᠪᠡᠰᠦ ᠪᠠᠶᠠᠷᠯᠠᠯᠲᠠᠢ ᠪᠤᠶᠤ
ᠬᠥᠮᠦᠨ ᠦᠬᠦᠪᠡᠴᠦ ᠪᠡᠷ ᠭᠡᠮᠡᠨ ᠦᠯᠦ ᠬᠣᠭᠣᠰᠣᠷᠠᠨ ᠭᠣᠮᠣᠳᠠᠬᠤ ᠪᠠᠰᠠ ᠨᠢᠭᠡᠨ ᠬᠡᠷᠡᠭ ᠠᠮᠤᠢ᠃
ᠬᠥᠮᠦᠨ ᠦᠬᠦᠭᠰᠡᠨ ᠦ᠌ ᠬᠣᠢᠨ᠎ᠠ ᠠᠮᠢᠳᠤ ᠬᠥᠮᠦᠨ ᠯᠦ᠍ᠭᠡ ᠬᠡᠯᠡᠯᠴᠡᠨ ᠴᠢᠳᠠᠬᠤ ᠶ᠋ᠢ ᠦᠯᠡᠳᠡᠭᠡ᠃
ᠬᠥᠮᠦᠨ ᠲᠥᠷᠥᠯᠬᠢᠲᠡᠨ ᠣᠷᠴᠢᠯᠠᠩ ᠤ᠋ᠨ ᠳᠡᠭᠡᠷ᠎ᠡ ᠬᠡᠳᠦᠢ ᠬᠡᠳᠦᠢᠴᠢᠨᠡᠭᠡᠨ ᠢᠷᠡᠭᠡᠳ ᠪᠠᠰᠠ ᠡᠴᠢᠵᠦ ᠪᠣᠢ᠃
ᠬᠥᠮᠦᠨ ᠪᠥᠬᠥᠶ᠎ᠡ ᠡᠳᠦᠷ ᠡᠳᠦᠷ ᠢ᠋ ᠦᠢᠮᠡᠨ ᠥᠩᠭᠡᠷᠡᠭᠡᠪᠡᠴᠦ ᠡᠴᠦᠰ ᠲᠦ᠍ᠷ ᠨᠢᠭᠡᠬᠡᠨ ᠦᠭᠡ ᠴᠦ᠍ ᠦᠭᠡᠢ ᠶ᠋ᠢ
ᠬᠥᠮᠦᠨ ᠪᠦᠷᠢ ᠨᠠᠷᠢᠪᠴᠢᠯᠠᠨ ᠰᠠᠨᠠᠮᠵᠢᠯᠠᠪᠠᠰᠤ ᠭᠡᠨᠡᠳᠲᠡ ᠰᠡᠬᠡᠰᠬᠢᠨ ᠤᠬᠠᠮᠵᠢᠯᠠᠪᠠᠰᠤ ᠪᠣᠯᠬᠤᠢ ᠶ᠋ᠢᠨ ᠲᠤᠯᠠᠳᠠ
ᠬᠥᠮᠦᠨ ᠦ᠌ ᠣᠷᠴᠢᠯᠠᠩ ᠤ᠋ᠨ ᠤᠷᠢᠳᠠᠬᠢ ᠶ᠋ᠢᠨ ᠬᠥᠮᠦᠨ ᠬᠣᠵᠢᠮ ᠤ᠋ᠨ ᠲᠥᠷᠥᠭᠰᠡᠨ ᠬᠣᠢᠲᠤᠬᠢ ᠬᠥᠮᠦᠨ ᠢ᠋ ᠰᠠᠨᠠᠬᠤ ᠶ᠋ᠢ ᠠᠨᠤ
ᠬᠥᠮᠦᠨ ᠬᠥᠮᠦᠨ ᠶᠠᠭᠤᠨᠠᠢ ᠮᠠᠲᠠᠨᠠᠮ ᠬᠥᠮᠦᠨ ᠬᠥᠮᠦᠨ ᠨᠠᠶᠠᠨ ᠨᠠᠰᠤᠯᠠᠲᠠᠯ᠎ᠠ ᠦᠢᠮᠡᠨ ᠠᠢᠮᠠᠨ ᠠᠮᠢᠳᠤᠷᠠᠪᠠᠴᠤ
ᠬᠥᠮᠦᠨ ᠬᠥᠮᠦᠨ ᠤ ᠦᠭᠡ ᠦᠭᠡᠢ ᠬᠥᠮᠦᠨ ᠦ᠌ ᠬᠣᠴᠣᠷᠯᠠᠯ ᠦᠭᠡᠢ ᠪᠡᠷ ᠥᠩᠭᠡᠷᠡᠭᠴᠢᠳ ᠲᠣᠭ᠎ᠠ ᠪᠠᠢᠮᠤᠢ ᠤᠤ ?
ᠬᠥᠮᠦᠨ ᠡᠴᠡ ᠬᠥᠮᠦᠨ ᠲᠤᠯᠠ ᠬᠥᠮᠦᠨ ᠦ᠌ ᠬᠥᠮᠦᠨ ᠢ᠋ ᠬᠡᠨ ᠬᠥᠮᠦᠨ ᠶᠠᠮᠪᠠᠷ ᠬᠥᠮᠦᠨ ᠭᠡᠮᠡᠨ ᠬᠥᠮᠦᠨ ᠮᠡᠳᠡᠬᠦ ᠠᠵᠢ
ᠬᠥᠮᠦᠨ ᠢᠨᠦ ᠬᠥᠮᠦᠨ ᠪᠣᠯᠪᠠᠴᠤ ᠬᠥᠮᠦᠨ ᠬᠥᠮᠦᠨ ᠦ᠌ ᠳᠣᠲᠣᠷᠠᠬᠢ ᠶᠠᠭᠤᠨ ᠤ ᠬᠥᠮᠦᠨ ᠢ᠋ ᠮᠡᠷᠭᠡᠨ ᠬᠥᠮᠦᠨ ᠮᠡᠳᠡᠭᠳᠡᠬᠦᠢ᠃
ᠤᠷᠢᠳᠤ ᠪᠦᠯᠦᠭ ᠦ᠋ᠨ ᠪᠡᠯᠡᠭᠲᠦ ᠺᠠᠷᠣᠳᠢ ᠶ᠋ᠢᠨ ᠤᠴᠢᠷ ᠢ᠋ ᠴᠣᠬᠣᠯᠠᠭᠰᠠᠨ ᠠᠨᠤ : ᠡᠷᠲᠡᠨ ᠦ᠌《ᠱᠠᠰᠢᠨᠲᠤ ᠨᠣᠮ – ᠱᠤ᠌ ᠵᠢᠩ 》 ᠳ᠋ᠦ᠍ᠷ ᠶᠡᠬᠡ ᠪᠣᠭᠳᠠ ᠶᠣᠣ ᠬᠠᠭᠠᠨ ᠬᠥᠬᠡ ᠯᠤᠤ ᠵᠢᠯ ᠰᠠᠭᠤᠷᠢᠨ᠎ᠠ ᠡᠬᠢᠯᠡᠨ ᠰᠠᠭᠤᠵᠤ ᠳᠠᠯᠠᠨ ᠬᠣᠶᠠᠷ ᠣᠨ ᠶᠡᠬᠡᠳᠡ ᠡᠩᠬᠡᠵᠢᠨ ᠵᠢᠷᠭᠠᠬᠤᠢ ᠳ᠋ᠤᠷ ᠬᠠᠷᠰᠢ ᠬᠦᠷᠢᠶᠡᠯᠡᠩ ᠳ᠋ᠦ᠍ᠷ ᠪᠡᠯᠡᠭᠲᠦ ᠺᠠᠷᠣᠳᠢ ᠬᠣᠨᠣᠭᠰᠢᠨ ᠡᠭᠦᠷᠯᠡᠵᠦ᠂ ᠢᠳᠡᠭᠡᠨ ᠦ᠌ ᠭᠡᠷ ᠲᠦ᠍ᠷ ᠮᠢᠬ᠎ᠠ ᠤᠷᠭᠤᠬᠤ ᠬᠠᠲᠠᠭᠠᠮᠠᠯ ᠰᠢᠭᠦᠰᠦ ᠠᠵᠤ᠂ ᠬᠡᠩᠭᠡᠷᠭᠡ ᠴᠣᠬᠢᠮᠠᠭᠴᠠ ᠰᠡᠷᠢᠭᠦᠨ ᠰᠠᠯᠬᠢᠨ ᠳᠡᠭᠳᠡᠵᠦ᠂ ᠵᠤᠨ ᠤ᠋ ᠬᠠᠯᠠᠭᠤᠨ᠎ᠠ ᠢᠳᠡᠭᠡᠨ ᠤᠮᠳᠠᠭᠠᠨ ᠦᠮᠡᠬᠡᠢᠷᠡᠨ ᠡᠪᠳᠡᠷᠡᠬᠦ ᠦᠭᠡᠢ ᠬᠡᠮᠡᠵᠦᠬᠦᠢ᠃ ᠬᠣᠢᠨ᠎ᠠ ᠵᠧᠦ ᠤᠯᠤᠰ ᠤ᠋ᠨ ᠡᠩᠬᠡᠵᠢᠬᠦ ᠶ᠋ᠢᠨ ᠪᠡᠯᠭᠡ ᠳ᠋ᠦ᠍ᠷ ᠴᠢ ᠱᠠᠨ ᠠᠭᠤᠯᠠᠨ᠎ᠠ ᠪᠡᠯᠡᠭᠲᠦ ᠺᠠᠷᠣᠳᠢ ᠮᠠᠭᠰᠢᠨ ᠳᠣᠩᠭᠣᠳᠴᠤ ᠂ ᠴᠠᠭᠠᠨ ᠵᠢᠭᠠᠰᠤ ᠣᠩᠭᠣᠴᠠᠨ ᠳ᠋ᠤᠷ ᠭᠠᠷᠴᠤ᠂ ᠤᠯᠠᠭᠠᠨ ᠰᠢᠪᠠᠭᠤ ᠭᠡᠷ ᠲᠦ᠍ᠷ ᠨᠢᠰᠴᠦ ᠣᠷᠣᠪᠠ ᠬᠡᠮᠡᠵᠦᠬᠦᠢ᠃ ᠲᠡᠢᠨ ᠬᠦ᠌ ᠡᠨᠡ ᠬᠣᠶᠠᠷ ᠺᠠᠷᠣᠳᠢ ᠶ᠋ᠢᠨ ᠬᠡᠷᠡᠭ ᠴᠥᠮ ᠳᠤᠯᠠᠭᠠᠨ ᠨᠠᠢᠷᠠᠮᠳᠠᠭᠤ ᠠᠮᠢᠰᠬᠤᠯᠲᠤ ᠡᠮᠦᠨᠡᠲᠦ ᠭᠠᠵᠠᠷ ᠲᠤᠯᠠ ᠴᠥᠮ ᠪᠠᠢᠵᠤ ᠪᠠᠢᠬᠤ ᠬᠡᠷᠡᠭ᠃ ᠭᠠᠭᠴᠠ ᠡᠨᠡ ᠶᠤᠸᠠᠨ ᠤᠯᠤᠰ ᠤ᠋ᠨ ᠲᠠᠢᠽᠦ ᠴᠢᠩᠭᠢᠰ ᠬᠠᠭᠠᠨ ᠤ᠋ ᠴᠧᠩ ᠲᠢᠶᠠᠨ ᠴᠢ ᠶᠦᠨ ᠱᠧᠩ ᠡᠤ ᠬᠤᠸᠠᠩᠳᠢ᠂ ᠶᠡᠬᠡ ᠠᠷᠤ ᠡᠯᠡᠰᠦᠨ ᠦ᠌ ᠮᠤᠩ ᠭᠣᠣᠯ ᠤ᠋ᠨ ᠠᠮᠠᠨ᠎ᠠ᠂ ᠳᠠᠯᠠᠨ ᠲᠠᠪᠤᠨ ᠠᠢᠮᠠᠭ ᠤᠯᠤᠰ ᠤ᠋ᠨ ᠨᠡᠢᠯᠡᠯᠲᠡ ᠶᠡᠬᠡ ᠴᠢᠭᠤᠯᠭᠠᠨ ᠴᠢᠭᠤᠯᠵᠤ᠂ ᠤᠨᠢᠭᠤᠯ ᠬᠤᠲᠠᠳᠤ ᠵᠢᠪᠬᠤᠯᠠᠩ ᠪᠠᠯᠭᠠᠰᠤᠨ ᠤ᠋ ᠸᠴᠢᠷ ᠮᠠᠨᠳᠠᠯ ᠳ᠋ᠤᠷ ᠬᠠᠭᠠᠨ ᠰᠠᠭᠤᠷᠢᠨ ᠳ᠋ᠤᠷ ᠰᠠᠭᠤᠬᠤᠶ᠎ᠠ᠂ ᠪᠠᠰᠠ ᠡᠨᠡ ᠪᠡᠯᠡᠭᠲᠦ ᠺᠠᠷᠣᠳᠢ ᠰᠢᠪᠠᠭᠤ ᠳᠣᠩᠭᠣᠳᠪᠠ ᠭᠡᠮᠡᠨ᠂ ᠠᠷᠪᠠᠨ ᠭᠤᠷᠪᠠᠨ ᠵᠦᠢᠯ ᠦ᠋ᠨ ᠴᠡᠳᠢᠭ ᠲᠡᠦᠬᠡ《ᠬᠥᠬᠡ ᠰᠣᠳᠣᠷᠠ 》ᠤᠯᠠᠩᠭᠢᠨᠠ ᠡᠨᠡ ᠨᠢᠭᠡᠨ ᠲᠠᠪᠤᠨ ᠥᠩᠭᠡ ᠶ᠋ᠢᠨ ᠬᠢᠯᠪᠠᠰᠤᠲᠤ ᠥᠳᠥ ᠰᠣᠳᠣᠳᠤ ᠬᠤᠪᠢᠯᠭᠠᠨ ᠰᠢᠪᠠᠭᠤ ᠬᠡᠮᠡᠭᠰᠡᠨ ᠪᠠ ᠵᠠᠷᠢᠮ ᠳ᠋ᠤᠷ ᠲᠠᠪᠤᠨ ᠥᠩᠭᠡ ᠶ᠋ᠢᠨ ᠦᠬᠡᠷ ᠦ᠋ᠨ ᠴᠢᠨᠡᠭᠡᠨ ᠶᠡᠬᠡ ᠬᠤᠪᠢᠯᠭᠠᠨ ᠪᠣᠯᠵᠣᠮᠣᠷ《ᠴᠢᠩᠭᠢᠰ ᠴᠢᠩᠭᠢᠰ 》ᠭᠡᠮᠡᠨ ᠳᠣᠩᠭᠣᠳᠪᠠ ᠬᠡᠮᠡᠮᠦᠢ᠃ ᠵᠠᠷᠢᠮ ᠨᠠᠷᠢᠨ ᠨᠢᠭᠲᠠ ᠶᠡᠬᠡᠬᠡᠨ ᠮᠡᠳᠡᠯᠲᠦ ᠪᠠᠭᠰᠢ ᠨᠠᠷ ᠤ᠋ᠨ ᠪᠢᠴᠢᠭᠰᠡᠨ ᠢᠨᠦ᠂ ᠵᠢᠷᠭᠤᠭᠠᠨ ᠲᠣᠬᠣᠢ ᠶ᠋ᠢᠨ ᠥᠨᠳᠥᠷ ᠪᠡᠶᠡᠲᠦ ᠪᠡᠯᠡᠭᠲᠦ ᠺᠠᠷᠣᠳᠢ ᠳᠣᠩᠭᠣᠳᠪᠠ ᠬᠡᠮᠡᠵᠦᠬᠦᠢ᠃ ᠡᠳᠡᠭᠡᠷ ᠰᠤᠳᠤᠷ ᠤ᠋ᠳ ᠢ᠋ ᠪᠢ ᠬᠣᠷᠢᠭᠠᠳ ᠨᠠᠰᠤᠨ ᠤ᠋ ᠦᠶ᠎ᠡ ᠳ᠋ᠦ᠍ᠷ ᠡᠳᠡᠭᠡᠷ ᠢ᠋ ᠴᠤᠭᠯᠠᠭᠤᠯᠤᠨ ᠣᠪᠣᠭᠠᠯᠠᠵᠤ ᠢᠯᠭᠠᠨ ᠴᠥᠯᠪᠡᠬᠦᠶᠡ ᠡᠮᠦᠨᠡᠲᠦ ᠬᠠᠯᠠᠭᠤᠨ ᠳᠤᠯᠠᠭᠠᠨ ᠭᠠᠵᠠᠷ ᠤ᠋ᠨ ᠺᠠᠷᠣᠳᠢ ᠰᠢᠪᠠᠭᠤᠨ ᠬᠡᠳᠦᠢᠪᠡᠷ ᠬᠠᠪᠤᠷ ᠤ᠋ᠨ ᠦᠶ᠎ᠡ ᠬᠡᠮᠡᠪᠡᠴᠦ ᠶᠠᠭᠤᠨᠠᠢ ᠠᠷᠤ ᠡᠯᠡᠰᠦᠨ ᠦ᠌ ᠲᠡᠢᠮᠦ ᠬᠦᠢᠲᠡᠨ ᠵᠢᠬᠡᠭᠦᠨ ᠭᠠᠵᠠᠷ᠎ᠠ ᠨᠢᠰᠦᠨ ᠬᠦᠷᠬᠦ ᠠᠵᠢ ! ᠭᠡᠮᠡᠨ ᠵᠦᠢ ᠳ᠋ᠦ᠍ᠷ ᠦᠯᠦ ᠨᠡᠢᠴᠡᠬᠦᠶᠡ ᠬᠠᠷᠠᠬᠠᠨ ᠰᠡᠵᠢᠭᠯᠡᠭᠢᠯᠡᠨ ᠭᠤᠴᠢᠭᠠᠳ ᠣᠨ ᠪᠣᠯᠵᠤ᠂ ᠲᠠᠪᠢᠨ ᠨᠠᠰᠤᠨ ᠤ᠋ ᠣᠷᠴᠢᠮ ᠮᠠᠨ ᠤ᠋ ᠲᠠᠢᠴᠢᠩ ᠤᠯᠤᠰ ᠲᠤᠷ ᠲᠣᠭᠣᠷᠢᠭᠰᠠᠨ ᠳᠥᠷᠪᠡᠨ ᠲᠢᠪ ᠦ᠋ᠨ 《ᠪᠦᠦ ᠪᠢᠴᠢᠭ 》 ᠦ᠋ᠳ ᠪᠠ ᠵᠢᠴᠢ ᠪᠠᠰᠠ ᠪᠢᠳᠡᠨ ᠦ᠌ ᠥᠪᠡᠷᠦᠨ ᠤᠯᠤᠰ ᠤ᠋ᠨ ᠵᠠᠷᠯᠢᠭ ᠤ᠋ᠨ ᠰᠠᠢᠳ ᠶᠡᠬᠡ ᠽᠦᠩᠳᠦ᠋ ᠪᠧᠢ ᠶᠠᠩ ᠳᠠ ᠴᠧᠨ – ᠯᠢ ᠾᠦᠩ ᠵᠠᠩ ᠂ ᠽᠧᠩ ᠭᠦᠸᠧ ᠹᠠᠨ ᠂ ᠽᠦᠸᠧ ᠽᠦᠩ ᠳᠠᠩ ᠵᠡᠷᠭᠡ ᠶ᠋ᠢᠨ ᠣᠯᠠᠨ ᠨᠣᠶᠠᠳ ᠲᠦᠰᠢᠮᠡᠳ ᠤᠷᠢᠳ ᠬᠣᠵᠢᠳ ᠳᠥᠴᠢ ᠲᠠᠪᠢᠨ ᠪᠠᠭ᠎ᠠ ᠨᠣᠶᠠᠳ ᠭᠠᠳᠠᠭᠠᠳᠤ ᠵᠢᠷᠭᠤᠭᠠᠨ ᠶᠡᠬᠡ ᠤᠯᠤᠰ ᠤ᠋ᠳ ᠯᠤᠭ᠎ᠠ ᠶᠡᠬᠡ ᠳᠠᠯᠠᠢ ᠪᠠᠷ ᠣᠷᠴᠢᠯᠠᠩ ᠢ᠋ ᠣᠷᠴᠢᠨ ᠡᠷᠭᠢᠭᠰᠡᠨ ᠣᠯᠠᠨ ᠪᠢᠴᠢᠭ ᠦ᠋ᠳ ᠢ᠋ ᠣᠯᠵᠤ ᠦᠵᠡᠭᠡᠳ᠂ ᠡᠨᠡ ᠺᠠᠷᠣᠳᠢ ᠰᠢᠪᠠᠭᠤ ᠵᠤᠨ ᠤ᠋ ᠦᠶ᠎ᠡ ᠳ᠋ᠦ᠍ᠷ ᠶᠡᠬᠡ ᠤᠮᠠᠷ᠎ᠠ ᠲᠢᠪ ᠦ᠋ᠨ ᠮᠥᠰᠥᠨ ᠳᠠᠯᠠᠢ ᠶ᠋ᠢᠨ ᠴᠠᠰᠤᠲᠤ ᠠᠭᠤᠯᠠ ᠳ᠋ᠤᠷ ᠮᠥᠨ ᠪᠠᠢᠬᠤ ᠶ᠋ᠢ ᠣᠯᠠᠨ ᠬᠥᠮᠦᠨ ᠦᠵᠡᠵᠦ ᠲᠡᠮᠳᠡᠭᠯᠡᠭᠰᠡᠨ ᠢ᠋ ᠦᠵᠡᠵᠦ ᠭᠤᠴᠢᠨ ᠣᠨ ᠤ᠋ ᠰᠡᠵᠢᠭ ᠰᠠᠶᠢ ᠠᠷᠢᠯᠤᠨ ᠲᠠᠰᠤᠷᠠᠪᠠᠢ᠃ ᠴᠠᠰᠤᠲᠤ ᠠᠭᠤᠯᠠ᠂ ᠬᠠᠯᠬ᠎ᠠ ᠠ᠋ᠴᠠ ᠨᠡᠩ ᠬᠦᠢᠲᠡᠨ ᠦᠭᠡᠢ᠃
