ᠸᠸᠨ ᠸᠠᠩ ᠡᠵᠡᠨ ᠤ ᠮᠡᠷᠭᠡᠨ ᠲᠥᠯᠭᠡ 31-40 Вен ван эзний мэргэн төлөг 31-40 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠸᠨ ᠸᠠᠩ ᠡᠵᠡᠨ ᠤ ᠮᠡᠷᠭᠡᠨ ᠲᠥᠯᠭᠡ 31-40 Вен ван эзний мэргэн төлөг 31-40

ᠸᠸᠨ ᠸᠠᠩ ᠡᠵᠡᠨ ᠤ ᠮᠡᠷᠭᠡᠨ ᠲᠥᠯᠭᠡ 31-40 Вен ван эзний мэргэн төлөг 31-40

ᠠᠩᠭᠢᠯᠠᠯ:ᠵᠠᠩ ᠦᠢᠯᠡ
2024-05-20

274



⊕⊕〇⊕⊕⊕ ᠭᠤᠴᠢᠨ ᠨᠢᠭᠡᠳᠦᠭᠡᠷ ᠲᠥᠯᠭᠡ : ᠶᠡᠬᠡ ᠪᠠᠷᠰ ᠠᠭᠤᠯᠠᠨ ᠳ᠋ᠤᠷ ᠭᠠᠷᠤᠭᠠᠳ ᠥᠭᠶᠥᠭᠡ ᠦᠭᠡᠢ ᠲᠡᠢ ᠠᠳᠠᠯᠢ᠂ ᠮᠢᠩᠭᠠᠨ ᠡᠬᠢᠲᠦ ᠠᠷᠭ᠎ᠠ ᠪᠣᠳᠣᠪᠠᠴᠤ ᠶᠠᠰᠤᠨ ᠵᠠᠭᠤ ᠶᠡᠷᠡᠨ ᠶᠢᠰᠦ ᠪᠦᠲᠦᠬᠦ ᠦᠭᠡᠢ᠂ ᠡᠳ᠋ ᠠᠰᠢᠭ ᠢ ᠡᠷᠢᠪᠡᠰᠦ ᠣᠯᠬᠤ ᠦᠭᠡᠢ ᠤᠷᠤᠭ ᠪᠦᠲᠦᠬᠦ ᠦᠭᠡᠢ ᠂ ᠵᠠᠷᠭᠤ ᠠᠯᠳᠠᠬᠤ ᠡᠪᠡᠳᠴᠢᠨ ᠬᠦᠨᠳᠦ ᠭᠠᠳᠠᠭᠰᠢ ᠭᠠᠷᠤᠪᠠᠰᠤ ᠬᠥᠮᠦᠨ ᠳ᠋ᠦ᠍ᠷ ᠲᠤᠰᠠ ᠬᠢᠭᠡᠳ ᠪᠡᠶ᠎ᠡ ᠳ᠋ᠦ᠍ᠷ ᠮᠠᠭᠤ ᠢᠷᠡᠮᠦᠢ᠂ ᠨᠢᠭᠡᠨ ᠪᠠᠭᠠᠲᠤᠷ ᠡᠷ᠎ᠡ ᠭᠠᠳᠠᠭᠰᠢ ᠭᠠᠷᠬᠤ ᠳ᠋ᠤ᠌ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃  

⊕⊕〇⊕〇〇 ᠭᠤᠴᠢᠨ ᠬᠣᠶᠠᠳᠤᠭᠠᠷ ᠲᠥᠯᠭᠡ : ᠡᠮᠦᠨ᠎ᠡ ᠰᠢᠭᠤᠢ ᠳ᠋ᠤᠷ ᠣᠷᠣᠭᠠᠳ ᠡᠷᠭᠢᠭᠦᠯᠦᠭᠰᠡᠨ ᠲᠠᠤᠯᠠᠢ ᠪᠠᠨ ᠠᠯᠳᠠᠭᠰᠠᠨ ᠠᠳᠠᠯᠢ᠂ ᠡᠳ᠋ ᠠᠰᠢᠭ ᠢ ᠣᠯᠬᠤ ᠦᠭᠡᠢ᠂ ᠦᠯᠢᠭᠡᠷᠯᠡᠪᠡᠰᠦ ᠴᠠᠭᠠᠷᠢᠭ ᠲᠤᠷ ᠣᠷᠣᠭᠠᠳ ᠬᠥᠨᠥᠭᠡᠭᠳᠡᠭᠰᠡᠨ ᠠᠳᠠᠯᠢ᠂ ᠶᠠᠪᠤᠳᠠᠯ ᠪᠣᠯᠪᠠᠰᠤ ᠰᠡᠷᠢᠮᠵᠢᠯᠡᠬᠦ ᠬᠡᠷᠡᠭᠲᠡᠢ᠂ ᠭᠡᠷ ᠦ᠋ᠨ ᠳᠣᠲᠣᠷ᠎ᠠ ᠬᠡᠯᠡ ᠠᠮᠠᠨ ᠤ᠋ ᠠᠶᠤᠯᠲᠠᠢ᠂ ᠤᠷᠤᠭ ᠪᠦᠲᠦᠬᠦ ᠦᠭᠡᠢ ᠡᠪᠡᠳᠴᠢᠨ ᠬᠦᠨᠳᠦ ᠰᠡᠷᠡᠮᠵᠢᠯᠡᠬᠦ ᠬᠡᠷᠡᠭᠲᠡᠢ᠂ ᠠᠯᠳᠠᠭᠠᠳ ᠣᠯᠬᠤ ᠦᠭᠡᠢ᠂ ᠭᠠᠳᠠᠭᠰᠢ ᠭᠠᠷᠤᠭᠰᠠᠨ ᠬᠥᠮᠦᠨ ᠰᠠᠭᠠᠳᠠᠯᠲᠠᠢ᠃ ᠠᠷᠪᠠᠨ ᠬᠣᠶᠠᠷ ᠨᠠᠰᠤᠲᠠᠢ ᠬᠥᠪᠡᠭᠦᠨ ᠢ᠋ᠶ᠋ᠡᠨ ᠭᠡᠷ ᠦ᠋ᠨ ᠡᠵᠡᠨ ᠪᠣᠯᠭᠠᠬᠤ ᠶ᠋ᠢᠨ ᠲᠤᠯᠠᠳᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃ 
 
〇〇⊕〇〇〇 ᠭᠤᠴᠢᠨ ᠭᠤᠷᠪᠠᠳᠤᠭᠠᠷ ᠲᠥᠯᠭᠡ : ᠨᠥᠬᠥᠷ ᠢ ᠬᠡᠯᠡᠪᠡᠰᠦ ᠰᠠᠢᠨ ᠬᠥᠮᠦᠨ ᠦᠭᠡᠢ᠂ ᠠᠬ᠎ᠠ ᠳᠡᠭᠦᠦ ᠪᠣᠯᠪᠠᠰᠤ ᠰᠡᠳᠬᠢᠯ ᠮᠠᠭᠤ ᠬᠥᠮᠦᠨ ᠳ᠋ᠤᠷ ᠤᠴᠠᠷᠠᠮᠤᠢ᠂ ᠶᠠᠪᠤᠳᠠᠯ ᠪᠦᠬᠦᠨ ᠳ᠋ᠦ᠍ ᠰᠡᠷᠡᠮᠵᠢᠯᠡᠬᠦ ᠬᠡᠷᠡᠭᠲᠡᠢ᠂ ᠳᠠᠯᠳᠠᠭᠤᠷ ᠬᠥᠮᠦᠨ ᠬᠣᠣᠷ ᠬᠢᠬᠦ᠂ ᠭᠠᠳᠠᠭᠰᠢ ᠭᠠᠷᠤᠪᠠᠰᠤ ᠬᠡᠷᠡᠭ ᠲᠦ᠍ ᠣᠷᠣᠬᠤ᠂ ᠡᠳ᠋ ᠠᠰᠢᠭ ᠲᠤ᠌ ᠭᠠᠷᠤᠵᠠᠲᠠᠢ᠂ ᠵᠠᠷᠭᠤ ᠳᠡᠢᠯᠦᠭᠳᠡᠬᠦ᠂ ᠡᠪᠡᠳᠴᠢᠨ ᠬᠦᠨᠳᠦ᠂ ᠠᠯᠳᠠᠭᠤᠯ ᠣᠯᠬᠤ ᠦᠭᠡᠢ᠂ ᠦᠯᠢᠭᠡᠷᠯᠡᠪᠡᠰᠦ ᠬᠠᠷᠠᠩᠭᠤᠢ ᠰᠥᠨᠢ ᠬᠥᠮᠦᠨ ᠤ ᠬᠠᠷᠪᠤᠭᠰᠠᠨ ᠰᠤᠮᠤ ᠳ᠋ᠤ᠌ ᠣᠨᠣᠭᠳᠠᠭᠰᠠᠨ ᠮᠡᠲᠦ᠃ ᠰᠦᠨ ᠪᠢᠨ ᠦ᠌ ᠬᠥᠯ ᠢ᠋ᠶ᠋ᠡᠨ ᠠᠪᠲᠠᠬᠤᠢ ᠳ᠋ᠤᠷ ᠪᠠᠭᠤᠭᠰᠠᠨ ᠲᠥᠯᠭᠡ ᠪᠥᠯᠥᠭᠡ᠃  

〇〇⊕〇〇⊕ ᠭᠤᠴᠢᠨ ᠳᠥᠷᠪᠡᠳᠦᠭᠡᠷ ᠲᠥᠯᠭᠡ : ᠨᠢᠭᠡᠨ ᠬᠥᠮᠦᠨ ᠵᠠᠰᠠᠯᠭᠠᠨ ᠳ᠋ᠤ᠌ ᠭᠠᠷᠤᠭᠠᠳ ᠦᠵᠡᠭᠦᠯᠦᠭᠰᠡᠨ ᠲᠥᠯᠭᠡ᠂ ᠬᠡᠢ ᠮᠣᠷᠢ ᠵᠠᠮ ᠳ᠋ᠤᠷ ᠭᠠᠷᠤᠭᠠᠳ ᠲᠠᠰᠤᠷᠠᠭᠰᠠᠨ ᠠᠳᠠᠯᠢ᠂ ᠰᠠᠯᠬᠢᠨ ᠲᠠᠷᠬᠠᠭᠰᠠᠨ ᠮᠡᠲᠦ ᠪᠣᠯᠪᠠᠴᠤ ᠶᠠᠪᠤᠳᠠᠯ ᠰᠠᠨᠠᠭ᠎ᠠ ᠪᠠᠷ ᠦᠯᠦ ᠪᠦᠲᠦᠬᠦ᠂ ᠭᠠᠩᠳᠠᠭᠰᠠᠨ ᠴᠡᠴᠡᠭ ᠬᠤᠷ᠎ᠠ ᠶ᠋ᠢ ᠦᠵᠡᠭᠰᠡᠨ ᠮᠡᠲᠦ ᠡᠳ᠋ ᠠᠰᠢᠭ ᠢ ᠡᠷᠢᠪᠠᠰᠤ ᠰᠠᠬᠢᠭᠤᠯᠰᠤᠨ ᠲᠡᠳᠬᠦᠮᠦᠢ᠂ ᠤᠷᠤᠭ ᠪᠦᠲᠦᠬᠦ ᠦᠭᠡᠢ᠂ ᠡᠪᠡᠳᠴᠢᠨ ᠨᠠᠮᠤᠷᠵᠠᠬᠤ᠂ ᠭᠠᠳᠠᠭᠰᠢ ᠭᠠᠷᠤᠭᠰᠠᠨ ᠬᠥᠮᠦᠨ ᠡᠳ᠋ ᠠᠰᠢᠭ ᠣᠯᠬᠤ᠂ ᠡᠷᠳᠡᠨᠢ ᠲᠡᠭᠡᠭᠰᠡᠨ ᠲᠡᠷᠭᠡ ᠮᠢᠩᠭᠠᠨ ᠭᠣᠣᠯ ᠤ᠋ᠨ ᠤᠰᠤ ᠲᠦᠯᠬᠢᠨ ᠭᠠᠷᠭᠠᠭᠰᠠᠨ ᠲᠥᠯᠭᠡ ᠪᠥᠯᠥᠭᠡ᠃  

〇〇⊕⊕〇⊕ ᠭᠤᠴᠢᠨ ᠲᠠᠪᠤᠳᠤᠭᠠᠷ ᠲᠥᠯᠭᠡ : ᠱᠠᠭᠠᠵᠠᠭᠠᠢ ᠬᠢᠷᠠᠭᠤ ᠬᠣᠶᠠᠭᠤᠯᠠ ᠨᠢᠭᠡ ᠮᠣᠳᠣᠨ ᠳ᠋ᠤᠷ ᠬᠣᠨᠣᠭᠠᠳ ᠭᠠᠷᠤᠭᠰᠠᠨ ᠠᠳᠠᠯᠢ᠂ ᠵᠣᠪᠠᠯᠠᠩ ᠤ᠋ᠨ ᠶᠠᠪᠤᠳᠠᠯ ᠲᠤᠯᠭᠠᠷᠠᠬᠤ᠂ ᠡᠬᠡᠨᠡᠷ ᠬᠥᠮᠦᠨ ᠤ ᠬᠣᠣᠷ ᠢᠷᠡᠬᠦ᠂ ᠬᠥᠮᠦᠨ ᠳ᠋ᠦ᠍ᠷ ᠲᠤᠰᠠ ᠬᠦᠷᠭᠡᠭᠡᠳ ᠪᠡᠶ᠎ᠡ ᠳ᠋ᠦ᠍ᠷ ᠮᠠᠭᠤ ᠢᠷᠡᠬᠦ᠂ ᠠᠬ᠎ᠠ ᠳᠡᠭᠦᠦ ᠨᠢᠭᠡᠳᠦᠪᠡᠰᠦ ᠭᠡᠳᠡᠷᠭᠦ ᠬᠣᠣᠷ ᠢᠷᠡᠬᠦ᠂ ᠳᠡᠭᠡᠭᠰᠢ ᠲᠡᠭᠷᠢ ᠳᠤ ᠵᠠᠯᠪᠠᠷᠢᠪᠠᠰᠤ ᠰᠠᠢᠨ᠂ ᠡᠳ᠋ ᠠᠰᠢᠭ ᠡᠷᠢᠪᠡᠰᠦ ᠬᠣᠢᠲᠤ ᠵᠦᠭ ᠡᠴᠡ ᠡᠷᠢ᠂ ᠤᠷᠤᠭ ᠢ ᠬᠥᠮᠦᠨ ᠬᠣᠣᠳᠤᠯᠠᠮᠤᠢ᠂ ᠡᠪᠡᠳᠴᠢᠨ ᠬᠦᠨᠳᠦ᠂ ᠵᠠᠷᠭᠤ ᠳᠡᠢᠯᠦᠭᠳᠡᠬᠦ᠂ ᠭᠠᠳᠠᠭᠰᠢ ᠭᠠᠷᠤᠭᠰᠠᠨ ᠬᠥᠮᠦᠨ ᠰᠠᠭᠠᠲᠠᠯᠲᠠᠢ᠂ ᠨᠢᠭᠡᠨ ᠬᠥᠮᠦᠨ ᠬᠤᠳᠠᠯᠳᠤᠭᠠᠨ ᠬᠢᠭᠡᠳ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃  

〇〇⊕〇⊕⊕ ᠭᠤᠴᠢᠨ ᠵᠢᠷᠭᠤᠳᠤᠭᠠᠷ ᠲᠥᠯᠭᠡ : ᠨᠢᠭᠡᠨ ᠬᠥᠮᠦᠨ ᠵᠣᠪᠠᠯᠠᠩ ᠠ᠋ᠴᠠ ᠭᠠᠷᠤᠭᠠᠳ ᠵᠢᠷᠭᠠᠯᠠᠩ ᠢ ᠦᠵᠡᠪᠡ ᠪᠤᠶᠠᠨᠲᠤ ᠬᠥᠮᠦᠨ ᠲᠡᠳᠬᠦᠵᠦ ᠨᠡᠷ᠎ᠡ ᠠᠯᠳᠠᠷ ᠳᠡᠭᠡᠭᠰᠢ ᠮᠠᠨᠳᠤᠬᠤ᠂ ᠡᠨᠡ ᠲᠥᠯᠭᠡ ᠠᠨᠤ ᠵᠢᠭᠠᠰᠤ ᠬᠤᠪᠢᠯᠤᠭᠠᠳ ᠯᠤᠤ ᠪᠣᠯᠤᠭᠰᠠᠨ ᠮᠡᠲᠦ ᠵᠠᠷᠭᠤ ᠳᠡᠢᠯᠬᠦ ᠤᠷᠤᠭ ᠪᠦᠲᠦᠬᠦ᠂ ᠡᠳ᠋ ᠠᠰᠢᠭ ᠢ ᠣᠯᠬᠤ ᠭᠠᠳᠠᠭᠰᠢ ᠭᠠᠷᠪᠠᠰᠤ ᠲᠡᠭᠰᠢ ᠠᠮᠤᠷ᠂ ᠨᠢᠭᠡᠨ ᠬᠥᠮᠦᠨ ᠡᠳ᠋ ᠠᠰᠢᠭ ᠤ᠋ᠨ ᠲᠥᠯᠥᠭᠡ ᠦᠵᠡᠭᠦᠯᠦᠭᠡᠳ ᠪᠠᠭᠤᠭᠰᠠᠨ ᠲᠥᠯᠭᠡ ᠪᠥᠯᠥᠭᠡ᠃  

〇〇⊕⊕⊕⊕ ᠭᠤᠴᠢᠨ ᠳᠣᠯᠣᠳᠤᠭᠠᠷ ᠲᠥᠯᠭᠡ : ᠡᠳ᠋ ᠠᠰᠢᠭ ᠪᠤᠰᠤᠳ ᠲᠤᠷ ᠨᠢᠳᠦᠲᠡᠢ᠂ ᠡᠮᠦᠨ᠎ᠡ ᠨᠢᠳᠦᠯᠡᠪᠡᠴᠦ ᠬᠣᠢᠨ᠎ᠠ ᠴᠢᠳᠠᠬᠤ ᠦᠭᠡᠢ᠂ ᠡᠳ᠋ ᠠᠰᠢᠭ ᠰᠠᠨᠠᠭ᠎ᠠ ᠪᠠᠷ ᠪᠦᠲᠦᠬᠦ᠂ ᠵᠠᠷᠭᠤ ᠬᠥᠮᠦᠨ ᠬᠡᠯᠡᠯᠴᠡᠵᠦ ᠳᠦᠭᠦᠷᠭᠡᠬᠦ᠂ ᠡᠪᠡᠳᠴᠢᠨ ᠬᠣᠵᠢᠮ ᠳ᠋ᠠᠭᠠᠨ ᠠᠮᠤᠷᠵᠢᠮᠤᠢ᠂ ᠠᠯᠳᠠᠭᠤᠯ ᠭᠠᠷᠬᠤ ᠦᠭᠡᠢ᠂ ᠬᠡᠳᠦᠢ ᠠᠶᠤᠯ ᠪᠠᠢᠪᠠᠴᠤ ᠳᠠᠢᠰᠤᠨ ᠦᠭᠡᠢ᠂ ᠨᠢᠭᠡᠨ ᠬᠥᠮᠦᠨ ᠬᠤᠯᠠᠭᠠᠢ ᠳ᠋ᠤᠷ ᠡᠳ᠋ ᠢ᠋ᠶ᠋ᠡᠨ ᠠᠯᠳᠠᠭᠠᠳ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃ 

○○⊕⊕⊕○ ᠭᠤᠴᠢᠨ ᠨᠠᠢ᠍ᠮᠠᠳᠤᠭᠠᠷ ᠲᠥᠯᠭᠡ :  ᠪᠤᠶᠠᠨᠲᠤ ᠬᠥᠮᠦᠨ ᠲᠤᠰᠠᠯᠠᠵᠤ ᠲᠡᠭᠷᠢ ᠳ᠋ᠦ᠍ᠷ ᠭᠠᠷᠤᠭᠰᠠᠨ ᠲᠥᠯᠭᠡ᠂ ᠡᠳ᠋ ᠠᠰᠢᠭ ᠡᠷᠢᠪᠡᠰᠦ ᠣᠯᠬᠤ᠂  ᠵᠠᠷᠭᠤ ᠳᠡᠢᠯᠬᠦ᠂ ᠤᠷᠤᠭ ᠪᠦᠲᠦᠬᠦ᠂ ᠡᠪᠡᠳᠴᠢᠨ ᠥᠪᠡᠷ ᠢ᠋ᠶ᠋ᠡᠨ ᠠᠮᠤᠷᠵᠢᠬᠤ᠂ ᠭᠠᠳᠠᠭᠰᠢ ᠭᠠᠷᠤᠪᠠᠰᠤ ᠣᠯᠵᠠᠲᠠᠢ᠂ ᠬᠥᠮᠦᠨ ᠲᠤᠰᠠ ᠬᠦᠷᠭᠡᠵᠦ ᠢᠷᠡᠬᠦ᠂ ᠨᠢᠭᠡᠨ ᠦᠭᠡᠢᠭᠦᠦ ᠬᠥᠮᠦᠨ ᠦᠵᠡᠭᠦᠯᠪᠡᠰᠦ ᠡᠨᠡ ᠲᠥᠯᠭᠡ ᠪᠠᠭᠤᠭᠰᠠᠠᠨ ᠪᠥᠯᠥᠭᠡ᠃  

○○⊕○⊕○ ᠭᠤᠴᠢ ᠶᠢᠰᠦᠳᠦᠭᠡᠷ ᠲᠥᠯᠭᠡ : ᠲᠡᠮᠦᠷ ᠮᠣᠳᠣ ᠠ᠋ᠴᠠ ᠴᠡᠴᠡᠭ ᠳᠡᠯᠭᠡᠷᠡᠭᠰᠡᠨ ᠮᠡᠲᠦ᠂ ᠡᠨᠡ ᠲᠥᠯᠭᠡ ᠬᠡᠷᠲᠣᠷ ᠪᠠᠢᠪᠠᠰᠤ ᠰᠡᠳᠬᠢᠯ ᠠᠮᠤᠷ ᠦᠭᠡᠢ᠂ ᠪᠤᠰᠤᠳ ᠠ᠋ᠴᠠ ᠡᠳ᠋ ᠠᠰᠢᠭ ᠢ ᠡᠷᠢᠪᠡᠰᠦ ᠣᠯᠬᠤ᠂ ᠲᠦᠮᠡᠨ ᠡᠬᠢᠲᠦ ᠶᠠᠪᠤᠳᠠᠯ ᠥᠪᠡᠷ ᠢ᠋ᠶ᠋ᠡᠨ ᠪᠦᠲᠦᠬᠦ᠂ ᠭᠠᠭᠴᠠ ᠪᠠᠭ᠎ᠠ ᠬᠥᠮᠦᠨ ᠬᠣᠣᠷᠯᠠᠮᠤᠢ᠂ ᠶᠡᠬᠡ ᠰᠠᠯᠬᠢᠨ ᠳ᠋ᠤᠷ ᠳᠠᠷᠤᠭᠳᠠᠨ ᠬᠡᠢᠰᠦᠭᠰᠡᠨ ᠢ ᠬᠥᠮᠦᠨ ᠲᠡᠳᠬᠦᠵᠦ ᠠᠪᠤᠷᠠᠮᠤᠢ᠂ ᠤᠷᠤᠭ ᠪᠦᠲᠦᠬᠦ ᠡᠪᠡᠳᠴᠢᠨ ᠠᠮᠤᠷᠵᠢᠬᠤ᠂ ᠭᠠᠳᠠᠭᠰᠢ ᠭᠠᠷᠤᠭᠰᠠᠨ ᠬᠥᠮᠦᠨ ᠰᠠᠭᠠᠲᠤᠯ ᠦᠭᠡᠢ᠂ ᠨᠡᠷ᠎ᠡ ᠠᠯᠳᠠᠷ ᠪᠦᠲᠦᠬᠦ ᠵᠠᠷᠭᠤ ᠳᠡᠢᠯᠬᠦ ᠭᠡᠷ ᠡᠷᠦᠬᠡ ᠲᠡᠭᠰᠢ ᠠᠮᠤᠷ᠂ ᠨᠢᠭᠡᠨ ᠬᠥᠮᠦᠨ ᠬᠥᠪᠡᠭᠦᠨ ᠤ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃  

○⊕○○⊕○ ᠳᠥᠴᠢᠳᠦᠭᠡᠷ ᠲᠥᠯᠭᠡ : ᠴᠠᠭᠠᠨ ᠬᠠᠰ ᠢ ᠵᠦᠯᠭᠦᠨ ᠥᠩᠭᠡ ᠭᠠᠷᠤᠭᠰᠠᠨ ᠮᠡᠲᠦ ᠬᠠᠭᠤᠴᠢᠨ ᠬᠤᠳᠳᠤᠭ ᠠ᠋ᠴᠠ ᠨᠠᠷᠠ ᠭᠠᠷᠤᠭᠰᠠᠨ ᠠᠳᠠᠯᠢ᠂ ᠤᠷᠢᠳᠠ ᠡᠳᠦᠷ ᠰᠡᠳᠬᠢᠯ ᠰᠠᠨᠠᠭ᠎ᠠ ᠵᠣᠪᠠᠭᠰᠠᠨ ᠪᠣᠯᠪᠠᠴᠤ ᠬᠡᠢ ᠮᠣᠷᠢ ᠳᠡᠯᠭᠡᠷᠡᠪᠡᠢ᠂ ᠡᠳ᠋ ᠠᠰᠢᠭ ᠡᠷᠢᠪᠡᠰᠦ ᠣᠯᠬᠤ ᠤᠷᠤᠭ ᠪᠦᠲᠦᠬᠦ ᠡᠪᠡᠳᠴᠢᠨ ᠥᠪᠡᠷ ᠢ᠋ᠶ᠋ᠡᠨ ᠰᠠᠢᠨ ᠪᠣᠯᠬᠤ᠂ ᠭᠠᠳᠠᠭᠰᠢ ᠭᠠᠷᠤᠭᠰᠠᠨ ᠬᠥᠮᠦᠨ ᠳᠠᠷᠤᠢ ᠢᠷᠡᠮᠦᠢ᠂ ᠵᠠᠷᠭᠤ ᠳᠡᠢᠯᠬᠦ ᠭᠡᠷ ᠡᠷᠦᠬᠡ ᠲᠡᠭᠰᠢ ᠠᠮᠤᠷ᠂ ᠨᠢᠭᠡᠨ ᠬᠥᠮᠦᠨ ᠬᠥᠪᠡᠭᠦᠨ ᠤ ᠲᠤᠯᠠ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃