ᠬᠣᠰᠢᠭᠤ ᠪᠤᠳᠠᠭ᠎ᠠ( ᠶᠠᠨᠮᠠᠢ)Хошуу будаа( янмай) ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠰᠢᠭᠤ ᠪᠤᠳᠠᠭ᠎ᠠ( ᠶᠠᠨᠮᠠᠢ)Хошуу будаа( янмай)

ᠬᠣᠰᠢᠭᠤ ᠪᠤᠳᠠᠭ᠎ᠠ( ᠶᠠᠨᠮᠠᠢ)Хошуу будаа( янмай)

2024-05-20

371

ᠬᠣᠰᠢᠭᠤ ᠪᠤᠳᠠᠭ᠎ᠠ( ᠶᠠᠨᠮᠠᠢ)

               ᠦᠶᠡᠲᠦ ᠤᠷᠭᠤᠮᠠᠯ ᠤ᠋ᠨ ᠢᠵᠠᠭᠤᠷ 
     ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ60—100cm ᠣᠷᠴᠢᠮ ᠥᠨᠳᠥᠷ ᠰᠢᠯᠤᠭᠤᠨ ᠤᠷᠭᠤᠨ᠎ᠠ᠂2—4 ᠦᠶ᠎ᠡ ᠲᠡᠢ᠃ ᠨᠠᠪᠴᠢᠨ ᠤ᠋ ᠬᠡᠯᠡ ᠨᠢ ᠲᠣᠷᠭᠠᠨ ᠬᠠᠯᠢᠰᠤᠯᠢᠭ᠂2—5mm ᠤᠷᠲᠤ; ᠨᠠᠪᠴᠢ ᠨᠢ ᠲᠡᠭᠰᠢᠬᠡᠨ ᠬᠠᠪᠲᠠᠭᠠᠢ᠂10—30cm ᠤᠷᠲᠤ᠂4—13cm ᠥᠷᠭᠡᠨ᠂ ᠳᠡᠭᠡᠳᠦ ᠲᠠᠯ᠎ᠠ ᠪᠣᠯᠤᠨ ᠬᠥᠪᠡᠭᠡ ᠨᠢ ᠠᠷᠵᠠᠭᠠᠷ ᠪᠤᠶᠤ ᠲᠠᠷᠠᠮᠠᠭ ᠦᠰᠦ ᠲᠡᠢ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠤᠪᠤᠷᠭᠠᠨ ᠬᠡᠯᠪᠡᠷᠢ ᠲᠡᠢ᠂ ᠰᠠᠷᠪᠠᠢᠵᠤ ᠤᠷᠭᠤᠨ᠎ᠠ᠂10—25cm ᠤᠷᠲᠤ᠂ ᠰᠠᠯᠠᠭ᠎ᠠ ᠨᠤᠭᠤᠳ ᠨᠢ ᠢᠷᠮᠡᠭ ᠲᠡᠢ; ᠵᠢᠵᠢᠭ ᠲᠦᠷᠦᠭᠦᠦ ᠨᠢ18—25mm ᠤᠷᠲᠤ᠂ ᠤᠨᠵᠢᠢᠵᠤ ᠤᠷᠭᠤᠬᠤ ᠪᠥᠭᠡᠳ1—2 ᠴᠡᠴᠡᠭ ᠲᠡᠢ; ᠵᠢᠵᠢᠭ ᠲᠦᠷᠦᠭᠦᠦ ᠶ᠋ᠢᠨ ᠲᠡᠩᠭᠡᠯᠢᠭ ᠪᠠᠷᠤᠭ ᠦᠰᠦ ᠦᠭᠡᠢ ᠪᠤᠶᠤ ᠲᠠᠷᠠᠮᠠᠭ ᠣᠬᠣᠷ ᠦᠰᠦ ᠲᠡᠢ ᠂ ᠦᠶ᠎ᠡ ᠪᠡᠷ ᠢ᠋ᠶ᠋ᠡᠨ ᠬᠢᠯᠪᠠᠷ ᠬᠤᠭᠤᠷᠠᠬᠤ ᠦᠭᠡᠢ; ᠬᠣᠶᠠᠷ ᠬᠠᠯᠢᠰᠤ ᠨᠢ ᠡᠪᠡᠰᠦᠯᠢᠭ᠂ ᠢᠵᠢᠯ ᠤᠷᠲᠤ᠂ ᠶᠡᠬᠡᠩᠬᠢ ᠳ᠋ᠡᠭᠡᠨ ᠶᠢᠰᠦᠨ ᠰᠤᠳᠠᠯ ᠲᠠᠢ᠃ ᠭᠠᠳᠠᠷ ᠬᠡᠪᠡᠭ ᠨᠢ ᠮᠠᠰᠢ ᠬᠠᠲᠠᠭᠤ᠂15—25mm ᠤᠷᠲᠤ᠂ ᠠᠷᠤ ᠳ᠋ᠤᠨᠢ ᠦᠰᠦ ᠦᠭᠡᠢ᠂ ᠰᠠᠭᠤᠷᠢ ᠲᠠᠪᠠᠭ ᠨᠢ ᠵᠥᠪᠬᠡᠨ ᠲᠠᠷᠠᠮᠠᠭ ᠣᠬᠣᠷ ᠦᠰᠦ ᠲᠡᠢ ᠪᠤᠶᠤ ᠪᠠᠷᠤᠭ ᠦᠰᠦ ᠦᠭᠡᠢ; ᠰᠤᠷ ᠲᠠᠢ ᠪᠤᠶᠤ ᠰᠤᠷ ᠦᠭᠡᠢ; ᠬᠣᠶᠠᠳᠤᠭᠠᠷ ᠭᠠᠳᠠᠷ ᠬᠡᠪᠡᠭ ᠨᠢ ᠦᠰᠦ ᠦᠭᠡᠢ᠂ ᠶᠡᠷᠦ ᠳ᠋ᠡᠭᠡᠨ ᠰᠤᠷ ᠪᠠᠰᠠ ᠦᠭᠡᠢ; ᠡᠷ᠎ᠡ ᠲᠣᠭᠣᠷᠴᠣᠭ ᠨᠢ ᠭᠤᠷᠪᠠ᠂ ᠤᠮᠠᠢ ᠨᠢ ᠦᠰᠦ ᠲᠡᠢ᠃ ᠠᠮᠤ ᠵᠢᠮᠢᠰ ᠨᠢ ᠤᠯᠠᠪᠤᠷ ᠦᠰᠦ ᠲᠡᠢ᠂6—8mm ᠤᠷᠲᠤ ᠪᠠ ᠥᠪᠥᠷ ᠲᠠᠯ᠎ᠠ ᠳ᠋ᠤ᠌ ᠨᠢ ᠭᠣᠯᠲᠤ ᠬᠣᠪᠢᠯ  ᠲᠠᠢ ᠃
     ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠱᠢ ᠬᠢᠭᠡᠳ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠲᠦᠭᠡᠮᠡᠯ ᠲᠠᠷᠢᠳᠠᠭ᠃
       ᠠᠮᠤ ᠵᠢᠮᠢᠰ ᠢ᠋ ᠨᠢ ᠢᠳᠡᠬᠦ ᠪᠤᠶᠤ ᠮᠠᠯ ᠤ᠋ᠨ ᠪᠣᠷᠳᠣᠭ᠎ᠠ ᠪᠣᠯᠭᠠᠨ᠎ᠠ᠃
        ᠬᠢᠲᠠᠳ ᠨᠡᠷ᠎ᠡ᠄燕麦
        ᠠᠩᠭ᠌ᠯᠢ ᠨᠡᠷ᠎ᠡ᠄Avena sativa L

               ᠦᠰᠦᠭ ᠠᠮᠢᠯᠠᠭᠤᠯᠤᠭᠴᠢ᠄ ᠲᠤᠶᠠᠭ᠎ᠠ
               ᠬᠢᠨᠠᠭᠴᠢ᠄ ᠫᠣ· ᠴᠠᠭᠠᠨ