ᠰᠡᠳᠬᠢᠯ- ᠵ᠊· ᠪᠣᠬᠢᠰᠢᠷᠭ᠎ᠠ᠂ ᠭ᠊· ᠳᠠᠸᠠᠳᠠᠯᠠᠢСэтгэл-Ж·Бохисирга,Г·Даваадалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ- ᠵ᠊· ᠪᠣᠬᠢᠰᠢᠷᠭ᠎ᠠ᠂ ᠭ᠊· ᠳᠠᠸᠠᠳᠠᠯᠠᠢСэтгэл-Ж·Бохисирга,Г·Даваадалай

ᠰᠡᠳᠬᠢᠯ- ᠵ᠊· ᠪᠣᠬᠢᠰᠢᠷᠭ᠎ᠠ᠂ ᠭ᠊· ᠳᠠᠸᠠᠳᠠᠯᠠᠢСэтгэл-Ж·Бохисирга,Г·Даваадалай

ᠠᠩᠭᠢᠯᠠᠯ:ᠳᠠᠭᠤᠤ ᠬᠥᠭᠵᠢᠮ
2024-05-19

846

ᠰᠡᠳᠬᠢᠯ

      ᠰᠢᠯᠦᠭ᠄ ᠴ᠊· ᠪᠠᠪᠤᠳᠣᠷᠵᠢ 
   ᠠᠶᠠᠯᠭᠤ᠄ ᠰ᠊· ᠪᠠᠲᠤᠰᠦ᠋ᠬᠡ 
   — ᠵ᠊· ᠪᠣᠬᠢᠰᠢᠷᠭ᠎ᠠ᠂ ᠭ᠊· ᠳᠠᠸᠠᠳᠠᠯᠠᠢ ᠳᠠᠭᠤᠯᠠᠨ᠎ᠠ 
ᠠᠩᠭᠠᠭᠰᠠᠨ ᠨᠢᠭᠡᠨ ᠳ᠋ᠦ᠍ ᠪᠤᠯᠠᠭ ᠪᠠᠢᠭᠠᠰᠠᠢ ᠰᠡᠳᠬᠢᠯ ᠮᠢᠨᠢ 
ᠠᠯᠳᠠᠭᠰᠠᠨ ᠨᠢᠭᠡᠨ ᠳ᠋ᠦ᠍ ᠠᠪᠤᠷᠠᠯ ᠪᠠᠢᠭᠠᠰᠠᠢ ᠰᠡᠳᠬᠢᠯ ᠮᠢᠨᠢ  
ᠭᠤᠨᠢᠭᠰᠠᠨ ᠨᠢᠭᠡᠨ ᠳ᠋ᠦ᠍ ᠨᠥᠬᠥᠷ ᠪᠠᠢᠭᠠᠰᠠᠢ ᠰᠡᠳᠬᠢᠯ ᠮᠢᠨᠢ 
ᠰᠥᠭᠥᠳᠦᠭᠰᠡᠨ ᠨᠢᠭᠡᠨ ᠳ᠋ᠦ᠍ ᠲᠦᠰᠢᠭ ᠪᠠᠢᠭᠠᠰᠠᠢ ᠰᠡᠳᠬᠢᠯ ᠮᠢᠨᠢ 
ᠬᠠᠢᠷ᠎ᠠ ᠬᠡᠷᠡᠭᠲᠡᠢ ᠪᠣᠯ ᠰᠡᠳᠬᠢᠯ ᠢ᠋ ᠮᠢᠨᠢ ᠲᠡᠪᠡᠷᠢᠭᠡᠷᠡᠢ 
ᠭᠡᠭᠡ ᠬᠡᠷᠡᠭᠲᠡᠢ ᠪᠣᠯ ᠰᠡᠳᠬᠢᠯ ᠢ᠋ ᠮᠢᠨᠢ ᠤᠷᠢᠭᠠᠷᠠᠢ 
ᠤᠬᠢᠯᠠᠭᠰᠠᠨ ᠨᠢᠭᠡᠨ ᠳ᠋ᠦ᠍ ᠠᠷᠭᠠᠳᠠᠯ ᠪᠠᠢᠭᠠᠰᠠᠢ ᠰᠡᠳᠬᠢᠯ ᠮᠢᠨᠢ 
ᠲᠤᠢᠯᠠᠭᠰᠠᠨ ᠨᠢᠭᠡᠨ ᠳ᠋ᠦ᠍ ᠤᠬᠠᠭᠠᠷᠠᠯ ᠪᠠᠢᠭᠠᠰᠠᠢ ᠰᠡᠳᠬᠢᠯ ᠮᠢᠨᠢ 
ᠲᠠᠭᠠᠷᠠᠭᠰᠠᠨ ᠨᠢᠭᠡᠨ ᠳ᠋ᠦ᠍ ᠭᠠᠯ ᠪᠠᠢᠭᠠᠰᠠᠢ ᠰᠡᠳᠬᠢᠯ ᠮᠢᠨᠢ 
ᠲᠥᠭᠡᠷᠢᠭᠰᠡᠨ ᠨᠢᠭᠡᠨ ᠳ᠋ᠦ᠍ ᠭᠡᠷᠡᠯ ᠪᠠᠢᠭᠠᠰᠠᠢ ᠰᠡᠳᠬᠢᠯ ᠮᠢᠨᠢ 
ᠬᠠᠢᠷ᠎ᠠ ᠬᠡᠷᠡᠭᠲᠡᠢ ᠪᠣᠯ ᠰᠡᠳᠬᠢᠯ ᠢ᠋ ᠮᠢᠨᠢ ᠲᠡᠪᠡᠷᠢᠭᠡᠷᠡᠢ 
ᠭᠡᠭᠡ ᠬᠡᠷᠡᠭᠲᠡᠢ ᠪᠣᠯ ᠰᠡᠳᠬᠢᠯ ᠢ᠋ ᠮᠢᠨᠢ ᠤᠷᠢᠭᠠᠷᠠᠢ
ᠭᠡᠷᠡᠯᠲᠦᠭᠰᠡᠨ ᠨᠢᠭᠡᠨ ᠳ᠋ᠦ᠍ ᠴᠡᠴᠡᠭ ᠪᠠᠢᠭᠠᠰᠠᠢ ᠰᠡᠳᠬᠢᠯ ᠮᠢᠨᠢ
ᠭᠤᠨᠳᠠᠭᠰᠠᠨ ᠨᠢᠭᠡᠨ ᠳ᠋ᠦ᠍ ᠠᠷᠴᠠ ᠪᠠᠢᠭᠠᠰᠠᠢ ᠰᠡᠳᠬᠢᠯ ᠮᠢᠨᠢ
ᠠᠶᠤᠩᠭ᠎ᠠ ᠲᠠᠢ ᠨᠢᠭᠡᠨ ᠳ᠋ᠦ᠍ ᠠᠮᠢᠷᠯᠠᠯ ᠪᠠᠢᠭᠠᠰᠠᠢ ᠰᠡᠳᠬᠢᠯ ᠮᠢᠨᠢ
ᠤᠶᠠᠩᠭ᠎ᠠ ᠲᠠᠢ ᠨᠢᠭᠡᠨ ᠳ᠋ᠦ᠍ ᠰᠢᠭᠦᠳᠡᠷᠢ ᠪᠠᠢᠭᠠᠰᠠᠢ ᠰᠡᠳᠬᠢᠯ ᠮᠢᠨᠢ
ᠬᠠᠢᠷ᠎ᠠ ᠬᠡᠷᠡᠭᠲᠡᠢ ᠪᠣᠯ ᠰᠡᠳᠬᠢᠯ ᠢ᠋ ᠮᠢᠨᠢ ᠲᠡᠪᠡᠷᠢᠭᠡᠷᠡᠢ
ᠭᠡᠭᠡ ᠬᠡᠷᠡᠭᠲᠡᠢ ᠪᠣᠯ ᠰᠡᠳᠬᠢᠯ ᠢ᠋ ᠮᠢᠨᠢ ᠤᠷᠢᠭᠠᠷᠠᠢ
ᠬᠠᠢᠷ᠎ᠠ ᠬᠡᠷᠡᠭᠲᠡᠢ ᠪᠣᠯ ᠰᠡᠳᠬᠢᠯ ᠢ᠋ ᠮᠢᠨᠢ ᠲᠡᠪᠡᠷᠢᠭᠡᠷᠡᠢ
ᠭᠡᠭᠡ ᠬᠡᠷᠡᠭᠲᠡᠢ ᠪᠣᠯ ᠰᠡᠳᠬᠢᠯ ᠢ᠋ ᠮᠢᠨᠢ ᠤᠷᠢᠭᠠᠷᠠᠢ

   ᠦᠰᠦᠭ ᠠᠮᠢᠯᠠᠭᠤᠯᠤᠭᠰᠠᠨ ᠨᠢ᠄ ᠰᠡᠷᠭᠦᠯᠡᠩ
   ᠦᠰᠦᠭ ᠬᠠᠲᠠᠭᠰᠠᠨ ᠨᠢ᠄ ᠰᠡᠷᠭᠦᠯᠡᠩ
   ᠬᠢᠨᠠᠭᠴᠢ᠄ ᠣᠳᠬᠣᠨᠴᠡᠴᠡᠭ