ᠨᠠᠰᠤᠨ ᠲᠤᠷᠰᠢ ᠶᠢᠨ ᠬᠠᠢᠷ᠎ᠠ-ᠭ ᠳᠣᠷᠵᠢᠲᠡᠷᠡᠮ ᠮ ᠠᠷᠢᠭᠤᠨᠡᠷᠳᠡᠨᠢ Насан туршийн хайр-Nasan Turshiin Hair Dorjderem Ariunerdene
ᠨᠠᠰᠤᠨ ᠲᠤᠷᠰᠢ ᠶᠢᠨ ᠬᠠᠢᠷ᠎ᠠ
ᠦᠭᠡ᠄ ᠳ᠂ ᠪᠠᠶᠠᠨᠳᠠᠯᠠᠢ
ᠠᠶ᠎ᠠ᠄ ᠨ᠂ ᠠᠯᠲᠠᠨᠭᠡᠷᠡᠯ
ᠳᠠᠭᠤᠴᠢᠨ᠄ ᠳᠣᠷᠵᠢᠳᠡᠷᠮᠡ᠂ ᠠᠷᠢᠭᠤᠡᠡᠷᠳᠡᠨᠢ
ᠲᠩᠷᠢ ᠶ᠋ᠢᠨ ᠬᠠᠶᠠᠭᠠᠨ ᠠ᠋ᠴᠠ ᠨᠠᠷᠠᠨ ᠮᠠᠨᠳᠤᠬᠤ ᠰᠢᠭ᠋
ᠲᠠᠯᠮᠢᠶᠠᠷᠠᠨ ᠢᠨᠢᠶᠡᠭᠰᠡᠭᠡᠷ ᠣᠷᠣᠭᠠᠳ ᠢᠷᠡᠭᠡᠴᠢ
ᠨᠠᠷᠠᠨ ᠤ᠋ ᠭᠡᠷᠡᠯ ᠳ᠋ᠦ᠍ ᠳᠡᠯᠪᠢᠯᠡᠬᠦ ᠴᠡᠴᠡᠭ ᠠᠳᠠᠯᠢ
ᠨᠠᠢᠵᠠ ᠨᠢ ᠴᠢᠮ᠎ᠠ ᠶ᠋ᠢ ᠪᠡᠨ ᠪᠡᠶᠡᠰᠦᠨ ᠤᠭᠲᠤᠶ᠎ᠠ
ᠣᠨᠳᠣᠷᠣᠭᠰᠠᠨ ᠬᠠᠢᠷ᠎ᠠ ᠪᠠᠨ ᠬᠣᠷᠢᠭᠠᠳ ᠪᠠᠢᠵᠤ ᠳᠡᠢᠯᠬᠦ ᠦᠭᠡᠢ
ᠤᠴᠠᠷᠠᠭᠰᠠᠨ ᠴᠢᠮ᠎ᠠ ᠶ᠋ᠢ ᠪᠡᠨ ᠣᠷᠬᠢᠭᠠᠳ ᠶᠠᠪᠤᠵᠤ ᠵᠢᠷᠦᠬᠡᠯᠡᠬᠦ ᠦᠭᠡᠢ
ᠠᠷᠭᠠᠮᠵᠢᠶ᠎ᠠ ᠲᠠᠢ ᠶᠤᠮ ᠰᠢᠭ᠋ ᠴᠢᠨᠦ ᠯᠡ ᠳᠡᠷᠭᠡᠳᠡ ᠪᠠᠢᠵᠤ
ᠠᠯᠠᠭ ᠨᠢᠳᠦᠨ ᠴᠢᠮ᠎ᠠ ᠶ᠋ᠢ ᠪᠡᠨ ᠵᠢᠷᠭᠠᠭᠠᠨ ᠰᠠᠭᠤᠶ᠎ᠠ ᠳᠠ
ᠣᠷᠴᠢᠯᠠᠩ ᠤ᠋ᠨ ᠠᠭᠤᠳᠠᠮ ᠠ᠋ᠴᠠ ᠰᠠᠷᠠᠨ ᠭᠡᠢᠬᠦ ᠰᠢᠭ
ᠣᠴᠢᠲᠠᠢᠬᠨ ᠢᠨᠢᠶᠡᠭᠰᠡᠭᠡᠷ ᠣᠷᠣᠭᠠᠳ ᠢᠷᠡᠭᠡᠴᠢ
ᠰᠠᠷᠠᠨ ᠤ᠋ ᠭᠡᠷᠡᠯ ᠳ᠋ᠦ᠍ ᠲᠤᠶᠠᠭᠠᠷᠠᠬᠤ ᠪᠣᠯᠣᠷ ᠠᠳᠠᠯᠢ
ᠰᠠᠢᠬᠠᠨ ᠴᠢᠮ᠎ᠠ ᠶ᠋ᠢ ᠪᠡᠨ ᠪᠡᠶᠡᠰᠦᠨ ᠤᠭᠲᠤᠶ᠎ᠠ
( ᠳᠠᠬᠢᠯᠲᠠ)
ᠪᠤᠷᠤᠭᠤ ᠵᠥᠪ ᠬᠣᠣᠰᠯᠠᠭᠰᠠᠨ ᠡᠨᠡᠬᠡᠨ ᠬᠣᠷᠸ᠎ᠠ ᠳ᠋ᠤ᠌
ᠪᠤᠶᠠᠨ ᠵᠠᠶᠠᠭ᠎ᠠ ᠪᠠᠨ ᠠᠷᠢᠭᠤᠨ ᠪᠠᠢᠯᠭᠠᠵᠤ
ᠨᠠᠷᠠᠨ ᠰᠠᠷᠠᠨ ᠮᠥᠩᠬᠡ ᠶ᠋ᠢᠨ ᠭᠡᠢᠬᠦ ᠠᠳᠠᠯᠢ
ᠨᠠᠰᠤᠨ ᠤ᠋ ᠵᠢᠷᠭᠠᠯ ᠢ᠋ᠶ᠋ᠠᠨ ᠬᠠᠮᠲᠤ ᠳ᠋ᠤ᠌ ᠪᠠᠨ ᠡᠳ᠋ᠯᠡᠶ᠎ᠡ
( ᠳᠠᠬᠢᠯᠲᠠ)
ᠦᠰᠦᠭ ᠠᠮᠢᠯᠠᠭᠤᠯᠤᠭᠴᠢ᠄ ᠰᠸᠷᠡᠩᠭᠤᠤᠡ
ᠦᠰᠦᠭ ᠬᠠᠲᠠᠭᠴᠢ᠄ ᠰᠸᠷᠡᠩᠭᠤᠤᠡ
ᠬᠢᠨᠠᠭᠴᠢ ᠪᠠᠭᠰᠢ᠄ ᠢᠷᠡᠭᠡᠳᠦᠢ
