ᠶᠤᠤᠮᠠᠢЮумай ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠤᠮᠠᠢЮумай

ᠶᠤᠤᠮᠠᠢЮумай

2024-05-19

258

ᠶᠤᠤᠮᠠᠢ

                     ᠦᠶᠡᠲᠦ ᠤᠷᠭᠤᠮᠠᠯ ᠤ᠋ᠨ ᠢᠵᠠᠭᠤᠷ 
     ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠪᠤᠲᠠᠯᠠᠵᠤ60—80cm ᠥᠨᠳᠥᠷ ᠰᠢᠯᠤᠭᠤᠨ ᠤᠷᠭᠤᠨ᠎ᠠ᠂ ᠶᠡᠷᠦ ᠳ᠋ᠦ᠍ ᠪᠡᠨ2—3 ᠦᠶ᠎ᠡ ᠲᠡᠢ᠃ ᠨᠠᠪᠴᠢᠨ ᠤ᠋ ᠲᠣᠭᠳᠣᠢ ᠨᠢ ᠰᠤᠯᠠᠬᠠᠨ᠃ ᠨᠠᠪᠴᠢᠨ ᠤ᠋ ᠬᠡᠯᠡ ᠨᠢ ᠲᠤᠩᠭᠠᠯᠠᠭ ᠲᠣᠷᠭᠠᠨ ᠬᠠᠯᠢᠰᠤᠯᠢᠭ᠂ 3mm ᠣᠷᠴᠢᠮ ᠤᠷᠲᠤ ; ᠨᠠᠪᠴᠢ ᠨᠢ ᠲᠡᠭᠰᠢᠬᠡᠨ ᠬᠠᠪᠲᠠᠭᠠᠢ᠂ ᠵᠥᠭᠡᠯᠡᠨ᠂ 8—18cm ᠤᠷᠲᠤ᠂ 3—9mm ᠥᠷᠭᠡᠨ᠂ ᠪᠠᠬᠠᠨ ᠠᠷᠵᠠᠭᠠᠷ ᠪᠠ ᠤᠭ ᠤ᠋ᠨ ᠬᠡᠰᠡᠭ ᠦ᠋ᠨ ᠬᠥᠪᠡᠭᠡ ᠳ᠋ᠦ᠍ᠨᠢ ᠵᠠᠷᠢᠮ ᠳᠤ ᠪᠠᠨ ᠨᠠᠷᠢᠨ ᠦᠰᠦ ᠲᠡᠢ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠤᠪᠤᠷᠭᠠᠨ ᠬᠡᠯᠪᠡᠷᠢ ᠲᠡᠢ᠂ ᠰᠠᠷᠪᠠᠢᠵᠤ ᠤᠷᠭᠤᠨ᠎ᠠ᠂ 15— ᠃20cm ᠤᠷᠲᠤ᠂ ᠰᠠᠯᠠᠭ᠎ᠠ ᠨᠤᠭᠤᠳ ᠨᠢ ᠢᠷᠮᠡᠭ ᠲᠡᠢ ᠪᠥᠭᠡᠳ ᠥᠷᠭᠡᠰᠦᠲᠡᠢ ᠮᠡᠲᠦ ᠠᠷᠵᠠᠭᠠᠷ ᠪᠠᠢᠳᠠᠭ ;  ᠵᠢᠵᠢᠭ ᠲᠦᠷᠦᠭᠦᠦ ᠨᠢ 2—4cm ᠤᠷᠲᠤ᠂ 3—6 ᠴᠡᠴᠡᠭ ᠲᠡᠢ ;  ᠵᠢᠵᠢᠭ ᠲᠦᠷᠦᠭᠦᠦ ᠶ᠋ᠢᠨ ᠲᠡᠩᠭᠡᠯᠢᠭ ᠨᠢ ᠤᠶᠠᠨ ᠪᠥᠬᠡ᠂ ᠦᠰᠦ ᠦᠭᠡᠢ᠂ ᠶᠡᠷᠦ ᠳ᠋ᠦ᠍ ᠪᠡᠨ ᠮᠤᠷᠤᠢ ᠪᠠ ᠨᠢᠭᠡᠳᠦᠭᠡᠷ ᠦᠶ᠎ᠡ ᠶ᠋ᠢᠨ ᠵᠠᠢ ᠨᠢ 1cm ᠣᠷᠴᠢᠮ ᠤᠷᠲᠤ ;  ᠬᠣᠶᠠᠷ ᠬᠠᠯᠢᠰᠤ ᠨᠢ ᠡᠪᠡᠰᠦᠯᠢᠭ᠂ ᠪᠠᠷᠤᠭ ᠲᠡᠩᠴᠡᠭᠦᠦ᠂ 15—25mm ᠤᠷᠲᠤ᠂ 7—11 ᠰᠤᠳᠠᠯ ᠲᠠᠢ ;  ᠭᠠᠳᠠᠷ ᠬᠡᠪᠡᠭ ᠨᠢ ᠦᠰᠦ ᠦᠭᠡᠢ᠂ ᠡᠪᠡᠰᠦᠯᠢᠭ ᠮᠥᠷᠲᠡᠭᠡᠨ ᠵᠥᠭᠡᠯᠡᠨ᠂ 9—11 ᠰᠤᠳᠠᠯ ᠲᠠᠢ᠂ ᠰᠠᠭᠤᠷᠢ ᠲᠠᠪᠠᠭ ᠨᠢ ᠦᠰᠦ ᠦᠭᠡᠢ᠂ ᠶᠡᠷᠦ ᠳ᠋ᠦ᠍ ᠪᠡᠨ ᠣᠨᠢ ᠪᠦᠬᠦᠢ ᠦᠵᠦᠭᠦᠷ ᠲᠡᠢ ;  ᠨᠢᠭᠡᠳᠦᠭᠡᠷ ᠭᠠᠳᠠᠷ ᠬᠡᠪᠡᠭ ᠨᠢ20—25mm ᠤᠷᠲᠤ᠂ ᠰᠤᠷ ᠦᠭᠡᠢ ᠪᠤᠶᠤ ᠠᠷᠤ ᠲᠠᠯ᠎ᠠ ᠶ᠋ᠢᠨ ᠦᠵᠦᠭᠦᠷ ᠣᠷᠴᠢᠮ ᠠ᠋ᠴᠠ ᠨᠢ ᠨᠢᠭᠡᠨ 1—2cm ᠤᠷᠲᠤ ᠨᠠᠷᠢᠬᠠᠨ ᠰᠤᠷ ᠤᠷᠭᠤᠵᠤ ᠰᠢᠯᠤᠭᠤᠨ ᠪᠤᠶᠤ ᠮᠠᠬᠢᠷ ᠪᠠᠢᠳᠠᠭ ;  ᠳᠣᠲᠣᠷ ᠬᠡᠪᠡᠭ ᠨᠢ ᠭᠠᠳᠠᠷ ᠬᠡᠪᠡᠭ ᠡᠴᠡ ᠪᠡᠨ ᠬᠣᠯᠠ ᠣᠬᠣᠷ ;  ᠠᠮᠤ ᠵᠢᠮᠢᠰ ᠨᠢ8mm ᠣᠷᠴᠢᠮ ᠤᠷᠲᠤ᠃
   ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠲᠠᠷᠢᠵᠤ ᠪᠣᠢ᠃
    ᠠᠮᠤ ᠵᠢᠮᠢᠰ ᠢ᠋ ᠨᠢ ᠭᠤᠯᠢᠷ ᠲᠠᠯᠬᠠᠳᠠᠵᠤ ᠢᠳᠡᠨ᠎ᠡ᠂ ᠡᠰᠡᠬᠦᠯ᠎ᠡ ᠮᠠᠯ ᠲᠡᠵᠢᠭᠡᠪᠦᠷᠢ ᠶ᠋ᠢᠨ ᠪᠣᠷᠳᠣᠭ᠎ᠠ ᠬᠢᠵᠦ ᠪᠣᠯᠳᠠᠭ᠃ ᠰᠦᠷᠡᠯ ᠦ᠋ᠨ ᠰᠢᠷᠬᠡᠭ ᠢ᠋ ᠨᠢ ᠨᠡᠬᠡᠮᠡᠯ ᠳ᠋ᠦ᠍ ᠬᠡᠷᠡᠭᠯᠡᠨ᠎ᠡ᠃
     ᠬᠢᠲᠠᠳ ᠨᠡᠷ᠎ᠡ᠄莜麦
      ᠠᠩᠭ᠌ᠯᠢ ᠨᠡᠷ᠎ᠡ᠄ Avena chinensis (Fisch. ex Roem. et Schult.) Metzger

                 ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                 ᠬᠢᠨᠠᠭᠴᠢ᠄ ᠲᠤᠶᠠᠭ᠎ᠠ