ᠮᠢᠨᠦ ᠰᠠᠢᠬᠠᠨ ᠡᠵᠢ-ᠪᠣᠯᠣᠳᠪᠠᠭᠠᠲᠤᠷМиний сайхан ээж-Болдбаатар
ᠮᠢᠨᠦ ᠰᠠᠢᠬᠠᠨ ᠡᠵᠢ
ᠦᠭᠡ᠄ ᠨ· ᠪᠠᠶᠠᠨᠮᠥ᠋ᠩᠬᠡ
ᠠᠶ᠎ᠠ᠄ ᠱ· ᠥᠯᠵᠡᠢᠪᠠᠶᠠᠷ
ᠳᠠᠭᠤᠴᠢᠨ᠄ ᠪᠣᠯᠣᠳᠪᠠᠭᠠᠲᠤᠷ
ᠤᠷᠠᠯᠠᠭᠰᠠᠨ ᠪᠠᠷᠢᠭᠤᠪᠴᠢ ᠨᠢ ᠮᠡᠨᠳᠦ ᠶ᠋ᠢᠨ ᠲᠠᠷᠨᠢ ᠲᠠᠢ
ᠤᠬᠠᠭᠠᠨ ᠰᠡᠳᠬᠢᠯ ᠳ᠋ᠦ᠍ ᠮᠢᠨᠢ ᠵᠥᠭᠡᠯᠡᠨ ᠪᠦᠪᠡᠢ ᠲᠡᠢ
ᠡᠩᠬᠦᠷᠡᠢ ᠦᠷᠡᠰ ᠲᠡᠭᠡᠨ ᠵᠦᠩ ᠢᠶᠡᠷ ᠢ᠋ᠶ᠋ᠠᠨ ᠬᠣᠯᠪᠣᠭ᠎ᠠ ᠲᠠᠢ
ᠡᠨᠡᠷᠢᠯ ᠦ᠋ᠨ ᠲᠩᠷᠢ ᠰᠠᠢᠬᠠᠨ ᠡᠵᠢ ᠮᠢᠨᠢ
ᠦᠷᠡᠰ ᠢ᠋ᠶ᠋ᠡᠨ ᠲᠣᠭᠣᠷᠢᠭᠤᠯᠵᠤ ᠰᠠᠭᠤᠬᠤ ᠳ᠋ᠤ᠌ ᠪᠠᠨ ᠵᠢᠷᠭᠠᠯ ᠲᠠᠢ
ᠦᠰᠦ ᠨᠢ ᠪᠤᠭᠤᠷᠤᠯ ᠰᠠᠢᠬᠠᠨ ᠡᠵᠢ ᠮᠢᠨᠢ
ᠡᠷᠭᠦᠭᠰᠡᠨ ᠰᠠᠴᠤᠯᠢ ᠨᠢ ᠰᠠᠢᠨ ᠤ᠋ ᠢᠷᠦᠭᠡᠯ ᠲᠡᠢ
ᠥᠰᠬᠦ ᠨᠠᠰᠤᠨ ᠳ᠋ᠤ᠌ ᠮᠢᠨᠢ ᠤᠴᠢᠷᠯᠠᠬᠤ ᠰᠤᠷᠭᠠᠯ ᠲᠠᠢ
ᠬᠣᠩᠭᠣᠷ ᠦᠷᠡᠰ ᠲᠡᠭᠡᠨ ᠰᠣᠪᠢᠩ ᠢᠶᠡᠷ ᠬᠣᠯᠪᠣᠭ᠎ᠠ ᠲᠠᠢ
ᠬᠣᠣᠰ ᠦᠭᠡᠢ ᠠᠴᠢᠯᠠᠯᠲᠤ ᠰᠠᠢᠬᠠᠨ ᠡᠵᠢ ᠮᠢᠨᠢ
ᠦᠷᠡᠰ ᠢ᠋ᠶ᠋ᠡᠨ ᠲᠣᠭᠣᠷᠢᠭᠤᠯᠵᠤ ᠰᠠᠭᠤᠬᠤ ᠳ᠋ᠤ᠌ ᠪᠠᠨ ᠵᠢᠷᠭᠠᠯ ᠲᠠᠢ
ᠦᠰᠦ ᠨᠢ ᠪᠤᠭᠤᠷᠤᠯ ᠰᠠᠢᠬᠠᠨ ᠡᠵᠢ ᠮᠢᠨᠢ
ᠢᠷᠡᠬᠦ ᠶ᠋ᠢᠨ ᠰᠤᠷᠠᠭ ᠢᠶᠡᠷ ᠮᠢᠨᠢ ᠳᠡᠩᠰᠡᠯᠬᠦ ᠬᠦᠯᠢᠶᠡᠯᠲᠡ ᠲᠡᠢ
ᠡᠵᠢ ᠰᠡᠳᠬᠢᠯ ᠦ᠋ᠨ ᠬᠠᠲᠤᠨ ᠠᠶᠠᠯᠭᠤ ᠲᠠᠢ
ᠦᠨᠦᠰᠦᠭᠦᠯᠵᠦ ᠡᠴᠡᠭᠡᠨ ᠵᠣᠭᠰᠣᠬᠤ ᠳ᠋ᠤ᠌ ᠪᠠᠨ ᠪᠤᠷᠤᠭᠤ ᠶ᠋ᠢ ᠮᠢᠨᠢ ᠦᠷᠭᠦᠭᠡᠳᠡᠭ
ᠦᠯᠡᠮᠵᠢ ᠶ᠋ᠢᠨ ᠳᠡᠭᠡᠳᠦ ᠨᠢ ᠰᠠᠢᠬᠠᠨ ᠡᠵᠢ ᠮᠢᠨᠢ
ᠦᠷᠡᠰ ᠢ᠋ᠶ᠋ᠡᠨ ᠲᠣᠭᠣᠷᠢᠭᠤᠯᠵᠤ ᠰᠠᠭᠤᠬᠤ ᠳ᠋ᠤ᠌ ᠪᠠᠨ ᠵᠢᠷᠭᠠᠯ ᠲᠠᠢ
ᠦᠰᠦ ᠨᠢ ᠪᠤᠭᠤᠷᠤᠯ ᠰᠠᠢᠬᠠᠨ ᠡᠵᠢ ᠮᠢᠨᠢ
ᠦᠷᠡᠰ ᠢ᠋ᠶ᠋ᠡᠨ ᠲᠣᠭᠣᠷᠢᠭᠤᠯᠵᠤ ᠰᠠᠭᠤᠬᠤ ᠳ᠋ᠤ᠌ ᠪᠠᠨ ᠵᠢᠷᠭᠠᠯ ᠲᠠᠢ
ᠦᠰᠦ ᠨᠢ ᠪᠤᠭᠤᠷᠤᠯ ᠰᠠᠢᠬᠠᠨ ᠡᠵᠢ ᠮᠢᠨᠢ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠦᠰᠦᠭ ᠬᠠᠲᠠᠭᠰᠠᠨ᠄ ᠪᠦᠷᠢᠨᠵᠢᠷᠭᠠᠯ
ᠬᠢᠨᠠᠭᠴᠢ ᠪᠠᠭᠰᠢ᠄ ᠭᠡᠷᠡᠯ· ᠡᠷᠳᠡᠨᠢᠪᠢᠯᠢᠭ· ᠭᠡᠷᠡᠯᠲᠤᠶᠠᠭ᠎ᠠ· ᠢᠷᠡᠭᠡᠳᠦᠢ
