ᠬᠠᠷ᠎ᠠ ᠴᠠᠭᠠᠨ ᠪᠦᠰᠡ ᠶ᠋ᠢᠨ ᠴᠡᠭᠡᠷХар цагаан бүсийн цэхэр
ᠬᠠᠷ᠎ᠠ ᠴᠠᠭᠠᠨ ᠪᠦᠰᠡ ᠶ᠋ᠢᠨ ᠴᠡᠭᠡᠷ
ᠵᠠ᠂ ᠳᠠᠶᠠᠭᠠᠷ ᠢ᠋ᠶ᠋ᠠᠨ ᠰᠠᠢᠨ ᠪᠠᠢᠵᠠᠭᠠᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ?
ᠵᠠ᠂ ᠣᠢᠷ᠎ᠠ ᠶ᠋ᠢᠨ ᠡᠳᠦᠷ ᠣᠳᠣ ᠪᠢ ᠨᠤᠲᠤᠭ ᠤᠰᠤ ᠪᠠᠷ ᠢ᠋ᠶ᠋ᠠᠨ ᠶᠠᠪᠤᠵᠤ᠂ ᠤᠷᠤᠭ ᠬᠤᠷᠢᠮ ᠢ᠋ᠶ᠋ᠠᠷ ᠬᠦᠷᠦᠯ᠎ᠡ᠂ ᠵᠢᠯ ᠤᠰᠤᠨ ᠤ᠋ ᠪᠠᠶᠠᠷ ᠢ᠋ᠶ᠋ᠠᠷ ᠶᠠᠪᠤᠯ᠎ᠠ᠃
ᠵᠠ᠂ ᠮᠠᠨ ᠤ᠋ ᠦᠵᠦᠮᠦᠴᠢᠨ ᠮᠣᠩᠭᠣᠯᠴᠤᠳ ᠣᠳᠣ ᠥᠪᠡᠷ ᠦ᠋ᠨ ᠰᠠᠢᠬᠠᠨ ᠬᠤᠪᠴᠠᠰᠤ ᠵᠠᠰᠠᠯ ᠢ᠋ᠶ᠋ᠠᠷ ᠢ᠋ᠶ᠋ᠠᠨ ᠭᠠᠩᠭᠠᠯᠠᠵᠤ ᠴᠢᠮᠡᠭᠯᠡᠵᠦ᠂ ᠨᠠᠢᠷ ᠲᠤ ᠨᠢ ᠨᠠᠷᠭᠢᠶᠠᠨ ᠨᠡᠮᠡᠵᠦ᠂ ᠬᠥᠷ ᠲᠦ᠍ ᠨᠢ ᠬᠥᠭᠵᠢᠶᠡᠨ ᠨᠡᠮᠡᠵᠦ ᠪᠠᠢᠬᠤ ᠶ᠋ᠢ ᠦᠵᠡᠯ᠎ᠡ᠃ ᠪᠠᠰᠠ ᠣᠯᠠᠨ ᠶᠠᠭᠤᠮ᠎ᠠ ᠪᠣᠳᠣᠭᠳᠠᠯ᠎ᠠ᠃
ᠮᠠᠨ ᠤ᠋ ᠦᠵᠦᠮᠦᠴᠢᠨ ᠦ᠌ ᠬᠤᠪᠴᠠᠰᠤ ᠵᠠᠰᠠᠯ ᠪᠣᠯ ᠣᠳᠣ ᠦᠨᠡᠨ ᠳ᠋ᠦ᠍ ᠪᠡᠨ ᠪᠣᠯ ᠣᠳᠣ ᠭᠠᠷ ᠤ᠋ᠨ ᠤᠷ᠎ᠠ ᠶ᠋ᠢ ᠭᠠᠢᠬᠠᠭᠤᠯᠤᠭᠰᠠᠨ ᠦᠢᠯᠡ ᠣᠶᠣᠳᠠᠯ ᠰᠢᠦ! ᠣᠳᠣ ᠨᠢᠭᠡ ᠵᠦᠢᠯ ᠦ᠋ᠨ ᠥᠪᠡᠷᠮᠢᠴᠡ ᠣᠨᠴᠠᠯᠢᠭ ᠲᠠᠢ ᠵᠠᠰᠠᠯ ᠴᠢᠮᠡᠭᠯᠡᠯ ᠦ᠋ᠳ ᠪᠠᠢᠭ᠎ᠠ ᠶᠤᠮ ᠠ᠋! ᠳᠠᠬᠢᠭᠠᠳ ᠬᠡᠯᠡᠪᠡᠯ ᠮᠠᠨ ᠤ᠋ ᠬᠢᠨ ᠦ᠌ ᠣᠳᠣ ᠪᠦᠷ᠂ ᠠ᠋᠁ ᠲᠥᠷᠥᠯ ᠵᠦᠢᠯ ᠢ᠋ᠶ᠋ᠡᠨ ᠰᠠᠢᠬᠠᠨ ᠢᠯᠭᠠᠳᠠᠭ᠃ ᠳᠡᠪᠡᠯ᠂ ᠵᠤᠪᠴᠠᠭ᠎ᠠ᠂ ᠲᠡᠷᠯᠢᠭ᠂ ᠴᠠᠮᠴᠠ᠁ ᠭᠡᠳ ᠢᠯᠭᠠᠳᠠᠭ ᠢ᠋ ᠪᠢᠳᠡ ᠪᠦᠬᠦᠨ ᠮᠡᠳᠡᠨ᠎ᠡ᠃
ᠥᠨᠥᠳᠥᠷ ᠦ᠋ᠨ ᠴᠠᠭ ᠦᠶ᠎ᠡ ᠪᠡᠨ ᠳᠠᠭᠠᠭᠠᠳ ᠪᠣᠯ ᠣᠳᠣ᠂ ᠠ᠋᠁ ᠶᠡᠬᠡ ᠥᠭᠡᠷᠡᠴᠢᠯᠡᠭᠳᠡᠵᠡᠢ᠃ ᠡᠮᠵᠢᠶᠡᠷᠢ ᠴᠢᠮᠬᠢᠶᠡᠷᠢ ᠪᠣᠯ ᠨᠡᠩ ᠣᠳᠣ ᠬᠡᠯᠡᠬᠦ ᠶᠠᠷᠢᠬᠤ ᠶᠠᠭᠤᠮ᠎ᠠ ᠪᠠᠢᠬᠤ ᠦᠭᠡᠢ᠃ ᠵᠠ᠂ ᠡᠭᠦᠨ ᠦ᠌ ᠲᠤᠬᠠᠢ ᠪᠢ ᠪᠠᠰᠠ ᠥᠩᠭᠡᠷᠡᠦ ᠶᠠᠭᠤᠮ᠎ᠠ ᠶᠠᠷᠢᠮᠠᠷ ᠦᠭᠡᠢ ᠪᠠᠢᠨ᠎ᠠ᠃ ᠭᠡᠪᠡᠴᠦ ᠪᠣᠯ ᠶᠠᠭᠠᠬᠢᠨ᠎ᠠ⁈ ᠬᠤᠪᠴᠠᠰᠤ ᠵᠠᠰᠠᠯ ᠤ᠋ᠨ ᠢ᠋ᠶ᠋ᠠᠨ ᠳᠣᠲᠣᠷ᠎ᠠ ᠠ᠋ᠴᠠ ᠪᠦᠰᠡ ᠭᠡᠳᠡᠭ ᠪᠣᠯ ᠡᠷᠬᠢᠮ ᠨᠠᠨᠳᠢᠨ ᠶᠠᠭᠤᠮ᠎ᠠ ᠶᠤᠮ ᠠ᠋! ᠴᠢᠩᠭᠢᠭᠡᠳ ᠡᠨᠡ ᠪᠦᠰᠡ ᠶ᠋ᠢ ᠪᠦᠰᠡᠯᠡᠵᠦ ᠪᠠᠢᠭ᠎ᠠ ᠶ᠋ᠢᠨ ᠲᠠᠯ᠎ᠠ ᠳᠡᠭᠡᠷ᠎ᠡ ᠪᠢ ᠬᠠᠷᠢᠨ᠂ ᠣᠯᠠᠨ ᠶᠠᠭᠤᠮ᠎ᠠ ᠪᠣᠳᠣᠭᠳᠠᠯ᠎ᠠ ᠰᠢᠦ᠃
ᠣᠳᠣ ᠬᠠᠷᠢᠨ ᠮᠠᠨ ᠤ᠋ ᠵᠠᠯᠠᠭᠤᠴᠤᠳ ᠥᠩᠭᠡ ᠪᠣᠳᠣᠭ ᠢ᠋ᠶ᠋ᠠᠨ ᠢᠯᠭᠠᠵᠤ ᠴᠢᠳᠠᠳᠠᠭ ᠦᠭᠡᠢ ᠶᠦᠮ ᠤᠤ᠂ ᠪᠠᠰᠠ ᠨᠢᠭᠡ《ᠴᠡᠭᠡᠷ》 ᠲᠡᠢ ᠶᠠᠭᠤ ᠲᠠᠢ ᠤᠴᠢᠷ ᠭᠡᠳᠡᠭ ᠢ᠋ ᠮᠡᠳᠡᠳᠡᠭ ᠦᠭᠡᠢ ᠶᠦᠮ ᠤᠤ⁈ ᠬᠠᠷ᠎ᠠ ᠪᠦᠰᠡ ᠶᠦᠮ ᠤᠤ᠂ ᠴᠠᠭᠠᠨ ᠪᠦᠰᠡ ᠪᠦᠰᠡᠯᠡᠳᠡᠭ ᠤᠴᠢᠷ ᠠᠷᠪᠢᠨ ᠲᠣᠬᠢᠶᠠᠯᠳᠤᠯ᠎ᠠ᠂ ᠠᠷᠪᠢᠨ ᠬᠠᠷᠠᠭᠳᠠᠯ᠎ᠠ᠃
ᠵᠠ᠂ ᠡᠨᠡ ᠪᠣᠯ ᠣᠳᠣ ᠪᠥᠰᠡᠨ ᠦ᠌ ᠲᠠᠯ᠎ᠠ ᠬᠠᠷ᠎ᠠ ᠪᠦᠰᠡ᠂ ᠴᠠᠭᠠᠨ ᠪᠦᠰᠡ ᠶ᠋ᠢ ᠪᠣᠯ ᠮᠠᠨ ᠤ᠋ ᠮᠣᠩᠭᠣᠯᠴᠤᠳ ᠬᠠᠮᠤᠭ ᠤ᠋ᠨ ᠶᠡᠬᠡ ᠣᠳᠣ ᠴᠡᠭᠡᠷᠯᠡᠳᠡᠭ᠃ ᠠ᠋᠁《ᠪᠡᠯᠪᠡᠰᠦᠷᠡᠯ ᠪᠡᠯᠭᠡ ᠮᠠᠭᠤᠲᠠᠢ ᠥᠩᠭᠡ ᠪᠣᠳᠣᠭ》 ᠭᠡᠵᠦ ᠦᠵᠡᠳᠡᠭ ᠪᠣᠯᠬᠤ ᠶ᠋ᠢ ᠪᠣᠯ ᠲᠠ ᠪᠦᠬᠦᠨ ᠣᠢᠯᠠᠭᠠᠵᠤ ᠮᠡᠳᠡᠭᠰᠡᠨ ᠪᠠᠢᠬᠤ ᠬᠡᠷᠡᠭᠲᠡᠢ᠃
ᠥᠨᠥᠳᠥᠷ ᠬᠠᠷᠢᠨ ᠥᠪᠡᠷᠲᠡᠭᠡᠨ ᠪᠦᠰᠡᠯᠡᠬᠦ ᠪᠡᠷ ᠪᠠᠷᠠᠬᠤ ᠦᠭᠡᠢ᠂ ᠠᠪᠤ ᠡᠵᠢ ᠳ᠋ᠦ᠍ ᠪᠡᠨ ᠪᠦᠰᠡᠯᠡᠭᠦᠯᠵᠦ ᠪᠠᠢᠬᠤ ᠶ᠋ᠢ ᠪᠢ ᠪᠠᠰᠠ ᠣᠯᠵᠤ ᠦᠵᠡᠯ᠎ᠡ᠃ ᠦᠨᠡᠬᠡᠷ ᠭᠠᠢᠬᠠᠰᠢ ᠲᠥᠷᠥᠵᠦ ᠪᠠᠢᠨ᠎ᠠ᠂ ᠮᠠᠨ ᠤ᠋ ᠠᠬᠠᠮᠠᠳ ᠲᠣᠮᠣᠭᠠᠲᠠᠨ ᠨᠤᠭᠤᠳ ᠪᠠᠰᠠ ᠣᠳᠣ ᠬᠡᠦᠬᠡᠳ ᠦ᠋ᠨ ᠢ᠋ᠶ᠋ᠡᠨ ᠰᠠᠨᠠᠭ᠎ᠠ ᠪᠠᠷ ᠪᠦᠰᠡᠯᠡᠭᠡᠳ ᠪᠠᠢᠵᠤ ᠪᠣᠯᠳᠠᠭ ᠦᠭᠡᠢ ᠪᠢᠵᠡ⁈ ᠡᠨᠡ ᠴᠢᠨᠢ ᠡᠢᠮᠦ ᠤᠴᠢᠷ ᠲᠠᠢ᠂ ᠲᠡᠢᠮᠦ ᠰᠢᠯᠲᠠᠭᠠᠨ ᠲᠠᠢ ᠭᠡᠳᠡᠭ ᠢ᠋ ᠬᠡᠯᠡᠵᠦ ᠥᠭᠴᠦ ᠶᠠᠷᠢᠵᠤ ᠪᠣᠯᠤᠨ᠎ᠠ ᠭᠡᠵᠦ ᠪᠢ ᠪᠣᠳᠣᠵᠤ ᠪᠠᠢᠨ᠎ᠠ᠃ ᠴᠢᠩᠭᠢᠭᠡᠳ ᠣᠳᠣ ᠶ᠋ᠢᠨ ᠪᠣᠯ ᠣᠳᠣ ᠶᠠᠭᠤᠮ᠎ᠠ ᠡᠯᠪᠡᠭ ᠳᠡᠯᠪᠡᠭ ᠪᠣᠯᠴᠢᠬᠠᠬᠤ ᠳ᠋ᠤ᠌ ᠶᠠᠭᠤ ᠯᠠ ᠪᠣᠯ ᠶᠠᠭᠤ ᠠᠪᠤᠭᠠᠳ ᠪᠦᠰᠡᠯᠡᠵᠦ ᠪᠣᠯᠬᠤ ᠦᠭᠡᠢ ᠰᠢᠦ! ᠵᠠᠯᠠᠭᠤᠴᠤᠳ ᠮᠢᠨᠢ ᠠ᠋᠂ ᠵᠠᠪᠠᠯ ᠠᠩᠬᠠᠷᠤᠯ ᠳ᠋ᠤ᠌ ᠪᠠᠨ ᠠᠪᠬᠤ ᠬᠡᠷᠡᠭᠲᠡᠢ᠃ ᠶᠠᠮᠠᠷᠪᠠ ᠶᠠᠭᠤᠮ᠎ᠠ ᠶ᠋ᠢ ᠪᠣᠯᠬᠤ᠂ ᠪᠣᠯᠬᠤ ᠦᠭᠡᠢ ᠭᠡᠳᠡᠭ ᠢ᠋ ᠲᠤᠩᠭᠠᠵᠤ ᠪᠣᠳᠣᠬᠤ ᠬᠡᠷᠡᠭᠲᠡᠢ᠃
ᠵᠠ᠂ ᠡᠢᠮᠦ ᠡᠴᠡ ᠮᠠᠨ ᠤ᠋ ᠦᠵᠦᠮᠦᠴᠢᠨ ᠵᠠᠯᠠᠭᠤᠴᠤᠳ ᠢ᠋ᠶ᠋ᠠᠨ ᠬᠦᠰᠡᠨ ᠨᠠᠢᠳᠠᠬᠤ ᠨᠢ᠄ ᠲᠠ ᠪᠦᠬᠦᠨ ᠮᠢᠨᠢ ᠬᠠᠷ᠎ᠠ ᠪᠦᠰᠡ᠂ ᠴᠠᠭᠠᠨ ᠪᠦᠰᠡ ᠪᠢᠲᠡᠭᠡᠢ ᠪᠦᠰᠡᠯᠡᠭᠡᠷᠡᠢ ᠭᠡᠳᠡᠭ ᠢ᠋ ᠬᠡᠯᠡᠮᠡᠷ ᠪᠠᠢᠨ᠎ᠠ᠃ ᠠᠩᠬᠠᠷᠤᠯ ᠳ᠋ᠤ᠌ ᠪᠠᠨ ᠠᠪᠬᠤ ᠶ᠋ᠢ ᠬᠦᠰᠡᠵᠦ ᠪᠠᠢᠨ᠎ᠠ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠳᠠᠭᠴᠢ᠄ ᠮᠥᠩᠬᠡ ᠭᠠᠯ
ᠬᠢᠨᠠᠭᠴᠢ᠄ ᠢᠷᠡᠭᠡᠳᠦᠢ᠂ ᠤᠷᠠᠨᠲᠠᠨ᠎ᠠ
