ᠸᠸᠨ ᠸᠠᠩ ᠡᠵᠡᠨ ᠤ ᠮᠡᠷᠭᠡᠨ ᠲᠥᠯᠭᠡ 21-30 Вен ван эзний мэргэн төлөг 21-30
〇⊕⊕〇〇〇 ᠬᠣᠷᠢᠨ ᠬᠣᠶᠠᠳᠤᠭᠠᠷ ᠲᠥᠯᠭᠡ : ᠲᠡᠭᠷᠢ ᠭᠠᠵᠠᠷ ᠢ ᠬᠦᠯᠢᠶᠡᠭᠰᠡᠨ ᠵᠢᠶᠠᠩ ᠱᠠᠩ ᠤ᠋ᠨ ᠭᠠᠰᠢᠭᠤᠨ ᠵᠣᠪᠠᠯᠠᠩ ᠳ᠋ᠤᠷ ᠣᠷᠣᠭᠰᠠᠨ ᠲᠥᠯᠭᠡ ᠂ ᠵᠠᠭᠤᠨ ᠰᠠᠬᠢᠭᠤᠯᠰᠤᠨ ᠲᠡᠳᠬᠦᠵᠦ ᠭᠠᠷᠭᠠᠪᠠ᠂ ᠦᠯᠢᠭᠡᠷᠯᠡᠪᠡᠰᠦ ᠵᠣᠪᠠᠯᠠᠩ ᠠᠯᠳᠠᠷᠠᠭᠠᠳ ᠵᠢᠷᠭᠠᠯ ᠢᠷᠡᠭᠰᠡᠨ ᠯᠤᠭ᠎ᠠ ᠠᠳᠠᠯᠢ᠂ ᠡᠳ᠋ ᠠᠰᠢᠭ ᠣᠯᠬᠤ᠂ ᠵᠠᠷᠭᠤ ᠣᠯᠬᠤ᠂ ᠡᠪᠡᠳᠴᠢᠨ ᠥᠪᠡᠷ ᠢ᠋ᠶ᠋ᠡᠨ ᠠᠷᠢᠯᠬᠤ᠂ ᠤᠷᠤᠭ ᠬᠣᠶᠠᠷ ᠢᠳᠡᠭᠡᠳ ᠳᠤᠷᠠᠲᠠᠢ ᠪᠦᠲᠦᠬᠦ᠂ ᠨᠢᠭᠡᠨ ᠬᠥᠮᠦᠨ ᠭᠠᠳᠠᠭᠰᠢ ᠭᠠᠷᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
〇⊕⊕⊕⊕⊕ ᠬᠣᠷᠢᠨ ᠭᠤᠷᠪᠠᠳᠤᠭᠠᠷ ᠲᠥᠯᠭᠡ : ᠵᠢᠯ ᠦ᠋ᠨ ᠶᠠᠪᠤᠳᠠᠯ ᠶᠡᠬᠡ ᠵᠣᠪᠠᠯᠠᠩᠲᠠᠢ ᠬᠡᠯᠡ ᠠᠮᠠ ᠶ᠋ᠢᠨ ᠠᠶᠤᠯᠲᠠᠢ᠂ ᠦᠯᠢᠭᠡᠷᠯᠡᠪᠡᠰᠦ ᠵᠠᠷᠠᠭ᠎ᠠ ᠶ᠋ᠢ ᠲᠣᠭᠣᠭᠰᠠᠨ ᠠᠳᠠᠯᠢ᠂ ᠡᠳ᠋ ᠲᠣᠷ ᠭᠠᠷᠤᠵᠠᠲᠠᠢ ᠬᠥᠮᠦᠨ ᠤ ᠶᠠᠪᠤᠳᠠᠯ ᠳ᠋ᠤᠷ ᠬᠠᠪᠴᠢᠭᠳᠠᠬᠤ᠂ ᠭᠠᠳᠠᠭᠰᠢ ᠭᠠᠷᠤᠪᠠᠰᠤ ᠵᠣᠪᠠᠯᠠᠩ ᠳ᠋ᠤᠷ ᠣᠷᠣᠬᠤ᠂ ᠡᠳ᠋ ᠠᠰᠢᠭ ᠦᠯᠦ ᠣᠯᠬᠤ ᠤᠷᠤᠭ ᠪᠦᠲᠦᠬᠦ ᠦᠭᠡᠢ᠂ ᠵᠠᠷᠭᠤ ᠠᠯᠳᠠᠬᠤ ᠡᠪᠡᠳᠴᠢᠨ ᠬᠦᠨᠳᠦ ᠠᠯᠳᠠᠭᠤᠯ ᠣᠯᠬᠤ ᠦᠭᠡᠢ᠂ ᠨᠢᠭᠡᠨ ᠬᠥᠮᠦᠨ ᠡᠳ᠋ ᠦ᠋ᠨ ᠲᠤᠯᠠ ᠦᠵᠡᠭᠦᠯᠪᠡᠰᠦ ᠡᠨᠡ ᠳᠥᠯᠭᠡᠨ ᠪᠠᠭᠤᠭᠰᠠᠨ ᠪᠥᠯᠥᠭᠡ᠃
〇⊕⊕⊕〇〇 ᠬᠣᠷᠢᠨ ᠳᠥᠷᠪᠡᠳᠦᠭᠡᠷ ᠲᠥᠯᠭᠡ : ᠬᠡᠢ ᠮᠣᠷᠢ ᠪᠦᠷᠢᠨ ᠦᠭᠡᠢ᠂ ᠡᠨᠡ ᠡᠳᠦᠷ᠂ ᠵᠡᠭᠦᠨ ᠳ᠋ᠦ᠍ᠷ ᠬᠡᠢᠰᠬᠡᠪᠡᠰᠦ ᠮᠠᠷᠭᠠᠲᠠ ᠪᠠᠷᠠᠭᠤᠨ ᠲᠠᠢ ᠠ᠋ᠴᠠ ᠳᠠᠯᠳᠠᠭᠤᠷ ᠬᠣᠣᠷ ᠢᠷᠡᠮᠦᠢ᠂ ᠡᠳ᠋ ᠠᠰᠢᠭ ᠲᠤᠷ ᠭᠠᠷᠤᠵᠠ ᠲᠠᠢ᠂ ᠰᠡᠳᠬᠢᠯ ᠰᠠᠨᠠᠭ᠎ᠠ ᠨᠠᠮᠤᠷ ᠦᠭᠡᠢ᠂ ᠶᠠᠪᠤᠳᠠᠯ ᠰᠠᠲᠤᠪᠠᠰᠤ ᠭᠡᠷ ᠦ᠋ᠨ ᠬᠥᠮᠦᠨ ᠬᠣᠣᠳᠤᠯᠠᠮᠤᠢ᠂ ᠡᠳ᠋ ᠠᠰᠢᠭ ᠢ ᠦᠯᠦ ᠣᠯᠬᠤ᠂ ᠡᠪᠡᠳᠴᠢᠨ ᠬᠦᠨᠳᠦ ᠪᠣᠯᠬᠤ᠂ ᠭᠠᠳᠠᠭᠰᠢ ᠭᠠᠷᠤᠪᠠᠰᠤ ᠡᠳ᠋ ᠦᠯᠦ ᠣᠯᠬᠤ᠂ ᠨᠢᠭᠡᠨ ᠠᠯᠲᠠᠨ ᠵᠥᠭᠡᠢ ᠶᠢᠷᠲᠢᠨᠴᠦ ᠶ᠋ᠢ ᠰᠤᠷᠤᠭᠰᠠᠨ ᠮᠡᠲᠦ ᠲᠥᠯᠭᠡ ᠪᠥᠯᠥᠭᠡ᠃
⊕⊕〇⊕⊕〇 ᠬᠣᠷᠢᠨ ᠲᠠᠪᠤᠳᠤᠭᠠᠷ ᠲᠥᠯᠭᠡ : ᠨᠢᠭᠡᠨ ᠪᠢᠴᠢᠭ ᠦ᠋ᠨ ᠡᠷᠳᠡᠮ ᠳ᠋ᠦ᠍ᠷ ᠮᠡᠷᠭᠡᠰᠢᠭᠰᠡᠨ ᠬᠥᠮᠦᠨ ᠨᠢᠭᠡᠨ ᠴᠠᠭᠲᠤᠷ ᠰᠠᠢᠨ ᠭᠠᠵᠠᠷ ᠢ ᠣᠯᠤᠭᠰᠠᠨ ᠮᠡᠲᠦ ᠲᠥᠯᠭᠡ᠂ ᠲᠦᠮᠡᠨ ᠡᠬᠢ ᠲᠡᠢ᠂ ᠶᠠᠪᠤᠳᠠᠯ ᠪᠦᠲᠦᠬᠦ᠂ ᠡᠳ᠋ ᠠᠰᠢᠭ ᠨᠡᠷ᠎ᠡ ᠵᠡᠷᠭᠡ ᠶ᠋ᠢ ᠣᠯᠬᠤ᠂ ᠭᠡᠷ ᠡᠷᠦᠬᠡ ᠶ᠋ᠢᠨ ᠶᠠᠪᠤᠳᠠᠯ ᠳ᠋ᠤᠷ ᠥᠨᠳᠥᠷ ᠪᠡᠶ᠎ᠡ ᠲᠡᠢ ᠬᠥᠮᠦᠨ ᠲᠤᠰᠠᠯᠠᠬᠤ᠂ ᠵᠠᠷᠭᠤ ᠳᠡᠢᠯᠬᠦ᠂ ᠤᠷᠤᠭ ᠪᠦᠲᠦᠬᠦ᠂ ᠡᠪᠡᠳᠴᠢᠨ ᠠᠮᠤᠷᠵᠢᠬᠤ ᠠᠯᠳᠠᠭᠤᠯ ᠳᠠᠷᠤᠢ ᠣᠯᠬᠤ᠂ ᠨᠢᠭᠡᠨ ᠴᠡᠷᠢᠭ ᠦ᠋ᠨ ᠬᠥᠮᠦᠨ ᠦᠵᠡᠬᠦᠯᠭᠦᠢ ᠳ᠋ᠦ᠍ᠷ ᠪᠠᠭᠤᠭᠰᠠᠨ ᠲᠥᠯᠭᠡ ᠪᠥᠯᠥᠭᠡ᠃
⊕⊕〇〇〇〇 ᠬᠣᠷᠢᠨ ᠵᠢᠷᠭᠤᠳᠤᠭᠠᠷ ᠲᠥᠯᠭᠡ : ᠨᠢᠭᠡᠨ ᠬᠥᠮᠦᠨ ᠭᠠᠯ ᠳ᠋ᠤᠷ ᠣᠷᠣᠭᠰᠠᠨ ᠵᠣᠪᠠᠯᠠᠩ ᠲᠤᠰᠬᠤᠢ ᠳ᠋ᠤᠷ ᠪᠤᠶᠠᠨᠲᠤ ᠬᠥᠮᠦᠨ ᠠᠪᠤᠷᠠᠵᠤ ᠭᠠᠷᠭᠠᠪᠠ᠂ ᠡᠳ᠋ ᠠᠰᠢᠭ ᠡᠷᠢᠪᠡᠰᠦ ᠪᠤᠶᠠᠨᠲᠤ ᠬᠥᠮᠦᠨ ᠲᠡᠳᠬᠦᠬᠦ᠂ ᠠᠯᠳᠠᠭᠤᠯ ᠰᠤᠷᠠᠭ ᠰᠣᠨᠣᠰᠬᠤ᠂ ᠵᠠᠷᠭᠤ ᠲᠡᠢᠯᠡᠬᠦ ᠤᠷᠤᠭ ᠪᠦᠲᠦᠬᠦ᠂ ᠭᠠᠷᠤᠭᠰᠠᠨ ᠬᠥᠮᠦᠨ ᠤ ᠰᠤᠷᠠᠭ ᠢ ᠰᠣᠨᠣᠰᠬᠤ᠂ ᠡᠪᠡᠳᠴᠢᠨ ᠡᠮᠦᠨ᠎ᠡ ᠬᠦᠨᠳᠦ ᠬᠣᠢᠨ᠎ᠠ ᠬᠥᠩᠭᠡᠨ᠂ ᠶᠠᠪᠤᠳᠠᠯ ᠳ᠋ᠤ᠌ ᠠᠬ᠎ᠠ ᠳᠡᠬᠦᠦᠨᠠᠷ ᠲᠤᠰᠠᠯᠠᠬᠤ᠂ ᠨᠢᠭᠡ ᠬᠥᠮᠦᠨ ᠠᠵᠤ ᠲᠥᠷᠥᠬᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕〇⊕〇⊕ ᠬᠣᠷᠢᠨ ᠳᠣᠯᠣᠳᠤᠭᠠᠷ ᠲᠥᠯᠭᠡ ᠂ ᠦᠳᠡᠰᠢ ᠶ᠋ᠢᠨ ᠬᠤᠪᠢ ᠳ᠋ᠤᠷ ᠬᠤᠯᠠᠭᠠᠢ ᠣᠷᠣᠭᠰᠠᠨ ᠠᠳᠠᠯᠢ᠂ ᠥᠪᠡᠷ ᠦ᠋ᠨ ᠰᠢᠷ᠎ᠠ ᠨᠣᠬᠠᠢ ᠪᠠᠨ ᠬᠥᠭᠡᠭᠡᠵᠦ ᠭᠠᠷᠭᠠᠭᠰᠠᠨ ᠮᠡᠲᠦ᠂ ᠲᠣᠯᠢ ᠳᠣᠲᠣᠷ᠎ᠠ ᠳᠡᠯᠭᠡᠷᠡᠭᠰᠡᠨ ᠴᠡᠴᠡᠭ ᠢ ᠬᠥᠯᠡᠭᠰᠡᠨ ᠲᠥᠯᠭᠡ᠂ ᠡᠳ᠋ ᠠᠰᠢᠭ ᠣᠯᠬᠤ ᠦᠭᠡᠢ ᠠᠯᠳᠠᠷ ᠨᠡᠷ᠎ᠡ ᠬᠣᠭᠣᠰᠣᠨ ᠪᠣᠯᠬᠤ ᠡᠪᠡᠳᠴᠢᠨ ᠤᠳᠠᠭᠠᠰᠢᠷᠠᠬᠤ᠂ ᠶᠠᠪᠤᠳᠠᠯ ᠰᠠᠨᠠᠭ᠎ᠠ ᠪᠠᠷ ᠦᠯᠦ ᠪᠦᠲᠦᠬᠦ᠂ ᠵᠠᠷᠭᠤ ᠦᠯᠦ ᠣᠯᠬᠤ ᠠᠯᠳᠠᠭᠤᠯ ᠰᠤᠷᠠᠭ ᠦᠭᠡᠢ᠂ ᠨᠢᠭᠡᠨ ᠬᠥᠮᠦᠨ ᠡᠳ᠋ ᠢ᠋ᠶ᠋ᠡᠨ ᠠᠯᠳᠠᠭᠠᠳ ᠦᠵᠡᠭᠦᠯᠪᠡᠰᠦ ᠡᠨᠡ ᠲᠥᠯᠭᠡ ᠪᠠᠭᠤᠭᠰᠠᠨ ᠪᠥᠯᠥᠭᠡ᠃
⊕⊕〇〇〇⊕ ᠬᠣᠷᠢᠨ ᠨᠠᠢ᠍ᠮᠠᠳᠤᠭᠠᠷ ᠲᠥᠯᠭᠡ : ᠰᠢᠪᠠᠭᠤ ᠨᠢᠰᠦᠭᠡᠳ ᠰᠠᠭᠤᠬᠤ ᠭᠠᠵᠠᠷ ᠦᠭᠡᠢ ᠲᠡᠢ ᠠᠳᠠᠯᠢ ᠡᠳ᠋ ᠠᠰᠢᠭ ᠶᠡᠬᠡᠯ ᠭᠠᠷᠤᠵᠠᠭᠠᠲᠠᠢ᠂ ᠳᠠᠯᠳᠠᠭᠤᠷ ᠬᠥᠮᠦᠨ ᠬᠣᠣᠷᠯᠠᠬᠤ᠂ ᠬᠡᠯᠡ ᠠᠮᠠᠨ ᠤ᠋ ᠠᠶᠤᠯ ᠲᠠᠢ᠂ ᠡᠪᠡᠳᠴᠢᠨ ᠵᠠᠰᠠᠬᠤ ᠳ᠋ᠤ᠌ ᠪᠡᠷᠬᠡ᠂ ᠵᠠᠷᠭᠤ ᠳᠡᠢᠯᠦᠭᠳᠡᠬᠦ ᠤᠷᠤᠭ ᠢ ᠬᠥᠮᠦᠨ ᠬᠣᠣᠳᠤᠯᠠᠮᠤᠢ᠂ ᠭᠠᠳᠠᠭᠰᠢ ᠭᠠᠷᠤᠪᠠᠰᠤ ᠠᠶᠤᠯᠲᠤ ᠳᠠᠢᠰᠤᠨ ᠥᠰᠢᠶᠡᠲᠦ ᠬᠥᠮᠦᠨ ᠯᠦᠭᠡ ᠤᠴᠠᠷᠠᠬᠤ᠂ ᠡᠨᠡ ᠠᠨᠤ ᠨᠢᠭᠡᠨ ᠰᠢᠦ ᠰᠠᠢ ᠰᠠᠨᠠᠭ᠎ᠠ ᠥᠰᠴᠦ ᠦᠵᠡᠬᠦᠯᠭᠦᠢ ᠳ᠋ᠦ᠍ᠷ ᠪᠠᠭᠤᠭᠰᠠᠨ ᠲᠥᠯᠭᠡ ᠪᠥᠯᠥᠭᠡ᠃
⊕⊕〇〇⊕⊕ ᠬᠣᠷᠢ ᠶᠢᠰᠦᠳᠦᠭᠡᠷ ᠲᠥᠯᠭᠡ : ᠨᠢᠭᠡᠨ ᠬᠥᠮᠦᠨ ᠨᠢᠮᠭᠡᠨ ᠮᠥᠰᠥᠨ ᠳᠡᠭᠡᠭᠦᠷ ᠵᠠᠮ ᠬᠥᠭᠡᠭᠡᠵᠦ ᠶᠠᠪᠤᠭᠰᠠᠨ ᠲᠠᠢ ᠠᠳᠠᠯᠢ᠂ ᠶᠠᠪᠤᠳᠠᠯ ᠪᠣᠯᠪᠠᠰᠤ ᠰᠡᠷᠡᠮᠵᠢᠯᠡᠬᠦ ᠬᠡᠷᠡᠭᠲᠡᠢ᠂ ᠡᠳ᠋ ᠠᠰᠢᠯ ᠡᠷᠢᠪᠡᠰᠦ ᠰᠠᠢᠨ ᠮᠠᠭᠤ ᠢᠯᠭᠠᠭᠤᠷ ᠦᠭᠡᠢ᠂ ᠰᠡᠳᠬᠢᠯ ᠨᠠᠮᠤᠷ ᠦᠭᠡᠢ᠂ ᠳᠠᠯᠳᠠᠭᠤᠷ ᠬᠣᠣᠷ ᠢᠷᠡᠬᠦ᠂ ᠬᠡᠯᠡ ᠠᠮᠠᠨ ᠤ ᠠᠶᠤᠯ ᠲᠠᠢ᠂ ᠤᠷᠤᠭ ᠪᠦᠲᠦᠬᠦ ᠦᠭᠡᠢ᠂ ᠵᠠᠷᠭᠤ ᠳᠡᠢᠯᠦᠭᠳᠡᠬᠦ᠂ ᠡᠪᠡᠳᠴᠢᠨ ᠬᠦᠨᠳᠦ ᠭᠠᠳᠠᠭᠰᠢ ᠭᠠᠷᠤᠭᠰᠠᠨ ᠬᠥᠮᠦᠨ ᠢᠷᠡᠬᠦ ᠦᠭᠡᠢ᠂ ᠬᠡᠷᠲᠦᠷ ᠰᠠᠭᠤᠪᠠᠤ ᠰᠡᠳᠬᠢᠯ ᠰᠠᠨᠠᠭ᠎ᠠ ᠠᠮᠤᠷ ᠪᠣᠯᠤᠮᠤᠢ᠃
⊕⊕〇〇⊕〇 ᠭᠤᠴᠢᠳᠤᠭᠠᠷ ᠲᠥᠯᠭᠡ : ᠡᠳ᠋ ᠠᠰᠢᠭ ᠢ ᠡᠷᠢᠪᠡᠰᠦ ᠳᠠᠷᠤᠢ ᠣᠯᠬᠤ᠂ ᠭᠡᠷᠳᠦᠷ ᠪᠠᠢᠪᠠᠰᠤ ᠰᠡᠳᠬᠢᠯ ᠰᠠᠨᠠᠭ᠎ᠠ ᠠᠮᠤᠷ᠂ ᠭᠠᠳᠠᠭᠠᠰᠢ ᠭᠠᠷᠤᠪᠠᠰᠤ ᠲᠦᠮᠡᠨ ᠡᠬᠢᠲᠦ ᠶᠠᠪᠤᠳᠠᠯ ᠪᠦᠲᠦᠬᠦ ᠪᠤᠶᠠᠨ ᠬᠡᠰᠢᠭ ᠪᠦᠷᠢᠳᠦᠭᠰᠡᠨ ᠲᠥᠯᠭᠡ᠂ ᠨᠡᠷ᠎ᠡ ᠠᠯᠳᠠᠷ ᠳᠡᠭᠡᠭᠰᠢ ᠮᠠᠨᠳᠤᠬᠤ᠂ ᠤᠷᠤᠭ ᠪᠦᠲᠦᠬᠦ ᠵᠠᠷᠭᠤ ᠳᠡᠢᠯᠬᠦ ᠠᠯᠳᠠᠭᠤᠯ ᠣᠯᠬᠤ ᠡᠪᠡᠳᠴᠢᠨ ᠠᠮᠤᠷᠵᠢᠬᠤ᠂ ᠭᠠᠳᠠᠭᠰᠢ ᠭᠠᠷᠤᠭᠰᠠᠨ ᠬᠥᠮᠦᠨ ᠡᠳ᠋ ᠠᠰᠢᠭ ᠲᠠᠢ ᠢᠷᠡᠬᠦ᠂ ᠨᠢᠭᠡᠨ ᠰᠢᠶᠣᠤ ᠵᠢᠶᠧ ᠴᠡᠴᠡᠭ ᠦ᠋ᠨ ᠬᠦᠷᠢᠶᠡᠯᠡᠩ ᠳ᠋ᠦ᠍ᠷ ᠣᠷᠣᠬᠤ ᠶ᠋ᠢ ᠦᠵᠡᠭᠦᠯᠪᠡᠰᠦ ᠪᠠᠭᠤᠭᠰᠠᠨ ᠲᠥᠯᠭᠡ ᠪᠥᠯᠥᠭᠡ᠃
