ᠬᠥᠭᠵᠢᠨ ᠴᠡᠴᠡᠭᠯᠡᠭᠡ ᠬᠠᠷᠠᠵᠠ ᠶ᠋ᠢᠨ ᠠᠢᠯ ᠮᠢᠨᠢ - ᠬᠠᠰᠠᠭᠤᠯᠠХөгжин цэцэглээ харзын айл минь-Хасуул ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠵᠢᠨ ᠴᠡᠴᠡᠭᠯᠡᠭᠡ ᠬᠠᠷᠠᠵᠠ ᠶ᠋ᠢᠨ ᠠᠢᠯ ᠮᠢᠨᠢ - ᠬᠠᠰᠠᠭᠤᠯᠠХөгжин цэцэглээ харзын айл минь-Хасуул

ᠬᠥᠭᠵᠢᠨ ᠴᠡᠴᠡᠭᠯᠡᠭᠡ ᠬᠠᠷᠠᠵᠠ ᠶ᠋ᠢᠨ ᠠᠢᠯ ᠮᠢᠨᠢ - ᠬᠠᠰᠠᠭᠤᠯᠠХөгжин цэцэглээ харзын айл минь-Хасуул

ᠠᠩᠭᠢᠯᠠᠯ:ᠳᠠᠭᠤᠤ ᠬᠥᠭᠵᠢᠮ
2024-05-18

385

ᠬᠥᠭᠵᠢᠨ ᠴᠡᠴᠡᠭᠯᠡᠭᠡ ᠬᠠᠷᠠᠵᠠ ᠶ᠋ᠢᠨ ᠠᠢᠯ ᠮᠢᠨᠢ

              ᠬᠠᠰᠠᠭᠤᠯᠠ 
ᠬᠠᠷ᠎ᠠ ᠶ᠋ᠢᠨ ᠠᠭᠤᠯᠠ ᠪᠠᠨ ᠲᠦᠰᠢᠭᠰᠡᠨ ᠨᠥᠮᠥᠷᠢ ᠳᠤᠯᠠᠭᠠᠨ ᠪᠠᠭᠤᠴᠠ ᠲᠠᠢ 
ᠬᠠᠷᠠᠵᠠ ᠶ᠋ᠢᠨ ᠣᠪᠣᠭ᠎ᠠ ᠪᠠᠨ ᠪᠠᠷᠠᠯᠠᠭᠰᠠᠨ ᠬᠠᠨᠠᠭᠠᠷ ᠠᠭᠤᠳᠠᠮ ᠬᠥᠨᠳᠡᠢ ᠲᠡᠢ 
ᠠᠯᠢᠶ᠎ᠠ ᠶ᠋ᠢᠨ ᠭᠣᠣᠯ ᠢ᠋ᠶ᠋ᠠᠨ ᠴᠢᠮᠡᠭᠰᠡᠨ ᠲᠣᠷᠭᠠᠨ ᠵᠥᠭᠡᠯᠡᠨ ᠪᠡᠯᠴᠢᠭᠡᠷ ᠲᠡᠢ 
ᠠᠯᠲᠠᠨ ᠤᠨᠠᠭ᠎ᠠ ᠪᠠᠨ ᠤᠮᠳᠠᠯᠠᠭᠰᠠᠨ ᠠᠷᠢᠭᠤᠨ ᠲᠤᠩᠭᠠᠯᠠᠭ ᠪᠤᠯᠠᠭ ᠲᠠᠢ 
ᠬᠠᠷᠠᠴᠠᠨ ᠤ᠋ ᠴᠢᠮᠡᠭ ᠬᠠᠢᠷ᠎ᠠ ᠶ᠋ᠢᠨ ᠤᠶᠠᠭ᠎ᠠ 
ᠬᠣᠷᠸ᠎ᠠ ᠳ᠋ᠤ᠌ ᠭᠠᠭᠴᠠᠬᠠᠨ ᠬᠠᠷᠠᠵᠠ ᠶ᠋ᠢᠨ ᠠᠢᠯ ᠮᠢᠨᠢ 

ᠰᠦᠨ ᠰᠠᠴᠤᠯᠢ ᠪᠠᠨ ᠡᠷᠭᠦᠭᠰᠡᠨ ᠡᠵᠢ ᠶ᠋ᠢᠨ ᠴᠠᠭᠠᠨ ᠢᠷᠦᠭᠡᠯ ᠲᠡᠢ 
ᠰᠦᠷᠦᠭ ᠮᠠᠯ ᠢ᠋ᠶ᠋ᠠᠨ ᠬᠤᠷᠤᠢᠯᠠᠭᠰᠠᠨ ᠠᠪᠤ ᠶ᠋ᠢᠨ ᠠᠷᠢᠭᠤᠨ ᠳᠠᠢᠯᠠᠯᠭ᠎ᠠ ᠲᠠᠢ 
ᠰᠠᠮᠪᠠᠢ ᠬᠠᠳᠠᠭ ᠢ᠋ᠶ᠋ᠠᠨ ᠠᠯᠲᠠᠯᠠᠭᠰᠠᠨ ᠰᠠᠢᠬᠠᠨ ᠮᠣᠩᠭᠣᠯ ᠤ᠋ᠨ ᠵᠠᠩᠰᠢᠯ ᠲᠠᠢ 
ᠴᠠᠢᠯᠭᠠᠨ ᠰᠡᠳᠬᠢᠯ ᠢ᠋ᠶ᠋ᠡᠨ ᠳᠡᠭᠡᠳᠦᠯᠡᠭᠰᠡᠨ ᠪᠤᠶᠠᠨ ᠵᠠᠶᠠᠭᠠᠨ ᠤ᠋ ᠬᠡᠰᠢᠭ ᠲᠡᠢ
ᠵᠢᠷᠦᠬᠡᠨ ᠦ᠌ ᠡᠷᠢᠯ ᠵᠡᠭᠦᠳᠦᠨ ᠦ᠌ ᠴᠢᠮᠡᠭ
ᠵᠦᠩ ᠲᠡᠢ ᠰᠠᠢᠬᠠᠨ ᠬᠠᠷᠠᠵᠠ ᠶ᠋ᠢᠨ ᠠᠢᠯ ᠮᠢᠨᠢ

ᠡᠷᠴᠢ ᠵᠣᠷᠢᠭ ᠢ᠋ᠶ᠋ᠠᠨ ᠬᠥᠪᠴᠢᠯᠡᠭᠰᠡᠨ ᠡᠷᠡᠯᠬᠡᠭ ᠪᠠᠭᠠᠲᠤᠷ ᠠᠷᠠᠳ ᠲᠠᠢ
ᠢᠲᠡᠭᠡᠯ ᠬᠦᠰᠡᠯ ᠢ᠋ᠶ᠋ᠡᠨ ᠡᠷᠴᠢᠯᠡᠭᠰᠡᠨ ᠠᠷᠢᠭᠤᠨ ᠨᠠᠨᠳᠢᠨ ᠦᠢᠯᠡᠰ ᠲᠡᠢ
ᠤᠷᠭᠤᠬᠤ ᠨᠠᠷᠠ ᠪᠠᠨ ᠤᠭᠲᠤᠭᠰᠠᠨ ᠥᠷᠨᠢᠯ ᠬᠥᠭᠵᠢᠯ ᠦ᠋ᠨ ᠪᠡᠯᠭᠡᠳᠡᠯ ᠲᠡᠢ
ᠠᠭᠤᠤ ᠨᠠᠮ ᠢ᠋ᠶ᠋ᠠᠨ ᠳᠠᠭᠤᠯᠠᠭᠰᠠᠨ ᠤᠷᠲᠤ ᠶ᠋ᠢᠨ ᠳᠠᠭᠤᠤ ᠶ᠋ᠢᠨ ᠰᠢᠷᠤᠩᠬᠠᠢ ᠲᠠᠢ
ᠬᠦᠰᠡᠯ ᠦ᠋ᠨ ᠳᠥᠷᠥᠭᠡ ᠬᠥᠮᠦᠵᠢᠯ ᠦ᠋ᠨ ᠥᠯᠥᠭᠡᠢ
ᠬᠥᠭᠵᠢᠨ ᠴᠡᠴᠡᠭᠯᠡᠭᠡ ᠬᠠᠷᠠᠵᠠ ᠶ᠋ᠢᠨ ᠠᠢᠯ ᠮᠢᠨᠢ

   ᠦᠰᠦᠭ ᠠᠮᠢᠯᠠᠭᠤᠯᠤᠭᠴᠢ᠄ ᠣᠳᠬᠠᠨᠰᠣ᠎ᠠ
   ᠦᠰᠦᠭ ᠬᠠᠲᠠᠭᠴᠢ᠄ ᠴᠢᠯᠢᠨ
   ᠬᠢᠨᠠᠭᠴᠢ᠄ ᠣᠳᠬᠠᠨᠰᠣ᠎ᠠ