ᠵᠡᠷᠯᠢᠭ ᠬᠣᠰᠢᠭᠤ ᠪᠤᠳᠠᠭ᠎ᠠ ( ᠵᠡᠷᠯᠢᠭ ᠶᠠᠨᠮᠠᠢ)Зэрлиг хошуу будаа ( зэрлиг янмай) ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠷᠯᠢᠭ ᠬᠣᠰᠢᠭᠤ ᠪᠤᠳᠠᠭ᠎ᠠ ( ᠵᠡᠷᠯᠢᠭ ᠶᠠᠨᠮᠠᠢ)Зэрлиг хошуу будаа ( зэрлиг янмай)

ᠵᠡᠷᠯᠢᠭ ᠬᠣᠰᠢᠭᠤ ᠪᠤᠳᠠᠭ᠎ᠠ ( ᠵᠡᠷᠯᠢᠭ ᠶᠠᠨᠮᠠᠢ)Зэрлиг хошуу будаа ( зэрлиг янмай)

2024-05-18

289

ᠵᠡᠷᠯᠢᠭ ᠬᠣᠰᠢᠭᠤ ᠪᠤᠳᠠᠭ᠎ᠠ ( ᠵᠡᠷᠯᠢᠭ ᠶᠠᠨᠮᠠᠢ)

                       ᠦᠶᠡᠲᠦ ᠤᠷᠭᠤᠮᠠᠯ ᠤ᠋ᠨ ᠢᠵᠠᠭᠤᠷ 
         ᠨᠢᠭᠡ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ 60—120cm ᠥᠨᠳᠥᠷ  ᠰᠢᠯᠤᠭᠤᠨ ᠤᠷᠭᠤᠨ᠎ᠠ᠂ ᠭᠢᠯᠦᠭᠡᠷ᠂ 2—4 ᠦᠶ᠎ᠡ ᠲᠡᠢ᠃ ᠨᠠᠪᠴᠢᠨ ᠤ᠋ ᠲᠣᠭᠳᠣᠢ ᠨᠢ ᠰᠤᠯᠠᠬᠠᠨ ;  ᠨᠠᠪᠴᠢᠨ ᠤ᠋ ᠬᠡᠯᠡ ᠨᠢ ᠲᠤᠩᠭᠠᠯᠠᠭ᠂ ᠲᠣᠷᠭᠠᠨ ᠬᠠᠯᠢᠰᠤᠯᠢᠭ᠂ 1—5mm ᠤᠷᠲᠤ ; ᠨᠠᠪᠴᠢ ᠨᠢ ᠲᠡᠭᠰᠢᠬᠡᠨ ᠬᠠᠪᠲᠠᠭᠠᠢ᠂ 10—30cm ᠤᠷᠲᠤ᠂ 4—12mm ᠥᠷᠭᠡᠨ᠂ ᠪᠠᠬᠠᠨ ᠠᠷᠵᠠᠭᠠᠷ ᠪᠤᠶᠤ ᠳᠡᠭᠡᠳᠦ ᠲᠠᠯ᠎ᠠ ᠪᠣᠯᠤᠨ ᠬᠥᠪᠡᠭᠡ ᠳ᠋ᠦ᠍ᠨᠢ ᠲᠠᠷᠠᠮᠠᠭ ᠦᠰᠦ ᠲᠡᠢ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠤᠪᠤᠷᠭᠠᠨ ᠬᠡᠯᠪᠡᠷᠢ ᠲᠡᠢ᠂ 10—25cm ᠤᠷᠲᠤ᠂ ᠰᠠᠯᠠᠭ᠎ᠠ ᠨᠤᠭᠤᠳ ᠨᠢ ᠢᠷᠮᠡᠭ ᠲᠡᠢ ᠪᠥᠭᠡᠳ ᠰᠢᠷᠦᠭᠦᠨ᠃ ᠵᠢᠵᠢᠭ ᠲᠦᠷᠦᠭᠦᠦ ᠨᠢ18—25mm ᠤᠷᠲᠤ᠂ ᠤᠨᠵᠢᠢᠵᠤ ᠤᠷᠭᠤᠬᠤ ᠪᠥᠭᠡᠳ 2—3 ᠴᠡᠴᠡᠭ ᠲᠡᠢ ;  ᠵᠢᠵᠢᠭ ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠶ᠋ᠢᠨ ᠵᠠᠢ ᠨᠢ3mm ᠬᠢᠷᠢ ᠤᠷᠲᠤ᠂ ᠨᠢᠭ ᠰᠢᠷᠦᠭᠦᠨ ᠦᠰᠦ ᠲᠡᠢ ᠪᠥᠭᠡᠳ ᠦᠶ᠎ᠡ ᠪᠡᠷ ᠢ᠋ᠶ᠋ᠡᠨ ᠲᠤᠩ ᠭᠢᠯᠦᠭᠡᠷ ᠬᠤᠭᠤᠷᠠᠵᠤ ᠤᠨᠠᠨ᠎ᠠ ;  ᠬᠣᠶᠠᠷ ᠬᠠᠯᠢᠰᠤ ᠨᠢ ᠡᠪᠡᠰᠦᠯᠢᠭ᠂ ᠪᠠᠷᠤᠭ ᠢᠵᠢᠯ ᠤᠷᠲᠤ᠂ ᠶᠡᠷᠦ ᠳ᠋ᠦ᠍ ᠪᠡᠨ ᠶᠢᠰᠦᠨ ᠰᠤᠳᠠᠯ ᠲᠠᠢ ;  ᠭᠠᠳᠠᠷ ᠬᠡᠪᠡᠭ ᠨᠢ ᠮᠠᠰᠢ ᠬᠠᠲᠠᠭᠤ᠂ 15—20mm ᠤᠷᠲᠤ᠂ ᠠᠷᠤ ᠶ᠋ᠢᠨ ᠬᠢᠨᠢ ᠳᠣᠣᠷᠠᠲᠤ ᠬᠠᠭᠠᠰ ᠬᠡᠰᠡᠭ ᠲᠦ ᠤᠯᠠᠪᠤᠷ ᠪᠤᠶᠤ ᠴᠠᠭᠠᠨ ᠰᠢᠷᠦᠭᠦᠨ ᠦᠰᠦ ᠲᠡᠢ᠂ ᠰᠠᠭᠤᠷᠢ ᠲᠠᠪᠠᠭ ᠲᠤᠨᠢ ᠪᠠᠰᠠ ᠨᠢᠭ ᠤᠯᠠᠪᠤᠷ ᠪᠤᠶᠤ ᠴᠠᠭᠠᠨ ᠣᠬᠣᠷ ᠰᠢᠷᠦᠭᠦᠨ ᠦᠰᠦ ᠲᠡᠢ ;  ᠰᠤᠷ ᠨᠢ ᠬᠡᠪᠡᠭ ᠦ᠋ᠨ ᠠᠷᠤ ᠲᠠᠯ᠎ᠠ ᠶ᠋ᠢᠨ ᠳᠤᠮᠳᠠ ᠠ᠋ᠴᠠ ᠪᠠᠬᠠᠨ ᠳᠣᠣᠷᠠᠲᠤ ᠬᠡᠰᠡᠭ ᠡᠴᠡ ᠤᠷᠭᠤᠨ᠎ᠠ᠂ 2—4cm ᠤᠷᠲᠤ᠂ ᠡᠪᠦᠳᠦᠭ ᠮᠡᠲᠦ ᠮᠤᠷᠤᠢ᠂ ᠳᠣᠣᠷᠠᠲᠤ ᠬᠡᠰᠡᠭ ᠨᠢ ᠤᠯᠠᠪᠤᠷ ᠮᠥᠷᠲᠡᠭᠡᠨ ᠮᠤᠰᠬᠢᠷᠠᠨ᠎ᠠ᠃ ᠠᠮᠤ ᠵᠢᠮᠢᠰ ᠨᠢ ᠤᠯᠠᠪᠲᠤᠷ ᠦᠰᠦ ᠲᠡᠢ᠂ 6—8mm ᠤᠷᠲᠤ ᠪᠠ ᠥᠪᠥᠷ ᠲᠠᠯ᠎ᠠ ᠳ᠋ᠤᠨᠢ ᠭᠤᠯᠳᠤ ᠬᠣᠪᠢᠯ ᠲᠠᠢ᠃ ᠠᠲᠠᠷ ᠬᠡᠭᠡᠷ᠎ᠡ᠂ ᠲᠠᠷᠢᠶᠠᠨ ᠤ᠋ ᠳᠤᠮᠳᠠ᠂ ᠠᠭᠤᠯᠠ ᠶ᠋ᠢᠨ ᠬᠠᠵᠠᠭᠤ ᠶ᠋ᠢᠨ ᠲᠠᠷᠢᠶᠠᠨ ᠤ᠋ ᠵᠠᠭᠠᠭ ᠳᠤ ᠪᠦᠷ ᠤᠷᠭᠤᠨ᠎ᠠ᠃
          ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
          ᠠᠮᠤ ᠵᠢᠮᠢᠰ ᠢ᠋ ᠨᠢ ᠠᠮᠤ ᠪᠤᠳᠠᠭᠠᠨ ᠤ᠋ ᠣᠷᠣᠨ ᠳ᠋ᠤ᠌ ᠬᠡᠷᠡᠭᠯᠡᠬᠦ ᠪᠤᠶᠤ ᠮᠠᠯ ᠲᠡᠵᠢᠭᠡᠪᠦᠷᠢ ᠶ᠋ᠢᠨ ᠪᠣᠷᠳᠣᠭ᠎ᠠ ᠪᠣᠯᠭᠠᠵᠤ ᠪᠣᠯᠤᠨ᠎ᠠ᠃ ᠭᠡᠪᠡᠴᠦ ᠪᠤᠭᠤᠳᠠᠢ ᠶ᠋ᠢᠨ ᠲᠠᠷᠢᠶᠠᠨ ᠤ᠋ ᠬᠣᠣᠷᠲᠤ ᠬᠣᠭ ᠡᠪᠡᠰᠦ ᠮᠥᠨ᠃
           ᠬᠢᠲᠠᠳ ᠨᠡᠷ᠎ᠡ᠄野燕麦
           ᠠᠩᠭ᠌ᠯᠢ ᠨᠡᠷ᠎ᠡ᠄ Avena fatua L.

                    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                    ᠬᠢᠨᠠᠭᠴᠢ᠄ ᠲᠤᠶᠠᠭ᠎ᠠ